ᠬᠦᠳᠡᠭᠡ ᠲᠤᠰᠬᠤᠨ ᠮᠠᠯᠵᠢᠬᠤ ᠤᠷᠤᠨ ᠵᠢᠡᠷ ᠦᠩᠭᠡᠷᠡᠭᠰᠡᠨ ᠳ᠋ᠤ ᠮᠠᠯ ᠤᠨᠤᠭ᠎ᠠ ᠪᠡᠨ ᠤᠯᠠᠩᠬᠢ ᠳ᠋ᠠᠭᠠᠨ ᠢᠮ ᠳᠡᠮᠳᠡᠭ ᠵᠢᠠᠷ ᠨᠢ ᠢᠯᠭᠠᠵᠦ ᠳᠠᠨᠢᠵᠦ ᠪᠠᠢᠭᠰᠠᠨ ᠪᠤᠯ ᠤᠳᠤ ᠤᠷᠤᠭᠤᠯ ᠪᠤᠯᠤᠨ ᠬᠠᠮᠠᠷ ᠲᠡᠭᠡᠷᠡᠬᠢ ᠵᠢᠷᠤᠭᠠᠰᠤᠨ ᠤᠷᠤᠮ ᠵᠢᠡᠷ ᠢᠷᠡᠯᠢ ᠨᠢ ᠨᠠᠷᠢᠯᠢᠭ ᠤᠨᠤᠴᠠᠳᠠᠢ ᠢᠯᠭᠠᠨ ᠲᠠᠨᠢᠵᠦ ᠳᠡᠢᠯᠬᠦ ᠪᠤᠯᠵᠠᠢ᠃ ᠡᠨᠡ ᠬᠦ᠌ ᠮᠡᠷᠭᠡᠵᠢᠯᠢ ᠤᠢᠷ᠎ᠠ ᠳ᠋ᠤ ᠦᠪᠦᠷ ᠮᠤᠩᠭᠤᠯᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯᠤᠨ ᠶᠡᠬᠡ ᠰᠤᠷᠭᠠᠭᠤᠯᠢ ᠵᠢᠨ 2000 ᠤᠨ ᠡᠴᠡ ᠬᠤᠢᠰᠢ ᠲᠦᠷᠦᠭᠰᠡᠳ ᠵᠢᠠᠷ ᠪᠦᠷᠢᠯᠳᠦᠭᠰᠡᠨ ᠰᠤᠳᠤᠯᠭᠠᠨᠦ ᠪᠦᠯᠬᠦᠮ ᠤᠨ ᠬᠢᠨ ᠭᠤᠷᠪᠡᠨ ᠵᠢᠯ ᠭᠠᠷᠤᠢ ᠵᠢᠨ ᠴᠠᠭ ᠵᠠᠷᠤᠴᠠᠭᠤᠯᠵᠦ ᠰᠤᠳᠤᠯᠤᠨ ᠭᠠᠷᠭᠠᠭᠰᠠᠨ ᠪᠠᠢᠨ᠎ᠠ᠃
ᠦᠪᠦᠷ ᠮᠤᠩᠭᠤᠯᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯᠤᠨ ᠶᠡᠬᠡ ᠰᠤᠷᠭᠠᠭᠤᠯᠢ ᠵᠢᠨ 《ᠤᠶᠤᠨᠴᠢ ᠮᠠᠯᠵᠢᠯᠤᠨ ᠬᠤᠰᠢᠭᠤᠴᠢ》 ᠪᠦᠯᠬᠦᠮᠤᠨ ᠰᠤᠳᠤᠯᠤᠨ ᠪᠦᠳᠦᠭᠡᠭᠰᠡᠨ ᠡᠨᠡ ᠬᠦ᠌ ᠮᠡᠷᠭᠡᠵᠢᠯ ᠪᠤᠯ ᠳᠠᠷᠤᠢ ᠦᠭᠡᠷᠤᠨ ᠤᠷᠤᠭᠤᠯ ᠪᠤᠯᠤᠨ ᠬᠠᠮᠠᠷ ᠲᠡᠭᠡᠷᠡᠬᠢ ᠵᠢᠷᠤᠭᠠᠰᠤᠨ ᠤᠷᠤᠮᠤᠨ 《ᠡᠯᠧᠺᠲ᠋ᠷᠤᠨ ᠪᠡᠶ᠎ᠠ ᠵᠢᠨ ᠦᠨᠡᠮᠯᠡᠯ》 ᠪᠤᠯᠤᠨ᠎ᠠ᠃ ᠲᠦᠷᠦᠭᠦᠬᠡᠨ ᠰᠤᠷᠪᠤᠯᠵᠢᠯᠠᠭᠴᠢ ᠲᠠᠯ᠎ᠠ ᠨᠤᠳᠤᠭᠤᠨ ᠮᠠᠯ ᠠᠵᠤ ᠠᠬᠤᠢ ᠵᠢᠨ ᠵᠤᠬᠢᠶᠠᠮᠠᠯ ᠤᠶᠤᠨ ᠴᠢᠳᠠᠪᠤᠷᠢ ᠵᠢᠨ ᠦᠪᠦᠷ ᠮᠤᠩᠭᠤᠯᠤᠨ ᠦᠪᠡᠷᠳᠡᠭᠡᠨ ᠵᠠᠰᠠᠬᠤ ᠤᠷᠤᠨᠤ ᠢᠨᠵᠧᠨᠧᠷᠢᠩᠤᠨ ᠰᠤᠳᠤᠯᠭᠠᠨᠤ ᠲᠦᠪ ᠲᠤ᠌ ᠬᠦᠷᠬᠦ ᠳ᠋ᠤ᠂ ᠵᠠᠯᠠᠭᠤ ᠰᠤᠳᠤᠯᠭᠠᠳᠠᠨ ᠮᠠ ᠵᠢᠶᠦ᠋ᠨ ᠢᠤᠢ ᠶᠠᠭ ᠪᠦᠯᠬᠦᠮᠤᠨ ᠬᠡᠰᠢᠭᠦᠳ ᠵᠢᠡᠨ ᠲᠠᠭᠠᠭᠤᠯᠤᠨ᠂ ᠦᠬᠡᠷᠤᠨ ᠤᠷᠤᠭᠤᠯ ᠪᠤᠯᠤᠨ ᠬᠠᠮᠠᠷ ᠳᠡᠬᠢ ᠵᠢᠷᠤᠭᠠᠰᠤᠨ ᠤᠷᠤᠮ ᠵᠢᠡᠷ ᠢᠷᠡᠯᠢ ᠨᠢ ᠢᠯᠭᠠᠨ ᠲᠠᠨᠢᠬᠤ ᠮᠡᠷᠭᠡᠵᠢᠯᠤᠨ ᠵᠠᠩᠬᠢᠯᠠᠭ᠎ᠠ ᠵᠢᠨ ᠪᠤᠳᠤᠯᠳᠠ ᠵᠢᠨ ᠠᠷᠭ᠎ᠠ ᠳ᠋ᠤ ᠰᠢᠪᠳᠤᠯᠤᠯᠳᠠ ᠬᠢᠵᠦ ᠪᠠᠢᠪᠠ᠃
ᠬᠦᠮᠦᠨ ᠳ᠋ᠤ ᠡᠠᠪᠴᠦ ᠬᠡᠯᠡᠪᠡᠯ ᠬᠤᠷᠤᠭᠤᠨ ᠤᠷᠤᠮ ᠪᠤᠯ ᠪᠡᠶ᠎ᠠ ᠵᠢᠨ ᠭᠠᠷᠤᠯ ᠢ ᠨᠢ ᠢᠯᠭᠠᠨ ᠲᠠᠨᠢᠬᠤ ᠤᠨᠴᠠᠭᠠᠢ ᠲᠡᠮᠳᠡᠭ ᠪᠤᠯᠬᠤ ᠶᠤᠮ᠂ ᠳᠡᠭᠡᠪᠡᠯ ᠦᠭᠡᠷᠤᠨ ᠤᠷᠤᠭᠤᠯ ᠪᠤᠯᠤᠨ ᠬᠠᠮᠠᠷ ᠳᠡᠭᠡᠷᠡᠬᠢ ᠵᠢᠷᠤᠭᠠᠰᠤᠨ ᠤᠷᠤᠮ ᠨᠢ ᠡᠢᠮᠦᠷᠬᠦᠤ ᠦᠢᠯᠡᠳᠤᠯ ᠪᠠᠢᠳᠠᠭ ᠪᠤᠯᠤᠤ? ᠮᠠ ᠵᠢᠶᠦ᠋ᠨ ᠢᠤᠢ ᠪᠦᠯᠬᠦᠮᠤᠨ ᠵᠢᠡᠨ ᠰᠤᠳᠤᠯᠤᠨ ᠨᠡᠭᠡᠭᠡᠭᠰᠡᠨ ᠦᠩᠬᠡᠷᠡᠯᠳᠡ ᠪᠡᠨ ᠰᠤᠷᠪᠤᠯᠵᠢᠯᠠᠭᠴᠢᠳᠤ ᠲᠠᠨᠢᠯᠴᠠᠭᠤᠯᠤᠯ᠎ᠠ᠃ ᠮᠠ ᠵᠢᠶᠦ᠋ᠨ ᠢᠤᠢ ᠪᠤᠯ ᠦᠪᠦᠷ ᠮᠤᠩᠭᠤᠯᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯᠤᠨ ᠶᠡᠬᠡ ᠰᠤᠷᠭᠠᠭᠤᠯᠢ ᠵᠢᠨ ᠰᠦᠯᠵᠢᠶᠡᠨᠤ ᠤᠷᠤᠨ ᠵᠠᠢ ᠵᠢᠨ ᠠᠮᠤᠷ ᠲᠦᠪᠰᠢᠨᠤ ᠲᠤᠰᠬᠠᠢ ᠮᠡᠷᠭᠡᠵᠢᠯᠤᠨ ᠵᠢᠩᠬᠢᠨᠢ ᠠᠩᠬᠢ ᠵᠢᠨ ᠤᠶᠤᠳᠠᠨ ᠪᠠᠢᠵᠦ᠂ 2021 ᠤᠨ ᠳ᠋ᠤ ᠮᠠᠯᠵᠢᠬᠤ ᠤᠷᠤᠨ ᠵᠢᠡᠷ ᠬᠦᠨᠵᠡᠭᠡᠢᠷᠡᠨ ᠪᠠᠢᠴᠠᠭᠠᠨ ᠰᠤᠳᠤᠯᠤᠯᠳᠠ ᠬᠢᠵᠦ ᠶᠠᠪᠤᠬᠤ ᠳ᠋ᠠᠭᠠᠨ᠂ ᠮᠠᠯᠴᠢᠳ ᠮᠠᠯ ᠤᠨᠤᠭ᠎ᠠ ᠪᠡᠨ ᠭᠡᠭᠡᠵᠦ ᠠᠯᠳᠠᠪᠠᠯ᠂ ᠢᠮ ᠳᠡᠮᠳᠡᠭ ᠨᠢ ᠪᠠᠯᠠᠷᠬᠠᠢ ᠪᠤᠶᠤ ᠡᠭᠡᠮᠦᠭ ᠨᠢ ᠭᠡᠭᠡᠭᠳᠡᠭᠰᠡᠨ ᠡᠴᠡ ᠪᠤᠯᠵᠦ ᠢᠯᠭᠠᠨ ᠳᠠᠨᠢᠬᠤ ᠵᠢᠨ ᠠᠷᠭ᠎ᠠ ᠦᠭᠡᠢ ᠪᠤᠯᠳᠠᠭ᠂ ᠡᠬᠦᠨᠢ ᠬᠡᠷᠬᠢᠨ ᠦᠭᠡᠷᠡᠴᠢᠯᠡᠵᠦ᠂ ᠢᠯᠭᠠᠨ ᠳᠠᠨᠢᠬᠤ ᠳ᠋ᠤ ᠠᠮᠠᠷᠬᠠᠨ 《ᠡᠯᠧᠺᠲ᠋ᠷᠤᠨ ᠪᠡᠶ᠎ᠠ ᠵᠢᠨ ᠦᠨᠡᠮᠯᠡᠯ》 ᠳᠠᠢ ᠪᠤᠯᠭᠠᠳᠠᠭ ᠪᠤᠯ ᠭᠡᠵᠦ ᠬᠡᠨᠡᠳᠳᠡ ᠰᠡᠳᠬᠢᠭᠳᠡᠯ ᠤᠯᠵᠤ᠂ ᠡᠨᠡ ᠬᠦ᠌ ᠠᠰᠠᠭᠤᠳᠠᠯᠢ ᠰᠢᠢᠳᠪᠦᠷᠢᠯᠡᠬᠦ ᠪᠡᠷ ᠵᠤᠷᠢᠭ ᠰᠢᠭᠤᠳᠤᠬᠰᠠᠨ ᠠᠵᠢ᠃
ᠲᠦᠮᠡᠨ ᠭᠠᠵᠠᠷᠤᠨ ᠲᠦᠷᠦᠬᠦᠤ ᠠᠯᠬᠤᠮ ᠬᠦᠴᠢᠷ ᠬᠡᠳᠡᠭ ᠵᠢᠡᠷ᠂ ᠲᠤᠰ ᠪᠦᠯᠬᠦᠮᠤᠨ ᠬᠢᠨ ᠤᠷᠢᠳ ᠵᠢᠡᠷ ᠦᠭᠡᠷᠤᠨ ᠨᠢᠭᠤᠷᠤᠨ ᠤᠨᠴᠠᠯᠢᠭ ᠵᠢᠡᠷ ᠨᠢ ᠢᠯᠭᠠᠨ ᠲᠠᠨᠢᠬᠤ ᠵᠢ ᠲᠤᠷᠰᠢᠵᠦ ᠦᠵᠡᠪᠠ᠃ ᠬᠡᠳᠡᠯ᠎ᠠ ᠰᠤᠳᠤᠯᠭᠠᠨᠤ ᠶᠠᠪᠤᠴᠠ ᠳ᠋ᠤ ᠡᠨᠡ ᠨᠢ ᠮᠤᠬᠤᠷ ᠵᠠᠮ ᠬᠡᠳᠡᠭᠢ ᠮᠡᠳᠡᠷᠡᠵᠡᠢ᠃ ᠤᠴᠢᠷ ᠨᠢ ᠦᠭᠡᠷᠤᠨ ᠨᠢᠭᠤᠷᠤᠨ ᠬᠡᠰᠡᠭ ᠤ᠋ᠨ ᠤᠨᠴᠠᠯᠢᠭ ᠢᠯᠡ ᠳᠤᠳᠤ ᠪᠢᠰᠢ ᠪᠠᠢᠵᠦ᠂ ᠠᠳᠠᠯᠢ ᠪᠤᠰᠤ ᠬᠠᠷᠠᠭᠠᠰᠤ᠂ ᠠᠳᠠᠯᠢ ᠪᠤᠰᠤ ᠬᠡᠷᠡᠯᠳᠦᠬᠦᠯᠭᠡ ᠵᠢᠨ ᠨᠦᠬᠦᠴᠡᠯ ᠲᠤᠤᠷᠠᠬᠢ ᠢᠯᠭᠠᠨ ᠲᠠᠨᠢᠬᠤ ᠤᠨᠤᠪᠴᠢ ᠵᠢᠨ ᠨᠤᠷᠮ᠎ᠠ ᠨᠢ ᠮᠠᠰᠢ ᠲᠤᠤᠷ᠎ᠠ ᠪᠠᠢᠪᠠ᠃ ᠮᠠ ᠵᠢᠶᠦ᠋ᠨ ᠢᠤᠢ ᠵᠢᠨ ᠪᠦᠯᠬᠦᠮᠤᠨ ᠬᠢᠨ ᠬᠡᠳᠤᠨ ᠰᠠᠷ᠎ᠠ ᠵᠢᠨ ᠲᠤᠳᠤᠷ᠎ᠠ ᠪᠤᠳᠤᠯᠳᠠ ᠵᠢᠨ ᠠᠷᠭ᠎ᠠ ᠵᠢᠨ ᠮᠠᠭᠠᠳᠯᠠᠯᠳᠠ ᠵᠢᠨ ᠲᠤᠭ᠎ᠠ ᠪᠠᠷᠢᠮᠳᠠ ᠪᠡᠨ ᠤᠯᠠᠨ ᠲᠠᠬᠢᠨ ᠬᠤᠪᠢᠷᠠᠭᠤᠯᠵᠦ ᠲᠤᠷᠰᠢᠬᠰᠠᠨ ᠪᠤᠯᠪᠠᠴᠤ ᠶᠠᠮᠠᠷ ᠴᠦ᠍ ᠦᠷ᠎ᠠ ᠳ᠋ᠦᠩ ᠤᠯᠤᠬᠰᠠᠨ ᠦᠭᠡᠢ ᠪᠠᠢᠪᠠ᠃ ᠰᠤᠳᠤᠯᠭᠠᠨᠦ ᠠᠵᠢᠯ ᠡᠷᠬᠢᠯᠳᠠ ᠲᠠᠢ ᠪᠤᠯᠤᠬᠰᠠᠨ ᠨᠢ 2022 ᠤᠨᠤ ᠤᠴᠢᠷ ᠪᠤᠯᠤᠨ᠎ᠠ᠃ ᠮᠠ ᠵᠢᠶᠦ᠋ᠨ ᠢᠤᠢ ᠨᠠᠷ ᠨᠢᠭᠡ ᠤᠳᠠᠭ᠎ᠠ ᠮᠠᠯᠵᠢᠬᠤ ᠤᠷᠤᠨ ᠵᠢᠡᠷ ᠪᠠᠢᠴᠠᠭᠠᠨ ᠰᠤᠳᠤᠯᠤᠯᠳᠠ ᠬᠢᠵᠦ ᠶᠠᠪᠤᠬᠤ ᠳ᠋ᠠᠭᠠᠨ ᠡᠪᠦᠯᠤᠨ ᠬᠦᠢᠳᠡᠨ ᠳ᠋ᠤ ᠦᠭᠡᠷᠤᠨ ᠫᠸᠩᠤᠨ ᠬᠠᠵᠠᠭᠤ ᠳ᠋ᠤ ᠨᠠᠷᠢᠨ ᠠᠵᠢᠬᠯᠠᠵᠦ ᠪᠠᠢᠭᠠᠳ᠂ ᠦᠭᠡᠷᠤᠨ ᠬᠠᠮᠠᠷ ᠲᠡᠭᠡᠷᠡᠬᠢ ᠠᠳᠤᠷᠢᠶ᠎ᠠ ᠵᠢᠷᠤᠭᠠᠰᠤ ᠵᠢ ᠤᠯᠵᠦ ᠬᠠᠷᠠᠨ᠂ ᠦᠭᠡᠷ ᠪᠤᠯᠭᠠᠨᠤ ᠤᠷᠤᠭᠤᠯ ᠪᠤᠯᠤᠨ ᠬᠠᠮᠠᠷᠤᠨ ᠠᠳᠤᠷᠢᠶ᠎ᠠ ᠵᠢᠷᠤᠭᠠᠰᠤ ᠨᠢ ᠪᠦᠷ ᠠᠳᠠᠯᠢ ᠪᠤᠰᠤ ᠪᠠᠢᠬᠤ ᠵᠢ ᠤᠯᠵᠤ ᠮᠡᠳᠡᠵᠡᠢ᠃ ᠢᠩᠬᠢᠭᠡᠳ ᠯᠢᠦ ᠰᠢᠨ ᠫᠷᠤᠹᠧᠰᠰᠤᠷᠤᠨ ᠵᠢᠯᠤᠭᠤᠳᠤᠯᠭ᠎ᠠ ᠪᠡᠷ ᠮᠠ ᠵᠢᠶᠦ᠋ᠨ ᠢᠤᠢ ᠵᠢᠨ ᠪᠦᠯᠬᠦᠮᠤᠨ ᠬᠢᠨ ᠲᠠᠷᠤᠢᠬᠠᠨ ᠰᠤᠳᠤᠯᠭᠠᠨᠦ ᠴᠢᠭᠯᠡᠯ ᠵᠢᠡᠨ ᠬᠤᠪᠢᠷᠠᠭᠤᠯᠵᠦ᠂ ᠦᠭᠡᠷᠤᠨ ᠤᠷᠤᠭᠤᠯ ᠪᠤᠯᠤᠨ ᠬᠠᠮᠠᠷ ᠳᠡᠭᠡᠷᠡᠬᠢ ᠵᠢᠷᠤᠭᠠᠰᠤᠨ ᠤᠷᠤᠮᠢ ᠨᠢ ᠢᠯᠭᠠᠨ ᠲᠠᠨᠢᠬᠤ ᠮᠡᠷᠭᠡᠵᠢᠯ ᠳ᠋ᠤ ᠠᠩᠬᠠᠷᠤᠯ ᠲᠦᠪᠯᠡᠷᠡᠭᠦᠯᠦᠨ᠂ ᠰᠤᠳᠤᠯᠭᠠᠨᠤ ᠠᠵᠢᠯ ᠵᠢᠡᠨ ᠦᠷᠬᠦᠯᠵᠢᠯᠡᠭᠦᠯᠦᠭᠰᠡᠨ ᠪᠠᠢᠨ᠎ᠠ᠃ ᠰᠤᠳᠤᠯᠭᠠᠨᠦ ᠡᠬᠢᠨᠤ ᠬᠤᠭᠤᠴᠠᠭᠠᠨ ᠳ᠋ᠤ᠂ ᠪᠤᠳᠤᠯᠳᠠ ᠵᠢᠨ ᠠᠷᠭ᠎ᠠ ᠵᠢᠨ ᠤᠷᠤᠭᠤᠯ ᠪᠤᠯᠤᠨ ᠬᠠᠮᠠᠷ ᠳᠡᠭᠡᠷᠡᠬᠢ ᠵᠢᠷᠤᠭᠠᠰᠤ ᠵᠢ ᠬᠡᠰᠡᠭᠯᠡᠵᠦ ᠢᠯᠭᠠᠬᠤ ᠨᠠᠷᠢᠯᠢᠬᠤᠨ ᠬᠡᠮᠵᠢᠶ᠎ᠠ ᠨᠢ ᠬᠦᠷᠦᠯᠴᠠᠬᠦ ᠦᠭᠡᠢ᠂ ᠢᠯᠭᠠᠨ ᠲᠠᠨᠢᠬᠤ ᠤᠨᠤᠪᠴᠢ ᠵᠢᠨ ᠨᠤᠷᠮ᠎ᠠ ᠮᠦᠨ ᠯᠡ ᠪᠠᠷᠢᠮᠵᠢᠶᠠᠨ ᠳ᠋ᠤ ᠬᠦᠷᠭᠦ ᠦᠭᠡᠢ ᠪᠠᠢᠪᠠ᠃ ᠲᠡᠭᠡᠭᠡᠳ ᠨᠡᠩ ᠴᠢᠨᠠᠷ ᠰᠠᠢᠳᠠᠢ ᠲᠤᠭ᠎ᠠ ᠪᠠᠷᠢᠮᠳᠠ ᠵᠢ ᠴᠤᠬᠯᠠᠭᠤᠯᠬᠤ ᠵᠢᠨ ᠲᠦᠯᠦᠭᠡ᠂ ᠮᠠ ᠵᠢᠶᠦ᠋ᠨ ᠢᠤᠢ ᠨᠠᠷ ᠠᠮᠠᠷᠠᠯᠳᠠ ᠵᠢᠨ ᠬᠤᠭᠤᠴᠠᠭ᠎ᠠ ᠪᠡᠨ ᠠᠰᠢᠬᠯᠠᠨ ᠮᠠᠯᠵᠢᠬᠤ ᠤᠷᠤᠨ ᠳ᠋ᠤ ᠰᠠᠭᠤᠵᠦ᠂ ᠦᠭᠡᠷ ᠪᠦᠷᠢ ᠵᠢ ᠨᠢᠮᠪᠠᠢ ᠰᠡᠭᠦᠳᠡᠷᠯᠡᠵᠦ᠂ ᠨᠡᠢᠳᠡ 2000 ᠰᠢᠬᠠᠮ ᠦᠭᠡᠷᠤᠨ ᠬᠠᠮᠠᠷ ᠪᠤᠯᠤᠨ ᠤᠷᠤᠭᠤᠯᠤᠨ ᠵᠢᠷᠤᠭᠠᠰᠤᠨ ᠤᠷᠤᠮᠤᠨ ᠮᠡᠳᠡᠭᠡ ᠵᠠᠩᠬᠢ ᠵᠢ ᠴᠤᠬᠯᠠᠭᠤᠯᠵᠠᠢ᠃ ᠳᠡᠭᠡᠭᠡᠳ ᠲᠠᠯ᠎ᠠ ᠨᠤᠳᠤᠭᠤᠨ ᠮᠠᠯ ᠠᠵᠤ ᠠᠬᠤᠢ ᠵᠢᠨ ᠵᠤᠬᠢᠶᠠᠮᠠᠯ ᠤᠶᠤᠨᠤᠶᠤᠨ ᠴᠢᠳᠠᠪᠤᠷᠢ ᠵᠢᠨ ᠦᠪᠦᠷ ᠮᠤᠩᠭᠤᠯᠤᠨ ᠦᠪᠡᠷᠳᠡᠭᠡᠨ ᠵᠠᠰᠠᠬᠤ ᠤᠷᠤᠨᠤ ᠢᠨᠵᠧᠨᠧᠷᠢᠩᠤᠨ ᠰᠤᠳᠤᠯᠭᠠᠨᠤ ᠲᠦᠪ ᠲᠤ᠌ ᠲᠦᠰᠢᠭᠯᠡᠨ᠂ 100 ᠭᠠᠷᠤᠢ ᠰᠤᠷᠪᠤᠯᠵᠢ ᠪᠢᠴᠢᠭ ᠡᠴᠡ ᠡᠷᠢᠨ ᠬᠠᠢᠵᠦ᠂ 1000 ᠭᠠᠷᠤᠢ ᠤᠳᠠᠭᠠᠨᠤ ᠦᠯᠢᠭᠡᠷ ᠬᠡᠪᠢ ᠨᠡᠢᠯᠡᠬᠦᠯᠬᠦ ᠪᠤᠯᠤᠨ ᠮᠠᠭᠠᠳᠯᠠᠯᠳᠠ ᠵᠢᠨ ᠲᠤᠭ᠎ᠠ ᠪᠠᠷᠢᠮᠳᠠ ᠵᠢ ᠲᠤᠬᠢᠷᠠᠭᠤᠯᠤᠨ ᠰᠢᠯᠢᠳᠡᠭᠵᠢᠬᠦᠯᠬᠦ ᠪᠡᠷ ᠲᠠᠮᠵᠢᠨ᠂ ᠡᠴᠤᠰ ᠲᠡᠭᠡᠨ SOLOv2 (ᠤᠷᠤᠨ ᠪᠠᠢᠷᠢ ᠵᠢᠨ ᠬᠡᠰᠡᠭᠯᠡᠯ ᠳ᠋ᠤ ᠰᠠᠭᠤᠷᠢᠯᠠᠬᠰᠠᠨ ᠪᠤᠳᠠᠰᠤᠨ ᠪᠤᠳᠤᠯᠳᠠ ᠵᠢᠨ ᠠᠷᠭ᠎ᠠ)ᠲᠸ᠋ ᠰᠠᠭᠤᠷᠢᠯᠠᠬᠰᠠᠨ ᠦᠭᠡᠷᠤᠨ ᠬᠠᠮᠠᠷ ᠪᠤᠯᠤᠨ ᠤᠷᠤᠭᠤᠯᠤᠨ ᠵᠢᠷᠤᠭᠠᠰᠤᠨ ᠤᠷᠤᠮ ᠵᠢᠡᠷ ᠪᠡᠶ᠎ᠠ ᠵᠢᠨ ᠭᠠᠷᠤᠯᠢ ᠨᠢ ᠢᠯᠭᠠᠨ ᠲᠠᠨᠢᠬᠤ ᠪᠤᠳᠤᠯᠳᠠ ᠵᠢᠨ ᠠᠷᠭ᠎ᠠ ᠵᠢ ᠪᠡᠶ᠎ᠠ ᠪᠡᠨ ᠲᠠᠭᠠᠭᠠᠨ ᠰᠤᠳᠤᠯᠤᠨ ᠪᠦᠳᠦᠭᠡᠪᠡ᠃ ᠲᠤᠰ ᠮᠡᠷᠭᠡᠵᠢᠯ ᠨᠢ ᠦᠭᠡᠷᠤᠨ ᠤᠷᠤᠭᠤᠯ ᠪᠤᠯᠤᠨ ᠬᠠᠮᠠᠷ ᠳᠡᠭᠡᠷᠡᠬᠢ ᠵᠢᠷᠤᠭᠠᠰᠤᠨ ᠤᠷᠤᠮᠵᠢᠡᠷ ᠭᠤᠤᠯᠯᠠᠵᠦ᠂ ᠵᠢᠰᠤᠮ ᠵᠢᠡᠷ ᠢᠯᠭᠠᠨ ᠲᠠᠨᠢᠬᠤ ᠪᠡᠷ ᠲᠡᠳ᠋ᠯᠡᠬᠦᠯᠵᠦ᠂ ᠢᠯᠭᠠᠨ ᠲᠠᠨᠢᠬᠤ ᠤᠨᠤᠪᠴᠢ ᠵᠢᠨ ᠬᠡᠮᠵᠢᠶ᠎ᠠ ᠨᠢ 99.98% ᠳ᠋ᠤ ᠬᠦᠷᠴᠦ᠂ ᠦᠭᠡᠷ ᠪᠤᠯᠭᠠᠨ ᠳ᠋ᠤ ᠨᠢᠭᠡ ᠬᠤᠪᠢ ᠲᠤᠰᠬᠠᠢ ᠲᠤᠭᠠᠴᠢᠯᠠᠬᠰᠠᠨ 《ᠡᠯᠸᠺᠲ᠋ᠷᠤᠨ ᠪᠡᠶ᠎ᠠ ᠵᠢᠨ ᠦᠨᠡᠮᠯᠡᠯ》 ᠤ᠋ᠨ ᠲᠠᠩᠰᠠ ᠡᠪᠬᠡᠮᠡᠯ ᠬᠢᠵᠦ ᠦᠭᠭᠦᠭᠰᠡᠨ ᠲᠠᠢ ᠠᠳᠠᠯᠢ ᠪᠤᠯᠵᠠᠢ᠃
ᠮᠠ ᠵᠢᠶᠦ᠋ᠨ ᠢᠤᠢ ᠵᠢᠨ ᠪᠦᠯᠬᠦᠮ ᠪᠤᠯ 2000 ᠤᠨ ᠡᠴᠡ ᠬᠤᠢᠰᠢ ᠲᠦᠷᠦᠭᠰᠡᠳ ᠵᠢᠡᠷ ᠪᠦᠷᠢᠯᠳᠦᠭᠰᠡᠨ ᠰᠤᠳᠤᠯᠭᠠᠨᠤ ᠪᠦᠯᠬᠦᠮ ᠪᠠᠢᠵᠦ᠂ 2024 ᠤᠨ ᠳ᠋ᠤ ᠲᠤᠮᠳᠠᠳᠤ ᠤᠯᠤᠰᠤᠨ ᠤᠯᠠᠨ ᠤᠯᠤᠰᠤᠨ ᠤᠶᠤᠳᠠᠳᠤᠨ ᠰᠢᠨ᠎ᠠ ᠵᠢ ᠡᠬᠦᠳᠬᠦ ᠶᠡᠬᠡ ᠤᠷᠤᠯᠳᠤᠭᠠᠨᠤ ᠪᠦᠬᠦ ᠤᠯᠤᠰᠤᠨ ᠰᠢᠢᠳᠪᠦᠷᠢᠳᠤ ᠤᠷᠤᠯᠳᠤᠭᠠᠨ ᠳ᠋ᠤ ᠮᠦᠩᠬᠦᠨ ᠮᠸᠳᠠᠯ ᠬᠦᠷᠳᠡᠵᠦ ᠦᠩᠬᠡᠷᠡᠪᠠ᠃ ᠳᠡᠳᠡᠨᠤᠰᠤᠨ ᠰᠤᠳᠤᠯᠵᠤ ᠭᠠᠷᠭᠠᠭᠰᠠᠨ ᠡᠨᠡ ᠬᠦ᠌ ᠮᠡᠷᠭᠡᠵᠢᠯ ᠨᠢ ᠮᠠᠯ ᠤᠨᠤᠭ᠎ᠠ ᠵᠢ 《ᠢᠮ ᠲᠡᠮᠳᠡᠭ ᠪᠤᠶᠤ ᠡᠭᠡᠮᠦᠭ ᠵᠢᠡᠷ ᠨᠢ ᠢᠯᠭᠠᠨ ᠲᠠᠨᠢᠬᠤ》 ᠡᠴᠡ 《ᠠᠮᠢᠳᠤ ᠪᠤᠳᠠᠰᠤᠨ ᠠᠷᠭ᠎ᠠ ᠪᠡᠷ ᠢᠯᠭᠠᠵᠦ ᠲᠡᠢᠯᠬᠦ》 ᠪᠤᠯᠵᠦ᠂ ᠤᠯᠠᠮᠵᠢᠯᠠᠯᠳᠤ ᠴᠢᠬᠢᠨᠤ ᠢᠮ ᠳᠡᠮᠳᠡᠭᠤᠨ ᠪᠠᠯᠠᠷᠬᠠᠢ ᠪᠤᠯᠬᠤ᠂ ᠵᠡᠬᠦᠯᠭᠡᠭᠰᠡᠨ ᠡᠬᠡᠮᠦᠭ ᠨᠢ ᠠᠮᠠᠷᠬᠠᠨ ᠭᠡᠭᠡᠭᠳᠡᠬᠦ ᠵᠡᠷᠭᠡ ᠲᠤᠳᠠᠭᠤᠳᠠᠯᠢ ᠲᠤᠢᠯᠪᠤᠷᠢᠳᠠᠢ ᠰᠢᠢᠳᠪᠦᠷᠢᠯᠡᠭᠰᠡᠨ ᠪᠠᠢᠨ᠎ᠠ᠃ ᠤᠳᠤᠬᠠᠨ ᠳ᠋ᠤ ᠲᠤᠰ ᠮᠡᠷᠭᠡᠵᠢᠯᠢ ᠨᠢᠭᠡᠨᠳᠡ ᠪᠤᠭᠤᠳᠤ ᠬᠤᠳᠠ᠂ ᠰᠢᠯᠢ ᠵᠢᠨ ᠭᠤᠤᠯ ᠠᠢᠮᠠᠭ ᠵᠡᠷᠭᠡ ᠭᠠᠵᠠᠷᠤᠨ 6000 ᠭᠠᠷᠤᠢ ᠦᠭᠡᠷ ᠲᠦ᠍ ᠬᠡᠷᠡᠭᠯᠠᠭᠡᠳ ᠪᠤᠢ᠃
ᠮᠠ ᠵᠢᠶᠦ᠋ᠨ ᠢᠤᠢ ᠰᠤᠷᠪᠤᠯᠵᠢᠯᠠᠭᠴᠢ ᠳ᠋ᠤ᠄ 《ᠦᠪᠦᠷ ᠮᠤᠩᠭᠤᠯᠤᠨ ᠫᠦ᠋ ᠷᠦᠢ ᠮᠠᠯ ᠠᠵᠦ ᠠᠬᠤᠢ ᠲᠠᠷᠢᠶᠠᠯᠠᠩᠤᠨ ᠬᠢᠵᠠᠭᠠᠠᠷᠳᠤ ᠺᠤᠮᠫᠠᠨᠢ ᠡᠨᠡ ᠬᠦ᠌ ᠮᠡᠷᠭᠡᠵᠢᠯᠢ 2024 ᠤᠨᠤ 10 ᠰᠠᠷ᠎ᠠ ᠡᠴᠡ 2025 ᠤᠨᠤ 7 ᠰᠠᠷ᠎ᠠ ᠪᠤᠯᠳᠠᠯ᠎ᠠ ᠳᠤᠷᠰᠢᠨ ᠬᠡᠷᠡᠭᠯᠡᠭᠡᠳ᠂ ᠦᠭᠡᠷᠤᠨ ᠪᠡᠶ᠎ᠠ ᠵᠢᠨ ᠬᠡᠮᠵᠢᠶ᠎ᠠ ᠵᠢ ᠬᠡᠮᠵᠢᠭᠰᠡᠨ ᠨᠤᠷᠮ᠎ᠠ ᠲᠠᠬᠢᠨ ᠢᠯᠡᠬᠦᠦ ᠪᠡᠷ ᠲᠡᠭᠡᠭᠰᠢᠯᠡᠵᠦ᠂ ᠬᠡᠪᠤᠨ ᠪᠤᠰᠤ ᠠᠵᠢᠯᠯᠠᠭ᠎ᠠ ᠵᠢ ᠤᠷᠢᠳᠴᠢᠯᠡᠨ ᠰᠡᠷᠡᠮᠵᠢᠯᠡᠬᠦᠯᠵᠦ᠂ ᠮᠠᠯᠴᠢᠳᠤᠨ ᠬᠤᠬᠢᠷᠠᠯᠢ ᠪᠦᠳᠦᠮᠵᠢᠳᠠᠢ ᠪᠠᠭᠠᠰᠬᠠᠵᠠᠢ᠃ ᠮᠦᠨ ᠴᠸ᠋ ᠬᠠᠮᠢᠶ᠎ᠠ ᠪᠦᠬᠦᠢ ᠲᠠᠭᠠᠳᠬᠠᠯᠤᠨ ᠺᠤᠮᠫᠠᠨᠢ ᠵᠢᠨ ᠬᠢᠨ ᠲᠠᠭᠠᠳᠬᠠᠯ ᠳ᠋ᠤ ᠤᠷᠤᠭᠤᠯᠬᠤ᠂ ᠲᠦᠯᠦᠪᠤᠷᠢ ᠦᠭᠬᠦ ᠵᠡᠷᠭᠡ ᠳ᠋ᠤ ᠴᠦᠮ ᠲᠤᠳᠤᠷᠬᠠᠢ ᠬᠡᠷᠡᠴᠢ ᠪᠠᠷᠢᠮᠳᠠ ᠬᠠᠩᠭᠠᠵᠦ᠂ ᠬᠡᠷᠡᠭᠯᠡᠭᠴᠢᠳ ᠦᠭᠡᠷᠤᠨ ᠮᠢᠬᠠᠨᠤ ᠤᠭ ᠰᠤᠷᠪᠤᠯᠵᠢ ᠵᠢ ᠤᠨᠤᠪᠴᠢᠳᠠᠢ ᠮᠦᠷᠳᠡᠬᠦ ᠪᠤᠯᠤᠮᠵᠢ ᠳᠠᠢ ᠪᠤᠯᠵᠡᠢ》 ᠭᠡᠪᠠ᠃