16 ᠤ᠋ ᠡᠳᠦᠷ᠂ 《〈ᠴᠦᠭᠡᠪᠳᠤᠷ ᠬᠦᠮᠦᠰ ᠤ᠋ᠨ ᠲᠠᠮᠢᠷ ᠤ᠋ᠨ ᠬᠥᠳᠡᠯᠭᠡᠭᠡᠨ᠎ᠦ ᠪᠡᠶᠡᠴᠢ ᠣᠢᠯᠠᠭᠠᠯᠲᠠ〉 ᠨᠢ 〈ᠤᠯᠠᠨ ᠬᠦᠮᠦᠰ᠎ᠤᠨ ᠠᠮᠢᠳᠤᠷᠠᠯ᠎ᠤᠨ ᠠᠷᠭ᠎ᠠ ᠬᠡᠯᠪᠡᠷᠢ〉 ᠲᠡᠢᠰᠢ ᠬᠤᠪᠢᠷᠠᠪᠠ — ᠭᠡᠷ᠎ᠦᠨ ᠭᠠᠳᠠᠨᠠᠬᠢ ᠪᠡᠶ᠎ᠡ᠎ᠶ᠋ᠢᠨ ᠲᠠᠮᠢᠷ᠎ᠤᠨ ᠬᠡᠷᠡᠭ᠌ᠯᠡᠭᠡᠨ᠎ᠦ ᠬᠥᠭ᠌ᠵᠢᠯᠲᠡ ᠵᠢᠴᠢ ᠬᠠᠨᠳᠤᠰᠢ᠎ᠶ᠋ᠢᠨ ᠮᠡᠳᠡᠭᠦᠯᠦᠯᠲᠡ》 (ᠳᠣᠷᠣᠭ᠍ᠰᠢ 《ᠮᠡᠳᠡᠭᠦᠯᠦᠯᠲᠡ》 ᠭᠡᠵᠦ᠍ ᠳᠥᠭᠥᠮᠴᠢᠯᠡᠨ᠎ᠡ) ᠵᠢ ᠵᠧᠵᠢᠶᠠᠩ᠎ᠤᠨ ᠵᠢᠨ ᠬᠤᠸᠠ᠎ᠳᠤ ᠶᠠᠪᠤᠭ᠍ᠳᠠᠭ᠍ᠰᠠᠨ ᠳᠤᠮᠳᠠᠳᠤ ᠤᠯᠤᠰ᠎ᠤᠨ ᠤᠯᠠᠨ ᠤᠯᠤᠰ᠎ᠤᠨ ᠬᠡᠭᠡᠷ᠎ᠡ ᠪᠠᠭᠤᠳᠠᠯᠯᠠᠬᠤ ᠶᠡᠬᠡ ᠬᠤᠷᠠᠯ ᠳᠡᠭᠡᠷ᠎ᠡ ᠨᠡᠢᠲᠡᠯᠡᠪᠡ᠃ 《ᠮᠡᠳᠡᠭᠦᠯᠦᠯᠲᠡ》 ᠳ᠋ᠤ ᠬᠠᠷᠠᠭᠤᠯᠤᠬᠰᠡᠨ᠎ᠢᠶᠡᠷ᠂ 2025 ᠣᠨ᠎ᠳᠤ᠂ ᠮᠠᠨ᠎ᠤ ᠤᠯᠤᠰ᠎ᠤᠨ ᠬᠡᠷ᠎ᠦᠨ ᠭᠠᠳᠠᠨᠠᠬᠢ ᠬᠥᠳᠡᠯᠭᠡᠭᠡᠨ᠎ᠦ ᠬᠡᠷᠡᠭ᠌ᠯᠡᠭᠡ ᠬᠢᠭ᠌ᠰᠡᠨ ᠬᠥᠮᠦᠨ ᠤᠳᠠᠭ᠎ᠠ 8 ᠳ᠋ᠦᠩᠱᠢᠭᠤᠷ᠎ᠢ ᠳᠠᠪᠠᠵᠤ᠂ ᠬᠡᠷ᠎ᠦᠨ ᠭᠠᠳᠠᠨᠠᠬᠢ ᠪᠡᠶ᠎ᠠ ᠵᠢᠨ ᠲᠠᠮᠢᠷ ᠤ᠋ᠨ ᠬᠥᠳᠡᠯᠭᠡᠭᠡᠨ᠎ᠦ ᠬᠡᠷᠡᠭ᠌ᠯᠡᠭᠡᠨ ᠤ᠋ ᠪᠥᠬᠥ᠌ ᠲᠣᠭ᠎ᠠ 1 ᠲᠦᠮᠡᠨ ᠳ᠋ᠦᠩᠱᠢᠭᠤᠷ ᠲᠥᠭᠥᠷᠢᠭ᠎ᠢ ᠳᠠᠪᠠᠪᠠ᠃
《ᠮᠡᠳᠡᠬᠦᠯᠦᠯᠳᠠ》 ᠳ᠋ᠤ ᠭᠡᠷ᠎ᠦᠨ ᠭᠠᠳᠠᠨᠠᠬᠢ ᠪᠡᠶ᠎ᠠ ᠵᠢᠨ ᠲᠠᠮᠢᠷ ᠤ᠋ᠨ ᠬᠥᠳᠡᠯᠭᠡᠭᠡᠨ᠎ᠦ ᠲᠠᠪᠴᠠᠩ᠎ᠤᠨ ᠬᠣᠯᠪᠣᠭ᠍ᠳᠠᠯ ᠪᠦᠬᠦᠢ ᠬᠠᠩᠭᠠᠯᠭ᠎ᠠ᠂ ᠬᠡᠷᠡᠭ᠌ᠴᠡᠭᠡ ᠪᠠ ᠬᠡᠷᠡᠭ᠌ᠯᠡᠭ᠌ᠴᠢᠳ᠎ᠦᠨ ᠬᠥᠷᠥᠭ ᠵᠢᠷᠤᠭ ᠵᠡᠷᠭᠡ ᠲᠣᠭ᠎ᠠ ᠪᠠᠷᠢᠮᠲᠠ᠎ᠳᠤ ᠰᠠᠭᠤᠷᠢᠯᠠᠨ᠂ ᠮᠠᠨ᠎ᠤ ᠤᠯᠤᠰ᠎ᠤᠨ ᠭᠡᠷ᠎ᠦᠨ ᠭᠠᠳᠠᠨᠠᠬᠢ ᠪᠡᠶ᠎ᠠ ᠵᠢᠨ ᠲᠠᠮᠢᠷ ᠤ᠋ᠨ ᠬᠥᠳᠡᠯᠭᠡᠭᠡᠨ᠎ᠦ ᠬᠡᠷᠡᠭ᠌ᠯᠡᠭᠡᠨ ᠤ᠋ ᠠᠵᠢᠯ ᠲᠥᠷᠥᠯ᠎ᠦᠨ ᠲᠣᠢᠮᠣ ᠪᠠᠢᠳᠠᠯ᠂ ᠭᠡᠷ᠎ᠦᠨ ᠭᠠᠳᠠᠨᠠᠬᠢ ᠳᠠᠪᠬᠤᠷᠭ᠎ᠠ ᠪᠠ ᠬᠥᠮᠦᠰ᠎ᠦᠨ ᠵᠢᠷᠤᠭ ᠲᠣᠯᠢᠯᠠᠯ᠎ᠳᠤ ᠱᠢᠰᠲ᠋ᠧᠮ᠎ᠲᠡᠶ ᠵᠠᠳᠠᠯᠤᠯᠲᠠ ᠬᠢᠪᠠ᠃ 《ᠮᠡᠳᠡᠬᠦᠯᠦᠯᠳᠠ》 ᠳ᠋ᠤ ᠬᠠᠷᠠᠭᠤᠯᠤᠬᠰᠡᠨ᠎ᠢᠶᠡᠷ᠂ ᠲᠦᠷᠦ᠍᠎ᠶ᠋ᠢᠨ ᠪᠤᠳᠤᠯᠭ᠎ᠠ᠎ᠪᠠᠷ ᠬᠥᠳᠡᠯᠭᠡᠭᠦᠷ ᠪᠣᠯᠭᠠᠬᠤ᠂ ᠬᠡᠷᠡᠭ᠌ᠯᠡᠭᠡᠨ ᠤ᠋ ᠲᠡᠰ ᠳᠡᠪᠱᠢᠬᠦ᠌ ᠪᠠ ᠣᠢᠯᠠᠭᠠᠭ᠍ᠳᠠᠬᠤᠨ᠎ᠤ ᠬᠤᠪᠢᠷᠠᠭᠤᠯᠤᠯᠲᠠ᠎ᠶ᠋ᠢᠨ ᠬᠠᠮᠲᠤ᠎ᠶ᠋ᠢᠨ ᠦᠢᠯᠡᠳᠦᠯ ᠳᠣᠣᠷ᠎ᠠ᠂ ᠭᠡᠷ᠎ᠦᠨ ᠭᠠᠳᠠᠨᠠᠬᠢ ᠪᠡᠶ᠎ᠠ ᠵᠢᠨ ᠲᠠᠮᠢᠷ ᠤ᠋ᠨ ᠬᠥᠳᠡᠯᠭᠡᠭᠡᠨ ᠨᠢ ᠶᠠᠭ 《ᠴᠦᠭᠡᠪᠳᠦᠷ ᠬᠦᠮᠦᠰ ᠤ᠋ᠨ ᠲᠦᠷᠦᠯ ᠵᠦᠢᠯ ᠤ᠋ᠨ ᠪᠡᠶᠡᠴᠢ ᠣᠢᠯᠠᠭᠠᠯᠲᠠ》 ᠡᠴᠡ 《ᠤᠯᠠᠨ ᠬᠦᠮᠦᠰ᠎ᠤᠨ ᠠᠮᠢᠳᠤᠷᠠᠯ᠎ᠤᠨ ᠠᠷᠭ᠎ᠠ ᠭᠡᠯᠪᠡᠷᠢ》 ᠲᠡᠢᠰᠢ ᠱᠢᠯᠵᠢᠵᠦ᠍ ᠪᠠᠢᠨ᠎ᠠ᠃ ᠭᠡᠷ᠎ᠦᠨ ᠭᠠᠳᠠᠨᠠᠬᠢ ᠬᠡᠷᠡᠭ᠌ᠯᠡᠭᠡᠨ᠎ᠦ ᠬᠡᠷᠡᠭ᠌ᠴᠡᠭᠡ ᠱᠠᠭᠠᠷᠳᠠᠯᠭ᠎ᠠ᠎ᠶ᠋ᠢ ᠴᠢᠳᠠᠮᠵᠢ ᠬᠠᠩᠭᠠᠬᠤ᠎ᠡᠴᠡ ᠠᠮᠢᠳᠤᠷᠠᠯ ᠳ᠋ᠤ ᠤᠢᠷᠠᠳᠤᠭᠤᠯᠬᠤ᠂ ᠨᠡᠢᠭᠡᠮ᠎ᠦᠨ ᠬᠠᠷᠢᠯᠴᠠᠭᠠᠨ ᠳ᠋ᠤ ᠤᠷᠤᠭᠤᠯᠬᠤ᠂ ᠬᠠᠮ ᠭᠡᠯᠪᠡᠷᠢ ᠲᠡᠢᠰᠢ ᠲᠠᠰᠤᠷᠠᠯᠲᠠ ᠥᠬᠡᠶ ᠤᠷᠲᠤᠳᠭᠠᠪᠠ᠃ ᠡᠨᠡ ᠬᠦ᠌ ᠰᠠᠭᠤᠷᠢᠨ ᠳᠡᠭᠡᠷ᠎ᠡ᠂ ᠬᠡᠷ᠎ᠦᠨ ᠭᠠᠳᠠᠨᠠᠬᠢ ᠪᠡᠶ᠎ᠠ ᠵᠢᠨ ᠲᠠᠮᠢᠷ ᠤ᠋ᠨ ᠬᠥᠳᠡᠯᠭᠡᠭᠡᠨ᠎ᠦ ᠠᠵᠤ ᠦᠶ᠋ᠯᠡᠰ᠎ᠦᠨ ᠬᠡᠯᠬᠢᠶ᠎ᠡ᠎ᠶ᠋ᠢ ᠲᠦᠷᠭᠡᠳᠭᠡᠨ ᠤᠷᠲᠤᠳᠭᠠᠵᠤ᠂ ᠳᠡᠭᠡᠳᠦ ᠭᠡᠯᠬᠢᠶ᠎ᠠ ᠵᠢᠨ ᠲᠦᠭᠦᠬᠡᠶ ᠮᠠᠲ᠋ᠧᠷᠢᠶᠠᠯ᠎ᠤᠨ ᠬᠠᠩᠭᠠᠯᠭ᠎ᠠ᠂ ᠳᠤᠮᠳᠠᠳᠤ ᠭᠡᠯᠬᠢᠶ᠎ᠠ ᠵᠢᠨ ᠦᠶ᠋ᠯᠡᠳᠬᠦᠨ᠎ᠦ ᠦᠶ᠋ᠯᠡᠴᠢᠯᠡᠭᠡ᠂ ᠳᠤᠤᠷᠠᠳᠤ ᠭᠡᠯᠬᠢᠶ᠎ᠠ ᠵᠢᠨ ᠰᠠᠯᠭᠠᠨ ᠪᠣᠷᠣᠯᠠᠭᠤᠯᠬᠤ ᠠᠷᠭ᠎ᠠ ᠵᠠᠮ ᠪᠠ ᠦᠵᠦᠭᠦᠷᠯᠢᠭ᠎ᠦᠨ ᠬᠡᠷᠡᠭ᠌ᠯᠡᠭ᠌ᠴᠢᠳ᠎ᠢ ᠬᠠᠮᠤᠷᠤᠭ᠍ᠰᠠᠨ ᠪᠦᠷᠢᠨ ᠪᠦᠲᠦᠨ ᠠᠮᠢ ᠠᠬᠤᠶ᠎ᠶ᠋ᠢ ᠠᠯᠬᠤᠮ ᠠᠯᠬᠤᠮ᠎ᠢᠶᠠᠷ ᠪᠣᠶ ᠪᠣᠯᠭᠠᠪᠠ᠂ ᠡᠭᠦᠨ᠎ᠳᠦ 2025 ᠣᠨ᠎ᠳᠤ ᠳᠤᠮᠳᠠᠳᠤ ᠤᠯᠤᠰ᠎ᠤᠨ ᠪᠡᠶ᠎ᠡ᠎ᠶ᠋ᠢᠨ ᠲᠠᠮᠢᠷ᠎ᠤᠨ ᠬᠥᠳᠡᠯᠭᠡᠭᠡᠨ᠎ᠦ ᠱᠠᠬᠠᠶ ᠬᠤᠪᠴᠠᠰᠤᠨ᠎ᠤ ᠠᠵᠢᠯ ᠲᠥᠷᠥᠯ᠎ᠦᠨ ᠵᠠᠬ᠎ᠠ ᠳᠡᠯᠭᠡᠭᠦᠷ᠎ᠦᠨ ᠬᠡᠪᠴᠢᠶ᠎ᠡ 5989 ᠳ᠋ᠦᠩᠱᠢᠭᠤᠷ ᠲᠥᠭᠥᠷᠢᠭ᠎ᠲᠦ ᠬᠦᠷᠴᠦ᠍᠂ ᠴᠤᠤᠷᠢᠶ᠎ᠠ ᠲᠠᠪᠴᠠᠩ ᠤ᠋ᠨ ᠬᠡᠷ᠎ᠦᠨ ᠭᠠᠳᠠᠨᠠᠬᠢ ᠶᠠᠷᠢᠯᠴᠠᠭᠠᠨ ᠤ᠋ ᠰᠡᠳᠦᠪ ᠤ᠋ᠨ ᠨᠡᠪᠳᠡᠷᠡᠬᠦᠯᠦᠭᠰᠡᠨ ᠬᠡᠮᠵᠢᠶ᠎ᠡ 5760 ᠳ᠋ᠦᠩᠱᠢᠭᠤᠷ ᠤᠳᠠᠭ᠎ᠠ ᠳ᠋ᠤ ᠬᠦᠷᠴᠦ᠍᠂ ᠬᠡᠷ᠎ᠦᠨ ᠭᠠᠳᠠᠨᠠᠬᠢ ᠪᠡᠶ᠎ᠡ᠎ᠶ᠋ᠢᠨ ᠲᠠᠮᠢᠷ᠎ᠤᠨ ᠬᠡᠷᠡᠭ᠌ᠯᠡᠭᠡᠨ᠎ᠦ ᠬᠥᠮᠦᠨ ᠤᠳᠠᠭ᠎ᠠ 8 ᠳ᠋ᠦᠩᠱᠢᠭᠤᠷ᠎ᠢ ᠳᠠᠪᠠᠪᠠ᠃
《ᠮᠡᠳᠡᠭᠦᠯᠦᠯᠲᠡ》 ᠳ᠋ᠤ ᠬᠠᠷᠠᠭᠤᠯᠤᠬᠰᠡᠨ᠎ᠢᠶᠡᠷ᠂ ᠠᠵᠤ ᠦᠶ᠋ᠯᠡᠰ᠎ᠦᠨ ᠰᠠᠭᠤᠷᠢ ᠲᠠᠰᠤᠷᠠᠯᠲᠠ ᠥᠬᠡᠶ ᠪᠡᠬᠢᠵᠢᠬᠦ᠌ᠶ᠋ᠢ ᠳᠠᠭᠠᠯᠳᠤᠨ᠂ ᠬᠡᠷ᠎ᠦᠨ ᠭᠠᠳᠠᠨᠠᠬᠢ ᠪᠡᠶ᠎ᠠ ᠵᠢᠨ ᠲᠠᠮᠢᠷ ᠤ᠋ᠨ ᠬᠥᠳᠡᠯᠭᠡᠭᠡᠨ᠎ᠦ ᠬᠥᠭ᠌ᠵᠢᠯᠲᠡ᠎ᠳᠦ ᠬᠡᠪᠴᠢᠶ᠎ᠡ᠎ᠶ᠋ᠢ ᠥᠷᠭᠡᠳᠭᠡᠬᠦ᠌᠂ ᠬᠡᠷᠡᠭ᠌ᠴᠡᠭᠡ᠎ᠶ᠋ᠢ ᠵᠠᠳᠠᠷᠠᠭᠤᠯᠬᠤ ᠪᠠ ᠠᠷᠭ᠎ᠠ ᠵᠠᠮ᠎ᠢ ᠳᠠᠬᠢᠨ ᠪᠠᠢᠭᠤᠯᠬᠤ ᠬᠠᠨᠳᠤᠰᠢ ᠢᠯᠡᠷᠡᠪᠡ᠃ ᠭᠡᠷ᠎ᠦᠨ ᠭᠠᠳᠠᠨᠠᠬᠢ ᠪᠡᠶ᠎ᠡ᠎ᠶ᠋ᠢᠨ ᠲᠠᠮᠢᠷ᠎ᠤᠨ ᠬᠥᠳᠡᠯᠭᠡᠭᠡᠨ᠎ᠦ ᠬᠡᠷᠡᠭ᠌ᠯᠡᠭᠡ ᠨᠢ ᠶᠠᠭ ᠮᠥᠰᠥ᠍ ᠴᠠᠰᠤ᠂ ᠠᠭᠤᠯᠠᠨ ᠭᠠᠵᠠᠷ᠂ ᠡᠬᠡ ᠬᠠᠭᠤᠷᠠᠢ᠂ ᠤᠰᠤᠨ ᠳᠡᠭᠡᠷᠡᠬᠢ ᠪᠠ ᠠᠭᠠᠷ᠎ᠤᠨ ᠠᠶᠠᠯᠠᠯ ᠵᠡᠷᠭᠡ ᠤᠯᠠᠨ ᠡᠱᠢᠵᠢᠭ᠌ᠰᠡᠨ ᠳᠠᠪᠬᠤᠷᠭ᠎ᠠ᠎ᠶ᠋ᠢ ᠪᠦᠷᠢᠯᠳᠦᠭᠦᠯᠵᠦ᠍᠂ ᠠᠳᠠᠯᠢ ᠪᠤᠰᠤ ᠲᠦᠷᠦᠯ ᠵᠦᠢᠯ ᠨᠢ ᠡᠬᠢ ᠪᠠᠶᠠᠯᠢᠭ᠎ᠤᠨ ᠲᠥᠷᠥᠯᠬᠢ ᠠᠪᠢᠶᠠᠰ᠂ ᠦᠵᠡᠭ᠌ᠳᠡᠯ ᠣᠨᠴᠠᠯᠢᠭ ᠪᠠ ᠬᠥᠮᠦᠰ᠎ᠦᠨ ᠳᠤᠷᠠᠱᠢᠯ᠎ᠳᠤ ᠲᠦᠱᠢᠭ᠌ᠯᠡᠨ ᠵᠦᠷᠢᠶᠡᠴᠢᠯᠡᠭ᠌ᠰᠡᠨ ᠬᠡᠷᠡᠭ᠌ᠯᠡᠭᠡᠨ᠎ᠦ ᠳᠠᠯᠳᠠ ᠬᠦᠴᠦᠨ᠎ᠢ ᠪᠠᠳᠠᠷᠠᠭᠤᠯᠵᠤ᠂ ᠭᠡᠷ᠎ᠦᠨ ᠭᠠᠳᠠᠨᠠᠬᠢ ᠪᠡᠶ᠎ᠡ᠎ᠶ᠋ᠢᠨ ᠲᠠᠮᠢᠷ᠎ᠤᠨ ᠬᠥᠳᠡᠯᠭᠡᠭᠡᠨ᠎ᠦ ᠬᠥᠮᠦᠰ ᠳᠠᠩ ᠭᠠᠭ᠍ᠴᠠ ᠣᠷᠣᠯᠴᠠᠭ᠍ᠴᠢ ᠡᠴᠡ ᠨᠡᠩ ᠨᠠᠷᠢᠨ ᠬᠤᠪᠢᠶᠠᠭ᠍ᠰᠠᠨ ᠠᠮᠢᠳᠤᠷᠠᠯ᠎ᠤᠨ ᠠᠷᠭ᠎ᠠ ᠬᠡᠯᠪᠡᠷᠢ᠎ᠶ᠋ᠢᠨ ᠳᠠᠪᠬᠤᠷᠭ᠎ᠠ ᠲᠡᠢᠰᠢ ᠱᠢᠯᠵᠢᠵᠦ᠍ ᠪᠠᠢᠨ᠎ᠠ᠃
ᠪᠡᠭᠡᠵᠢᠩ᠎ᠦᠨ ᠪᠡᠶ᠎ᠡ᠎ᠶ᠋ᠢᠨ ᠲᠠᠮᠢᠷ᠎ᠤᠨ ᠶᠡᠬᠡ ᠰᠤᠷᠭᠠᠭᠤᠯᠢ᠎ᠶ᠋ᠢᠨ ᠪᠡᠶ᠎ᠡ᠎ᠶ᠋ᠢᠨ ᠲᠠᠮᠢᠷ᠎ᠤᠨ ᠰᠡᠯᠡᠭᠦᠴᠡᠯ ᠬᠢᠭᠡᠳ ᠵᠢᠭᠤᠯᠴᠢᠯᠠᠯ᠎ᠤᠨ ᠳᠡᠭᠡᠳᠦ ᠰᠤᠷᠭᠠᠭᠤᠯᠢ᠎ᠶ᠋ᠢᠨ ᠵᠠᠬᠢᠷᠤᠯ ᠵᠢᠶᠠᠩ ᠢ ᠢ᠄ 《ᠡᠨᠡ ᠬᠦ᠌ ᠮᠡᠳᠡᠭᠦᠯᠦᠯᠲᠡ᠎ᠳᠦ 2025 ᠣᠨ᠎ᠤ ᠮᠠᠨ᠎ᠤ ᠤᠯᠤᠰ᠎ᠤᠨ ᠬᠡᠷ᠎ᠦᠨ ᠭᠠᠳᠠᠨᠠᠬᠢ ᠪᠡᠶ᠎ᠡ᠎ᠶ᠋ᠢᠨ ᠲᠠᠮᠢᠷ᠎ᠤᠨ ᠬᠡᠷᠡᠭ᠌ᠯᠡᠭᠡᠨ᠎ᠦ ᠬᠥᠭ᠌ᠵᠢᠯᠲᠡ᠎ᠶ᠋ᠢᠨ ᠪᠥᠬᠥ᠌ ᠪᠠᠢᠳᠠᠯ᠎ᠢ ᠱᠢᠰᠲ᠋ᠧᠮ᠎ᠲᠡᠶ ᠡᠮᠬᠢᠯᠡᠵᠦ᠍᠂ ᠠᠵᠢᠯ ᠲᠥᠷᠥᠯ᠎ᠦᠨ ᠬᠡᠷᠡᠭ᠌ᠯᠡᠭᠡᠨ᠎ᠦ ᠬᠠᠨᠳᠤᠰᠢ᠎ᠶ᠋ᠢ ᠣᠨᠣᠴᠠᠲᠠᠶ ᠡᠵᠡᠮᠳᠡᠬᠦ᠌᠂ ᠦᠶ᠋ᠯᠡᠳᠬᠦᠨ᠎ᠦ ᠬᠠᠩᠭᠠᠯᠭ᠎ᠠ᠎ᠶ᠋ᠢ ᠱᠢᠯᠢᠳᠡᠭ᠌ᠵᠢᠭᠦᠯᠬᠦ᠌᠎ᠳᠦ ᠴᠢᠬᠤᠯᠠ ᠯᠠᠪᠯᠠᠯᠲᠠ ᠬᠠᠩᠭᠠᠵᠤ᠂ ᠬᠡᠷ᠎ᠦᠨ ᠭᠠᠳᠠᠨᠠᠬᠢ ᠪᠡᠶ᠎ᠡ᠎ᠶ᠋ᠢᠨ ᠲᠠᠮᠢᠷ᠎ᠤᠨ ᠠᠵᠤ ᠦᠶ᠋ᠯᠡᠰ᠎ᠦᠨ ᠦᠷᠭᠦᠯᠵᠢᠯᠡᠬᠦ᠌ ᠬᠥᠭ᠌ᠵᠢᠯᠲᠡ᠂ ᠪᠡᠶ᠎ᠡ᠎ᠶ᠋ᠢᠨ ᠲᠠᠮᠢᠷ ᠰᠣᠶᠣᠯ ᠵᠢᠭᠤᠯᠴᠢᠯᠠᠯ᠎ᠤᠨ ᠭᠦᠨᠵᠡᠭᠡᠶ ᠠᠭᠤᠰᠤᠯᠴᠠᠯ᠎ᠢ ᠠᠬᠢᠭᠤᠯᠬᠤ᠂ ᠱᠢᠨ᠎ᠡ ᠬᠡᠯᠪᠡᠷᠢ᠎ᠶ᠋ᠢᠨ ᠬᠡᠷᠡᠭ᠌ᠯᠡᠭᠡᠨ᠎ᠦ ᠨᠡᠮᠡᠭ᠌ᠳᠡᠯ᠎ᠦᠨ ᠴᠡᠭ᠎ᠢ ᠪᠣᠢᠵᠢᠭᠤᠯᠬᠤ᠎ᠳᠤ ᠪᠣᠳᠠᠲᠤ ᠦᠨᠳᠦᠰᠦᠯᠡᠯ ᠬᠠᠩᠭᠠᠵᠠᠢ》 ᠭᠡᠵᠤ ᠢᠯᠡᠳᠭᠡᠪᠡ᠃
《ᠮᠡᠳᠡᠭᠦᠯᠦᠯᠲᠡ》 ᠶ᠋ᠢ ᠪᠡᠭᠡᠵᠢᠩ᠎ᠦᠨ ᠪᠡᠶ᠎ᠡ᠎ᠶ᠋ᠢᠨ ᠲᠠᠮᠢᠷ᠎ᠤᠨ ᠶᠡᠬᠡ ᠰᠤᠷᠭᠠᠭᠤᠯᠢ᠎ᠶ᠋ᠢᠨ ᠪᠡᠶ᠎ᠡ᠎ᠶ᠋ᠢᠨ ᠲᠠᠮᠢᠷ ᠰᠡᠯᠡᠭᠦᠴᠡᠯ ᠬᠢᠭᠡᠳ ᠵᠢᠭᠤᠯᠴᠢᠯᠠᠯ᠎ᠤᠨ ᠳᠡᠭᠡᠳᠦ ᠰᠤᠷᠭᠠᠭᠤᠯᠢ᠂ ᠳᠤᠮᠳᠠᠳᠤ ᠤᠯᠤᠰ᠎ᠤᠨ ᠪᠡᠶ᠎ᠡ᠎ᠶ᠋ᠢᠨ ᠲᠠᠮᠢᠷ᠎ᠤᠨ ᠬᠥᠭ᠌ᠵᠢᠯᠲᠡ᠎ᠶ᠋ᠢᠨ ᠰᠤᠳᠤᠯᠭᠠᠨ᠎ᠤ ᠬᠦᠷᠢᠶᠡᠯᠡᠩ᠂ ᠪᠥᠬᠥ᠌ ᠠᠷᠠᠳ᠎ᠤᠨ ᠪᠡᠶ᠎ᠡ ᠴᠢᠭᠢᠷᠠᠭ᠍ᠵᠢᠭᠤᠯᠬᠤ ᠰᠤᠳᠤᠯᠭᠠᠨ᠎ᠤ ᠬᠦᠷᠢᠶᠡᠯᠡᠩ ᠪᠤᠯᠤᠨ ᠮᠸᠢ ᠲᠤᠸᠠᠨ ᠰᠤᠳᠤᠯᠭᠠᠨ᠎ᠤ ᠬᠦᠷᠢᠶᠡᠯᠡᠩ ᠡᠴᠡ ᠬᠠᠮᠲᠤᠷᠠᠨ ᠨᠡᠢᠲᠡᠯᠡᠪᠡ᠃
(ᠱᠢᠨᠬᠤᠸᠠ ᠬᠣᠷᠢᠶ᠎ᠠ ᠵᠢᠨ ᠬᠠᠩᠵᠧᠦ᠍᠎ᠶ᠋ᠢᠨ 5 ᠰᠠᠷ᠎ᠠ᠎ᠶ᠋ᠢᠨ 16 ᠤ᠋ ᠴᠠᠬᠢᠯᠭᠠᠨ ᠮᠡᠳᠡᠭᠡ)