ᠬᠦᠬᠡᠬᠤᠳᠠ ᠵᠢᠨ ᠡᠮᠡᠭᠳᠡᠢᠴᠦᠳ᠎ᠤᠨ ᠬᠤᠯᠪᠤᠭ᠎ᠠ ᠡᠴᠡ ᠤᠢᠯᠠᠭᠠᠭᠰᠠᠨ ᠵᠢᠡᠷ ᠂ ᠲᠦᠷᠦᠬᠦᠭᠡᠨ ᠪᠡᠭᠡᠵᠢᠩ ᠳ᠋ᠦ ᠶᠠᠪᠤᠬᠳᠠᠬᠰᠠᠨ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠤᠬᠠᠭᠤᠯᠭ᠎ᠠ᠎ᠶ᠋ᠢᠨ ᠰᠠᠷ᠎ᠠ ᠵᠢᠨ ᠠᠵᠢᠯᠯᠠᠭ᠎ᠠ ᠲᠡᠭᠡᠷ᠎ᠡ ᠬᠥᠬᠡᠬᠣᠲᠠ᠎ᠶ᠋ᠢᠨ ᠡᠮᠡᠭ᠌ᠲᠡᠢᠴᠦᠳ᠎ᠦᠨ ᠬᠣᠯᠪᠣᠭ᠎ᠠ ᠡᠴᠡ 《 ᠴᠡᠯᠡᠭᠡᠷ ᠲᠠᠯ᠎ᠠ᠎ᠶ᠋ᠢᠨ ᠤᠷᠠᠨ ᠪᠦᠰᠡᠭᠦᠢ 》 ᠡᠮᠡᠭ᠌ᠲᠡᠢᠴᠦᠳ᠎ᠦᠨ ᠭᠠᠷ ᠤᠷᠠᠯᠠᠯ᠎ᠤᠨ ᠲᠦᠷᠦᠯ ᠲᠡᠮᠳᠡᠭ ᠵᠢᠴᠢ ᠬᠠᠮᠢᠶ᠎ᠠ ᠪᠥᠬᠥᠶ ᠠᠵᠤ ᠠᠬᠤᠢᠯᠠᠯ᠎ᠢ ᠵᠤᠬᠢᠶᠠᠨ ᠪᠠᠢᠭᠤᠯᠤᠨ ᠪᠡᠭᠡᠵᠢᠩ᠎ᠳᠦ ᠬᠦᠷᠴᠦ᠍ ᠤᠨᠴᠠᠯᠢᠬ᠍ᠳᠤ ᠦᠶ᠋ᠯᠡᠳᠬᠦᠨ᠎ᠤ ᠳᠡᠯᠭᠡᠨ ᠪᠣᠷᠣᠯᠠᠭᠤᠯᠭ᠎ᠠ ᠵᠢᠨ ᠠᠵᠢᠯᠯᠠᠭ᠎ᠠ᠎ᠳᠤ ᠣᠷᠣᠯᠴᠠᠵᠤ ᠂ ᠬᠥᠬᠡᠨᠠᠭᠤᠷ ᠵᠡᠷᠭᠡ ᠭᠠᠵᠠᠷ ᠠᠴᠠ ᠢᠷᠡᠭ᠌ᠰᠡᠨ ᠤᠨᠴᠠᠯᠢᠬ᠍ᠳᠤ ᠦᠶ᠋ᠯᠡᠳᠬᠦᠨᠯᠤᠭᠡ ᠤᠷᠤᠯᠳᠤᠭᠠᠨ᠎ᠳᠤ ᠦᠷᠢᠰᠦᠯᠳᠦᠵᠦ᠂ ᠬᠢᠯᠢ ᠬᠢᠵᠠᠭᠠᠷ ᠤᠷᠤᠨ ᠤ ᠣᠨᠴᠠ ᠭᠠᠷᠤᠯᠲᠠ᠎ᠶ᠋ᠢ ᠪᠥᠬᠥ᠌ ᠤᠯᠤᠰ᠎ᠤᠨ ᠨᠢᠭᠡᠳᠦᠯᠲᠡᠶ ᠲᠣᠮᠣ ᠵᠠᠬ᠎ᠠ ᠳᠡᠯᠭᠡᠭᠦᠷ ᠲᠦ ᠠᠭᠤᠰᠤᠯᠴᠠᠭᠤᠯᠬᠤ᠎ᠶ᠋ᠢ ᠠᠬᠢᠭᠤᠯᠵᠤ᠂ ᠭᠠᠷ ᠤᠨ ᠦᠵᠦᠭᠦᠷ ᠤᠨ ᠤᠷ᠎ᠠ ᠮᠡᠷᠭᠡᠵᠢᠯ᠎ᠢᠶᠡᠷ ᠦᠨᠳᠦᠰᠦᠲᠡᠨ᠎ᠦ ᠪᠦᠯᠬᠦᠮᠳᠡᠯ᠎ᠦᠨ ᠥᠯᠢᠭᠡᠷ᠎ᠢ ᠰᠠᠢᠳᠤᠷ ᠶᠠᠷᠢᠪᠠ᠃
ᠲᠤᠰ ᠤᠳᠠᠭᠠᠨ᠎ᠤ ᠳᠡᠯᠭᠡᠨ ᠪᠣᠷᠣᠯᠠᠭᠤᠯᠬᠤ ᠬᠤᠷᠠᠯ ᠳᠡᠭᠡᠷ᠎ᠡ 《ᠴᠡᠯᠡᠭᠡᠷ ᠲᠠᠯ᠎ᠠ᠎ᠶ᠋ᠢᠨ ᠤᠷᠠᠨ ᠪᠦᠰᠡᠭᠦᠢ》 ᠦᠵᠡᠭᠦᠯᠭᠡ᠎ᠶ᠋ᠢᠨ ᠲᠣᠭᠣᠷᠢᠭ ᠨᠢ ᠲᠤᠬᠠᠢ᠎ᠶ᠋ᠢᠨ ᠲᠠᠯᠠᠪᠠᠢ᠎ᠶ᠋ᠢᠨ ᠨᠢᠭᠡ ᠶᠡᠬᠡ ᠬᠢᠯᠠᠰ ᠴᠡᠭ ᠪᠣᠯᠵᠠᠢ᠃ ᠬᠦᠬᠡᠬᠣᠲᠠ᠎ᠶ᠋ᠢᠨ ᠡᠮᠡᠭ᠌ᠲᠡᠢᠴᠦᠳ᠎ᠦᠨ ᠬᠣᠯᠪᠣᠭ᠎ᠠ ᠦᠵᠡᠰᠭᠦᠯᠡᠩᠳᠦ ᠣᠷᠣᠯᠴᠠᠬᠤ ᠪᠦᠯᠬᠦᠮ ᠨᠡᠢᠲᠡ᠎ᠶ᠋ᠢ ᠵᠣᠬᠢᠶᠠᠨ ᠪᠠᠢᠭᠤᠯᠤᠨ ᠳᠡᠯᠭᠡᠨ ᠦᠵᠡᠭᠦᠯᠬᠦ᠌ ᠪᠠᠢᠷᠢ᠎ᠶ᠋ᠢ ᠨᠠᠷᠢᠨ ᠪᠠᠢᠷᠢᠯᠠᠭᠤᠯᠵᠤ᠂ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ᠎ᠤᠨ ᠡᠯᠧᠮᠧᠨ᠋ᠲ ᠪᠣᠯᠤᠨ ᠣᠲᠣ ᠦᠶ᠎ᠡ᠎ᠶ᠋ᠢᠨ ᠭᠤᠤ᠎ᠠ ᠲᠠᠭᠠᠱᠢᠶᠠᠯ᠎ᠢ ᠠᠭᠤᠰᠤᠯᠴᠠᠭᠤᠯᠤᠭ᠍ᠰᠠᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠬᠠᠳᠭᠤᠮᠠᠯ᠂ ᠢᠰᠡᠭᠡᠶ᠎ᠶ᠋ᠢᠨ ᠭᠠᠷ ᠤᠷᠠᠯᠠᠯ᠂ ᠠᠷᠠᠰᠤᠨ ᠵᠢᠷᠤᠭ᠎ᠤᠨ ᠭᠠᠷ ᠤᠷᠠᠯᠠᠯ ᠵᠡᠷᠭᠡ 100 ᠭᠠᠷᠤᠶ ᠵᠦᠶ᠋ᠯ᠎ᠦᠨ ᠣᠨᠴᠠᠯᠢᠭ᠍ᠲᠤ ᠪᠦᠲᠦᠭᠡᠭ᠌ᠳᠡᠬᠦᠨ᠎ᠢ ᠲᠥᠪᠯᠡᠷᠡᠭᠦᠯᠦᠨ ᠳᠡᠯᠭᠡᠨ ᠦᠵᠡᠭᠦᠯᠵᠦ᠂ ᠡᠯ᠎ᠡ ᠦᠨᠳᠦᠰᠦᠲᠡᠨ᠎ᠦ ᠰᠣᠶᠣᠯ᠎ᠤᠨ ᠬᠠᠷᠢᠯᠴᠠᠨ ᠲᠣᠯᠢᠯᠠᠵᠤ ᠬᠠᠷᠢᠯᠴᠠᠨ ᠠᠭᠤᠰᠤᠯᠴᠠᠬᠤ ᠢᠯᠡ ᠲᠣᠳᠣ ᠣᠨᠴᠠᠯᠢᠭ᠎ᠢ ᠢᠯᠡᠷᠡᠭᠦᠯᠪᠡ᠃
ᠠᠵᠢᠯᠯᠠᠭ᠎ᠠ᠎ᠶ᠋ᠢᠨ ᠲᠤᠬᠠᠶ᠎ᠶ᠋ᠢᠨ ᠲᠠᠯᠠᠪᠠᠶ᠎ᠳᠤ᠂ 《ᠴᠡᠯᠡᠭᠡᠷ ᠲᠠᠯ᠎ᠠ᠎ᠶ᠋ᠢᠨ ᠤᠷᠠᠨ ᠪᠦᠰᠡᠭᠦᠶ 》 ᠨᠠᠷ ᠪᠣᠳᠠᠲᠤ ᠪᠣᠳᠠᠰ᠎ᠤᠨ ᠦᠵᠡᠭᠦᠯᠭᠡ᠂ ᠲᠤᠬᠠᠶ᠎ᠶ᠋ᠢᠨ ᠲᠠᠯᠠᠪᠠᠶ᠎ᠶ᠋ᠢᠨ ᠪᠡᠶᠡᠴᠢᠯᠡᠨ ᠣᠢᠯᠠᠭᠠᠯᠲᠠ᠂ ᠲᠠᠢᠯᠤᠮᠵᠢ ᠬᠢᠬᠦ᠌ ᠵᠡᠷᠭᠡ ᠣᠯᠠᠨ ᠵᠦᠶ᠋ᠯ ᠦᠨ ᠬᠡᠯᠪᠡᠷᠢ᠎ᠪᠡᠷ ᠳᠠᠮᠵᠢᠭᠤᠯᠤᠨ᠂ ᠨᠡᠢᠰᠯᠡᠯ ᠦᠨ ᠣᠯᠠᠨ ᠲᠦᠮᠡᠨ᠎ᠳᠦ ᠬᠥᠬᠡᠬᠣᠲᠠ᠎ᠶ᠋ᠢᠨ ᠡᠮᠡᠭ᠌ᠲᠡᠢᠴᠦᠳ᠎ᠦᠨ ᠤᠷᠠᠨ ᠰᠠᠨᠠᠭ᠎ᠠ ᠥᠪᠡᠷᠮᠢᠴᠡ ᠠᠪᠢᠶᠠᠰ ᠪᠢᠯᠢᠭ᠎ᠢ ᠮᠡᠳᠡᠷᠡᠭᠦᠯᠪᠡ᠃ ᠦᠢᠯᠡ ᠤᠶᠤᠳᠠᠯ᠎ᠳᠦ ᠪᠤᠯᠪᠠᠰᠤᠷᠠᠩᠭᠤᠢ ᠪᠠᠢᠬᠤ ᠨᠢ ᠡᠮᠡᠭᠳᠡᠢᠴᠦᠳ᠎ᠤᠨ ᠬᠡᠲᠦᠢᠳᠦᠭ᠌ᠰᠡᠨ ᠭᠠᠷ ᠤᠷᠠᠯᠠᠯ᠎ᠤᠨ ᠮᠡᠷᠭᠡᠵᠢᠯ᠎ᠢ ᠢᠯᠡᠷᠡᠭᠦᠯᠦᠭ᠌ᠰᠡᠨ᠎ᠢᠶᠡᠷ ᠪᠠᠷᠠᠬᠤ ᠥᠬᠡᠶ᠂ ᠨᠠᠩ ᠴᠤ᠌ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠬᠠᠢᠷ᠎ᠠ ᠰᠡᠳᠭᠢᠯᠭᠡ᠎ᠶ᠋ᠢ ᠣᠢᠷᠠᠲᠤᠭᠤᠯᠪᠠ᠃ ᠮᠠᠰᠢ ᠤᠯᠠᠨ ᠲᠣᠭᠣᠷᠢᠨ ᠦᠵᠡᠭ᠌ᠴᠢᠳ ᠪᠡᠶᠡᠴᠢᠯᠡᠨ ᠣᠢᠯᠠᠭᠠᠵᠤ᠂ ᠤᠷᠠᠨ ᠪᠦᠰᠡᠭᠦᠢᠴᠦᠳ᠎ᠦᠨ ᠵᠢᠯᠤᠭᠤᠳᠤᠯᠭ᠎ᠠ ᠳᠣᠣᠷ᠎ᠠ ᠤᠯᠠᠮᠵᠢᠯᠠᠯᠲᠤ ᠬᠠᠳᠭᠤᠬᠤ ᠠᠷᠭ᠎ᠠ᠎ᠶ᠋ᠢ ᠪᠡᠶᠡᠴᠢᠯᠡᠨ ᠲᠤᠷᠱᠢᠵᠤ᠂ ᠬᠠᠷᠢᠯᠴᠠᠨ ᠬᠥᠳᠡᠯᠦᠯᠴᠡᠬᠦ᠌ ᠳᠤᠮᠳᠠ ᠦᠨᠳᠦᠰᠦᠲᠡᠨ ᠨᠦᠭᠦᠳ᠎ᠦᠨ ᠱᠢᠯᠢᠳᠡᠭ ᠤᠯᠠᠮᠵᠢᠯᠠᠯᠲᠤ ᠰᠣᠶᠣᠯ ᠤᠨ ᠥᠪᠡᠷᠮᠢᠴᠡ ᠷᠢᠳᠢ ᠱᠢᠳᠢ᠎ᠶ᠋ᠢ ᠭᠦᠨᠵᠡᠭᠡᠢ ᠮᠡᠳᠡᠷᠡᠪᠡ᠃ 《ᠡᠨᠡ ᠤᠳᠠᠭ᠎ᠠ ᠦᠵᠡᠰᠭᠦᠯᠡᠩᠳᠦ ᠣᠷᠣᠯᠴᠠᠭ᠍ᠰᠠᠨ ᠨᠢ ᠨᠢᠭᠡ ᠤᠳᠠᠭ᠎ᠠ ᠶ᠋ᠢᠨ ᠦᠢᠯᠡᠳᠬᠦᠨ᠎ᠦ ᠳᠡᠯᠭᠡᠨ ᠪᠣᠷᠣᠯᠠᠭᠤᠯᠭ᠎ᠠ ᠪᠣᠯᠬᠤ᠎ᠪᠠᠷ ᠪᠠᠷᠠᠬᠤ ᠦᠭᠡᠢ᠂ ᠨᠡᠩ ᠴᠤ᠌ ᠨᠢᠭᠡ ᠤᠳᠠᠭ᠎ᠠ᠎ᠶ᠋ᠢᠨ ᠰᠣᠶᠣᠯ᠎ᠤᠨ ᠰᠣᠯᠢᠯᠴᠠᠭ᠎ᠠ ᠪᠤᠯᠵᠠᠢ 》᠃ ᠥᠪᠥᠷ ᠮᠣᠩᠭᠣᠯ᠎ᠤᠨ ᠶᠠᠩ ᠹᠠᠨ ᠠᠵᠢᠯ ᠮᠡᠷᠭᠡᠵᠢᠯ᠎ᠦᠨ ᠪᠣᠯᠪᠠᠰᠤᠷᠠᠯ᠎ᠤᠨ ᠰᠤᠷᠭᠠᠭᠤᠯᠢ᠎ᠶ᠋ᠢᠨ ᠵᠠᠬᠢᠷᠤᠯ ᠶᠦᠨ ᠯᠢ ᠄ 《ᠭᠠᠷ᠎ᠲᠠᠬᠢ ᠣᠶᠣᠳᠠᠯ ᠤᠲᠠᠰᠤᠨ᠎ᠤ ᠠᠵᠢᠯ ᠨᠢ ᠪᠠᠶᠠᠵᠢᠯ᠎ᠤᠨ ᠵᠠᠮ ᠪᠣᠯᠬᠤ᠎ᠪᠠᠷ ᠪᠠᠷᠠᠬᠤ ᠥᠬᠡᠶ᠂ ᠨᠠᠩ ᠴᠤ᠌ ᠦᠨᠳᠦᠰᠦᠲᠡᠨ᠎ᠨᠦᠭᠦᠳ᠎ᠦᠨ ᠡᠭᠡᠴᠢ ᠳᠡᠭᠦᠦ᠍᠎ᠨᠡᠷ᠎ᠦᠨ ᠣᠶᠤᠨ ᠰᠠᠨᠠᠭ᠎ᠠ᠎ᠶ᠋ᠢ ᠬᠣᠯᠪᠣᠬᠤ ᠬᠣᠯᠪᠣᠭᠠᠰᠤ ᠪᠣᠯᠬᠤ᠎ᠶ᠋ᠢ ᠪᠢᠳᠡ ᠨᠡᠩ ᠭᠦᠨᠵᠡᠭᠡᠶ ᠲᠠᠨᠢᠵᠤ ᠤᠯᠪᠠ》 ᠬᠡᠵᠦ ᠰᠡᠳᠬᠢᠯ ᠲᠤᠬᠳᠤᠯᠤᠨ ᠬᠡᠯᠡᠪᠡ᠃
ᠲᠤᠰ ᠤᠳᠠᠭ᠎ᠠ᠎ᠶ᠋ᠢᠨ ᠦᠵᠡᠭᠦᠯᠭᠡ᠎ᠳᠦ᠂ 《ᠴᠡᠯᠡᠭᠡᠷ ᠲᠠᠯ᠎ᠠ ᠵᠢᠨ ᠤᠷᠠᠨ ᠪᠦᠰᠡᠭᠦᠢ》 ᠲᠦᠷᠦᠯ ᠲᠡᠮᠳᠡᠭ ᠨᠢ ᠦᠢᠯᠡᠳᠬᠦᠨ᠎ᠢ ᠳᠡᠯᠭᠡᠷᠡᠭᠦᠯᠬᠦ᠌ ᠠᠷᠭ᠎ᠠ ᠵᠠᠮ ᠢ ᠠᠮᠵᠢᠯᠲᠠ᠎ᠲᠠᠶ ᠥᠷᠭᠡᠳᠭᠡᠵᠦ᠍᠂ ᠣᠷᠣᠨ ᠪᠦᠰᠡ ᠠᠯᠤᠰᠯᠠᠭ᠍ᠰᠠᠨ ᠬᠠᠮᠲᠤᠷᠠᠯᠴᠠᠭᠠᠨ᠎ᠤ ᠬᠥᠭᠥᠷᠭᠡ᠎ᠶ᠋ᠢ ᠪᠠᠢᠭᠤᠯᠵᠤ᠂ ᠲᠦᠷᠦᠯ ᠲᠡᠮᠳᠡᠭ ᠨᠢ ᠪᠡᠭᠡᠵᠢᠩ ᠲᠢᠶᠠᠨᠵᠢᠨ ᠾᠸᠪᠸᠢ ᠣᠷᠣᠨ᠎ᠤ ᠨᠡᠷ᠎ᠡ ᠠᠯᠳᠠᠷ ᠪᠠ ᠨᠥᠯᠥᠭᠡᠯᠡᠬᠦ᠌ ᠬᠦᠴᠦᠨ᠎ᠢ ᠪᠦᠲᠦᠮᠵᠢᠲᠡᠢ ᠳᠡᠭᠡᠭ᠌ᠰᠢᠯᠡᠭᠦᠯᠪᠡ᠃