ᠭᠠᠷ ᠤᠲᠠᠰᠤᠨ ᠤ᠋ ᠳᠡᠯᠭᠡᠴᠡᠶ᠋ᠢ ᠬᠦᠩᠭᠡᠨ ᠲᠤᠪᠴᠢᠳᠠᠬᠤ ᠳ᠋ᠤ᠂ ᠣᠢ ᠱᠢᠭᠤᠶ ᠵᠢᠨ ᠲᠣᠭᠠᠴᠢᠯᠠᠭ᠍ᠰᠠᠨ ᠭᠠᠵᠠᠷ ᠤ᠋ᠨ ᠵᠢᠷᠤᠭ ᠬᠠᠷᠠᠭᠠᠨ ᠳ᠋ᠤ ᠲᠤᠳᠤᠷᠠᠨ᠎ᠠ᠃ ᠭᠠᠵᠠᠷ ᠤ᠋ᠨ ᠵᠢᠷᠤᠭ ᠳᠡᠭᠡᠷ᠎ᠡ ᠲᠦᠮᠡ ᠭᠠᠷᠤᠶ ᠴᠡᠭᠨᠠᠷᠢᠨ ᠲᠤᠳᠤᠷᠬᠠᠢ ᠲᠡᠮᠳᠡᠭᠯᠡᠭᠡᠰᠦᠲᠡᠢ᠂ ᠡᠲᠡᠭᠡᠷ ᠨᠢ ᠴᠥᠮ ᠶᠠᠩ ᠬᠣᠩ ᠲᠤᠤ ᠵᠢᠨ ᠣᠶ ᠱᠢᠭᠤᠶᠴᠠᠭ᠍ᠳᠠᠬᠤ ᠦᠶᠡᠳᠡᠭᠡᠨ ᠨᠠᠷᠢᠨ ᠬᠢᠨᠠᠮᠠᠭᠠᠢ ᠲᠡᠮᠳᠡᠭ᠌ᠯᠡᠭ᠌ᠰᠡᠨ ᠴᠡᠭ ᠤ᠋ᠳ ᠪᠣᠯᠤᠨ᠎ᠠ᠃
5 ᠰᠠᠷ᠎ᠠ ᠵᠢᠨ 10 ᠤ᠋ ᠡᠳᠦᠷ᠂ ᠶᠠᠩ ᠬᠣᠩ ᠲᠤᠤᠲᠠᠶ ᠠᠭᠤᠯᠵᠠᠬᠤ ᠳ᠋ᠤ᠂ ᠲᠡᠷᠡ ᠪᠠᠰᠠ ᠯᠡ ᠠᠭᠤᠯᠠᠨ ᠳ᠋ᠤ ᠤᠢ ᠱᠢᠭᠤᠢᠶ᠋ᠢ ᠴᠠᠭ᠍ᠳᠠᠵᠤ ᠪᠠᠢᠬᠤ ᠲᠠᠢ ᠲᠤᠬᠢᠶᠠᠯᠳᠤᠪᠠ᠃
ᠶᠠᠩ ᠬᠣᠩ ᠲᠤᠤ ᠪᠣᠯ ᠶᠠᠭ᠍ᠰᠢ ᠬᠤᠲᠠ ᠵᠢᠨ ᠮᠢᠶᠠᠨ ᠳ᠋ᠦ᠋ ᠾᠧ ᠤᠢ ᠱᠢᠭᠤᠢ ᠵᠢᠨ ᠲᠠᠯᠠᠪᠠᠢ ᠵᠢᠨ ᠳᠠᠷᠤᠭ᠎ᠠ ᠪᠤᠯᠤᠨ᠎ᠠ᠃ ᠲᠦᠢᠮᠡᠷ ᠰᠡᠷᠭᠡᠢᠯᠡᠬᠦ᠌ ᠬᠤᠭᠤᠴᠠᠭᠠᠨ ᠳ᠋ᠤ᠂ ᠲᠠᠷᠢᠶᠠᠯᠠᠩ ᠮᠠᠯ ᠠᠵᠤ ᠠᠬᠤᠶ ᠵᠢᠨ ᠦᠢᠯᠡᠳᠪᠦᠷᠢᠯᠡᠯ ᠤ᠋ᠨ ᠴᠡᠭ ᠪᠣᠯᠤᠨ ᠬᠡᠭᠡᠷ᠎ᠡ ᠭᠠᠳᠠᠭ᠎ᠠ ᠠᠵᠢᠯᠯᠠᠬᠤ ᠴᠡᠭ ᠤ᠋ᠨ ᠲᠦᠢᠮᠡᠷ ᠰᠡᠷᠭᠡᠢᠯᠡᠬᠦ᠌ ᠳᠠᠯᠳᠠ ᠭᠡᠮ ᠰᠤᠭᠤᠭ ᠢ᠋ ᠪᠠᠢᠴᠠᠭᠠᠬᠤ᠂ ᠣᠶ ᠱᠢᠭᠤᠶ ᠵᠢᠨ ᠠᠮᠤᠷ ᠲᠦᠪᠱᠢᠨ ᠢ᠋ ᠲᠣᠭᠣᠷᠢᠨ ᠬᠠᠮᠠᠭᠠᠯᠠᠬᠤ᠂ ᠱᠢᠨ᠎ᠡ ᠪᠡᠷ ᠨᠡᠮᠡᠭ᠌ᠳᠡᠭ᠌ᠰᠡᠨ ᠴᠡᠭ ᠣᠷᠣᠨ ᠢ᠋ ᠲᠡᠮᠳᠡᠭᠯᠡᠬᠦ ᠁ ᠲᠡᠭᠦᠨᠦ ᠪᠠᠷ᠎ᠠ ᠭᠦᠨ ᠣᠶᠳᠤ ᠪᠠᠢᠩᠭᠤ ᠬᠠᠷᠠᠭᠳᠠᠨ᠎ᠠ᠃
ᠶᠠᠭ᠍ᠰᠢ ᠵᠢᠨ ᠣᠢ ᠰᠢᠭᠤᠢ ᠮᠢᠩᠭᠠᠨ ᠭᠠᠵᠠᠷ ᠦᠷᠭᠦᠯᠵᠢᠯᠡᠵᠦ᠍᠂ ᠠᠭᠤᠯᠠᠨ ᠵᠠᠮ ᠡᠩᠬᠦᠯ ᠳᠤᠩᠬᠤᠯ᠂ ᠭᠤᠤ ᠭᠠᠩᠭ᠎ᠠ ᠰᠦᠯᠵᠢᠯᠳᠦᠨ᠎ᠡ᠃ ᠤᠤᠯᠳᠠᠭᠠᠨ ᠭᠠᠯ ᠲᠦᠶ᠋ᠮᠡᠷ ᠤ᠋ᠨ ᠪᠠᠢᠳᠠᠯ ᠤ᠋ᠨ ᠤᠷᠢᠳᠴᠢᠯᠠᠭᠰᠠᠨ ᠰᠡᠷᠡᠮᠵᠢ ᠶ᠋ᠢ ᠤᠯᠤᠭᠰᠠᠨ ᠤ᠋ ᠳᠠᠷᠠᠭ᠎ᠠ᠂ ᠠᠵᠢᠯᠲᠠᠳ ᠵᠥᠪᠬᠡᠨ ᠱᠤᠭᠤᠮ ᠵᠢᠡᠷ ᠭᠠᠵᠠᠷ ᠤ᠋ᠨ ᠵᠢᠷᠤᠭ ᠳᠡᠭᠡᠷ᠎ᠡ ᠲᠣᠳᠣᠷᠬᠠᠢᠯᠠᠯᠲᠠ ᠬᠢᠳᠡᠭ ᠪᠠᠢᠪᠠ᠂ ᠡᠨᠡ ᠨᠢ ᠣᠷᠣᠨ ᠪᠠᠢᠷᠢ ᠵᠢᠨ ᠤᠨᠤᠪᠴᠢ ᠵᠢᠨ ᠬᠡᠮᠵᠢᠶ᠎ᠡ ᠳᠤᠤᠷ᠎ᠠ᠂ ᠨᠠᠩ ᠴᠤ᠌ ᠵᠠᠮ ᠢ᠋ ᠡᠷᠢᠵᠦ᠍ ᠤᠯᠬᠤ ᠥᠬᠡᠶ᠂ ᠬᠣᠯᠠ ᠵᠠᠮ ᠲᠣᠭᠣᠷᠢᠵᠤ᠂ ᠲᠦᠶ᠋ᠮᠡᠷ ᠤᠨᠲᠠᠷᠠᠭᠠᠬᠤ ᠠᠩᠭᠢ ᠲᠦᠶ᠋ᠮᠡᠷ ᠭᠠᠷᠤᠭ᠍ᠰᠠᠨ ᠭᠠᠵᠠᠷ᠎ᠲᠤ ᠴᠠᠭ ᠲᠤᠬᠠᠶ ᠳ᠋ᠤᠨᠢ ᠬᠦᠷᠴᠦ᠍ ᠳᠡᠢᠯᠬᠦ᠌ ᠥᠬᠡᠶ ᠡᠴᠡ ᠪᠤᠯᠵᠤ ᠲᠦᠶ᠋ᠮᠡᠷ ᠤᠨᠲᠠᠷᠠᠭᠠᠬᠤ ᠴᠠᠭ ᠢ᠋ ᠰᠠᠭᠠᠲᠠᠭᠠᠳᠠᠭ ᠪᠠᠢᠪᠠ᠃
ᠬᠡᠷᠬᠢᠨ ᠡᠨᠡ ᠬᠦ᠌ ᠠᠰᠠᠭᠤᠳᠠᠯ ᠢ᠋ ᠰᠠᠢᠲᠤᠷ ᠱᠢᠢᠳᠪᠦᠷᠢᠯᠡᠵᠦ᠍᠂ ᠲᠦᠢᠮᠡᠷ ᠰᠡᠷᠭᠡᠢᠯᠡᠬᠦ᠌ ᠠᠵᠢᠯ ᠢ᠋ ᠨᠡᠩ ᠥᠨᠳᠥᠷ ᠪᠦᠲᠦᠮᠵᠢᠲᠡᠢ᠂ ᠨᠠᠷᠢᠯᠢᠭ ᠣᠨᠣᠪᠴᠢᠲᠠᠢ ᠪᠣᠯᠭᠠᠬᠤ ᠪᠤᠢ?
20 ᠭᠠᠷᠤᠢ ᠵᠢᠯ ᠤ᠋ᠨ ᠡᠮᠦᠨ᠎ᠡ᠂ ᠶᠠᠩ ᠬᠣᠩ ᠲᠤᠤ ᠠᠩᠬ᠎ᠠ ᠱᠢᠭᠤᠢᠲᠤ ᠣᠷᠣᠨ ᠤ᠋ ᠠᠵᠢᠯ ᠳ᠋ᠤ ᠣᠷᠣᠯᠴᠠᠮᠠᠭ᠍ᠴᠠᠰᠡᠳᠭᠢᠯᠳᠡᠭᠡᠨ ᠡᠨᠡ ᠲᠤᠬᠠᠢ ᠪᠤᠳᠤᠯᠬᠢᠯᠠᠭᠰᠠᠭᠠᠷ ᠢᠷᠡᠪᠡ᠋᠃ 《ᠲᠦᠢᠮᠡᠷ ᠤ᠋ᠨ ᠪᠠᠢᠳᠠᠯ ᠢ᠋ ᠡᠷᠲᠡᠬᠡᠨ ᠢᠯᠡᠷᠡᠭᠦᠯᠵᠦ᠍᠂ ᠲᠦᠢᠮᠡᠷ ᠭᠠᠷᠤᠭᠰᠠᠨ ᠭᠠᠵᠠᠷ ᠲᠤ᠌ᠬᠦᠷᠬᠦ᠌ ᠬᠠᠮᠤᠭ ᠤ᠋ᠨ ᠳᠥᠭᠥᠮ ᠳᠥᠲᠡ ᠵᠠᠮ ᠢ᠋ ᠣᠨᠣᠪᠴᠢᠲᠠᠢ ᠲᠥᠯᠥᠪᠵᠢᠭᠦᠯᠬᠦ᠌ ᠪᠣᠯ ᠪᠦᠲᠦᠮᠵᠢᠲᠡᠢ ᠪᠡᠷ ᠲᠦᠢᠮᠡᠷ ᠢ᠋ ᠤᠨᠲᠠᠷᠠᠭᠠᠵᠤ᠂ ᠬᠣᠬᠢᠷᠠᠯ ᠢ᠋ ᠪᠠᠭᠠᠰᠭᠠᠬᠤᠵᠠᠩᠭᠢᠯᠠᠭᠠ ᠪᠣᠯᠤᠨ᠎ᠠ》 ᠭᠡᠳᠡᠭ ᠢ᠋ ᠮᠡᠳᠡᠭᠡ ᠵᠠᠩᠭᠢ ᠵᠢᠨ ᠴᠠᠭ ᠦᠶ᠎ᠡ ᠳ᠋ᠤ ᠭᠦᠨ ᠨᠥᠯᠥᠭᠡᠯᠡᠭ᠌ᠳᠡᠭ᠌ᠰᠡᠨ ᠬᠥᠮᠦᠨ ᠪᠣᠯᠤᠭ᠍ᠰᠠᠨ ᠤ᠋ ᠬᠤᠪᠢ ᠳ᠋ᠤ ᠂ ᠶᠠᠩ ᠬᠣᠩ ᠲᠤᠤ ᠰᠠᠢᠨ ᠮᠡᠳᠡᠨ᠎ᠡ᠃
ᠪᠣᠶ ᠪᠥᠬᠥᠶ ᠲᠦᠢᠮᠡᠷ ᠰᠡᠷᠭᠡᠢᠯᠡᠬᠦ᠌ ᠮᠡᠳᠡᠭᠡ ᠵᠠᠩᠭᠢᠶ᠋ᠢ ᠡᠮᠬᠢᠯᠡᠨ ᠨᠡᠢᠯᠡᠭᠦᠯᠵᠦ᠍᠂ ᠭᠠᠷ ᠤᠲᠠᠰᠤ ᠪᠤᠶᠤ ᠺᠣᠮᠫᠢᠦ᠋ᠲ᠋ᠧᠷ ᠳᠡᠭᠡᠷ᠎ᠡ ᠦᠵᠡᠴᠢᠬᠡᠳᠡᠭ ᠡᠯᠧᠺᠲ᠋ᠷᠣᠨ ᠭᠠᠵᠠᠷ ᠤ᠋ᠨ ᠵᠢᠷᠤᠭ ᠵᠣᠬᠢᠶᠠᠵᠤ ᠪᠤᠯᠤᠨ᠎ᠠ ᠤᠤ ᠦᠭᠡᠢ ᠤᠤ? ᠭᠡᠰᠡᠨ ᠪᠤᠳᠤᠯ ᠶᠠᠩ ᠬᠣᠩ ᠲᠤᠤ ᠵᠢᠨ ᠰᠡᠳᠭᠢᠯ ᠳ᠋ᠤ ᠬᠠᠳᠠᠩᠱᠢᠵᠠᠢ᠃ ᠲᠤᠰᠭᠠᠶ ᠮᠡᠷᠭᠡᠵᠢᠯ ᠤ᠋ᠨ ᠪᠦᠯᠬᠦᠮ ᠪᠠᠢᠬᠤ ᠥᠬᠡᠶ᠂ ᠲᠤᠰᠭᠠᠶ ᠵᠠᠷᠤᠳᠠᠯ ᠴᠤ᠌ ᠪᠠᠢᠬᠤ ᠥᠬᠡᠶ᠂ ᠵᠥᠪᠬᠡᠨ ᠱᠢᠭᠤᠢᠲᠤ ᠣᠷᠣᠨ ᠢ᠋ ᠬᠠᠢᠷᠠᠯᠠᠬᠤ ᠰᠡᠳᠭᠢᠯ ᠪᠠ ᠡᠯᠧᠺᠲ᠋ᠷᠣᠨ ᠮᠡᠷᠭᠡᠵᠢᠯ ᠢ᠋ ᠰᠤᠷᠴᠤ ᠰᠤᠳᠤᠯᠬᠤ ᠳ᠋ᠤ ᠲᠦᠱᠢᠭ᠌ᠯᠡᠨ᠂ ᠲᠡᠷᠡ 《ᠲᠦᠢᠮᠡᠷ ᠰᠡᠷᠭᠡᠢᠯᠡᠬᠦ᠌ ᠡᠯᠧᠺᠲ᠋ᠷᠣᠨ ᠭᠠᠵᠠᠷ ᠤ᠋ᠨ ᠵᠢᠷᠤᠭ》 ᠢ᠋ ᠰᠤᠳᠤᠯᠤᠨ ᠨᠡᠭᠡᠭᠡᠬᠦ᠌ ᠠᠵᠢᠯ ᠵᠢᠡᠨ ᠡᠬᠢᠯᠡᠭᠦᠯᠪᠡ᠃
ᠰᠤᠳᠤᠯᠤᠨ ᠨᠡᠭᠡᠭᠡᠬᠦ᠌ ᠠᠩᠬᠠᠨ ᠤ᠋ ᠠᠯᠬᠤᠮ ᠪᠤᠯ ᠲᠣᠭ᠎ᠠ ᠪᠠᠷᠢᠮᠲᠠ ᠴᠤᠭ᠍ᠯᠠᠭᠤᠯᠬᠤ ᠶᠠᠳᠠᠷᠠᠯᠲᠠᠶ ᠶᠠᠪᠤᠳᠠᠯ ᠪᠣᠯᠤᠨ᠎ᠠ᠃ ᠶᠠᠭ᠍ᠰᠢ ᠬᠣᠲᠠ ᠵᠢᠨ ᠱᠢᠭᠤᠢᠲᠤ ᠣᠷᠣᠨ ᠤ᠋ ᠲᠠᠯᠠᠪᠠᠶ ᠶᠡᠬᠡ᠂ ᠭᠠᠵᠠᠷ ᠤ᠋ᠨ ᠪᠠᠢᠴᠠ ᠪᠤᠳᠤᠯᠢᠶᠠᠨᠲᠠᠶ᠂ ᠡᠪᠦᠯ ᠤ᠋ᠨ ᠤᠯᠠᠷᠢᠯ ᠤ᠋ᠨ ᠠᠭᠠᠷ ᠤ᠋ᠨ ᠳᠤᠯᠠᠭᠠᠨ ᠲᠡᠭᠡᠴᠡ ᠳᠣᠷᠣᠭ᠍ᠰᠢ ᠭᠤᠴᠢ ᠳᠥᠴᠢᠨ ᠭᠷᠠᠳᠦ᠋ᠰᠲᠦ ᠬᠦᠷᠴᠦ᠍ ᠂ ᠬᠠᠪᠤᠷ ᠤ᠋ᠨ ᠤᠯᠠᠷᠢᠯ ᠳ᠋ᠤ ᠬᠤᠪᠠᠯᠵᠠ ᠬᠣᠷᠣᠬᠠᠶ ᠡᠯᠪᠡᠭ ᠂ ᠵᠤᠨ ᠤ᠋ ᠤᠯᠠᠷᠢᠯ ᠳ᠋ᠤ ᠪᠠᠲᠠᠭᠠᠨ᠎ᠠ ᠰᠢᠮᠠᠭᠤᠯ ᠤᠯᠠᠨ᠂ ᠢᠭ᠍ᠴᠤ ᠰᠠᠬᠤᠯᠢᠭ ᠣᠶ ᠵᠢᠨ ᠳᠤᠮᠳᠠᠭᠤᠷ ᠶᠠᠪᠤᠬᠤ ᠳ᠋ᠤ ᠬᠦᠴᠢᠷᠲᠡᠶ ᠪᠠᠢᠳᠠᠭ᠃ ᠵᠠᠮ᠂ ᠭᠣᠣᠯ ᠮᠥᠷᠡᠨ᠂ ᠬᠠᠮᠢᠶᠠᠷᠤᠨ ᠬᠠᠮᠠᠭᠠᠯᠠᠬᠤ ᠦᠷᠳᠡᠭᠡ᠂ ᠤᠰᠤᠨ ᠰᠤᠷᠪᠤᠯᠵᠢ ᠵᠢᠨ ᠭᠠᠵᠠᠷ ᠤ᠋ᠨ ᠪᠠᠢᠷᠢ ᠲᠣᠭ᠍ᠲᠠᠭᠠᠯᠲᠠᠶ᠋ᠢ ᠨᠠᠷᠢᠯᠢᠭ ᠣᠨᠣᠪᠴᠢᠲᠠᠢ ᠲᠣᠭ᠍ᠲᠠᠭᠠᠬᠤ ᠵᠢᠨ ᠲᠥᠯᠥᠭᠡ᠂ ᠶᠠᠩ ᠬᠣᠩ ᠲᠤᠤ GPS ᠪᠠᠢᠷᠢ ᠲᠣᠭ᠍ᠲᠠᠭᠠᠬᠤ ᠬᠡᠮᠵᠢᠭᠦᠷᠯᠢᠭ ᠵᠢᠡᠨ ᠠᠪᠴᠤ᠌ ᠱᠢᠭᠤᠢᠲᠤ ᠣᠷᠣᠨ ᠵᠢᠡᠷ ᠬᠦᠨᠵᠡᠭᠡᠢᠷᠡᠵᠤ᠂ ᠠᠷᠪᠠᠨ ᠬᠡᠳᠦᠨ ᠵᠢᠯ ᠤ᠋ᠨ ᠲᠤᠷᠰᠢ᠂ ᠡᠯ᠎ᠡ ᠲᠦᠷᠦᠯ ᠤ᠋ᠨ ᠲᠣᠭ᠎ᠠ ᠪᠠᠷᠢᠮᠲᠠ᠎ᠶ᠋ᠢ ᠨᠡᠢ᠌ᠲᠡ ᠲᠦᠮᠡ ᠭᠠᠷᠤᠢ ᠵᠤᠷᠪᠤᠰ ᠴᠤᠭ᠍ᠯᠠᠭᠤᠯᠤᠨ᠂ ᠨᠡᠯᠦᠭᠡᠷ ᠶᠡᠬᠡ ᠤᠢ ᠱᠢᠭᠤᠢ ᠵᠢᠨ ᠪᠠᠢᠳᠠᠯ ᠢ᠋ ᠨᠢᠭᠡᠳ ᠨᠢᠭᠡ ᠪᠡᠷ ᠣᠢᠯᠠᠭᠠᠵᠤ᠂ ᠨᠠᠷᠢᠯᠢᠭ ᠣᠨᠣᠪᠴᠢᠲᠠᠢ ᠲᠤᠳᠤᠷᠬᠠᠢᠯᠠᠪᠠ᠃
ᠲᠣᠭ᠎ᠠ ᠪᠠᠷᠢᠮᠲᠠ ᠴᠤᠭ᠍ᠯᠠᠭᠤᠯᠬᠤ ᠨᠢ ᠵᠥᠪᠬᠡᠨ ᠡᠬᠢᠯᠡᠯᠲᠡ ᠲᠡᠳᠦᠶ᠂ ᠨᠠᠩ ᠬᠦᠴᠢᠷᠲᠡᠶ ᠨᠢ ᠱᠢᠰᠲ᠋ᠧᠮ ᠢ᠋ ᠰᠤᠳᠤᠯᠤᠨ ᠨᠡᠭᠡᠭᠡᠬᠦ᠌ ᠪᠠ ᠲᠤᠷᠱᠢᠨ ᠲᠣᠬᠢᠷᠠᠭᠤᠯᠬᠤ ᠶᠠᠪᠤᠳᠠᠯ ᠪᠣᠯᠤᠨ᠎ᠠ᠃ ᠲᠤᠰᠬᠠᠢ ᠮᠡᠷᠭᠡᠵᠢᠯ ᠤ᠋ᠨ ᠪᠤᠰᠤ ᠭᠠᠷᠤᠯᠲᠠᠶ ᠲᠡᠷᠡ ᠺᠣᠮᠫᠢᠦ᠋ᠲ᠋ᠧᠷ ᠤ᠋ᠨ ᠮᠡᠷᠭᠡᠵᠢᠯ ᠢ᠋ ᠥᠪᠡᠰᠦᠪᠡᠨ ᠰᠤᠷᠴᠤ᠌ ᠡᠵᠡᠮᠰᠢᠨ᠂ 《ᠴᠡᠭ ᠲᠠᠯᠪᠢᠬᠤ》 ᠪᠡᠷ ᠳᠠᠮᠵᠢᠨ ᠣᠯᠤᠭ᠍ᠰᠠᠨ ᠶᠠᠭ᠍ᠰᠢ ᠵᠢᠨ ᠤᠢ ᠱᠢᠭᠤᠢ ᠪᠠ ᠨᠤᠲᠤᠭ ᠪᠡᠯᠴᠢᠭᠡᠷ ᠤ᠋ᠨ ᠲᠦᠢᠮᠡᠷ ᠢ᠋ ᠰᠡᠷᠭᠡᠢᠯᠡᠬᠦ᠌ ᠡᠬᠢ ᠪᠠᠶᠠᠯᠢᠭ ᠤ᠋ᠨ ᠲᠠᠷᠬᠠᠯᠲᠠ ᠪᠣᠯᠤᠨ ᠨᠡᠢᠭᠡᠮ ᠤ᠋ᠨ ᠮᠡᠳᠡᠭᠡ ᠵᠠᠩᠭᠢ ᠵᠡᠷᠭᠡ ᠮᠠᠲᠧᠷᠢᠶᠠᠯ ᠢ᠋ ᠨᠢᠭᠡᠳ ᠨᠢᠭᠡ ᠪᠡᠷ ᠭᠠᠵᠠᠷ ᠤ᠋ᠨ ᠵᠢᠷᠤᠭ ᠤ᠋ᠨ ᠮᠡᠳᠡᠭᠡ ᠵᠠᠩᠭᠢ ᠵᠢᠨ ᠱᠢᠰᠲ᠋ᠧᠮ ᠤ᠋ᠨ ᠳ᠋ᠠᠢᠲ᠋ᠠ ᠬᠥᠮᠥᠷᠭᠡ ᠳ᠋ᠤ ᠣᠷᠣᠭᠤᠯᠵᠤ᠂ ᠳᠠᠭᠠᠭᠤᠯᠢ ᠤᠳᠤᠨ ᠤ᠋ ᠭᠡᠷᠡᠯ ᠵᠢᠷᠤᠭ ᠤ᠋ᠨ ᠭᠤᠷᠪᠠᠨ ᠬᠡᠮᠵᠢᠯᠳᠦ ᠮᠡᠷᠭᠡᠵᠢᠯ ᠤ᠋ᠨ ᠬᠥᠮᠥᠷᠭᠡᠲᠡᠶ ᠤᠶᠠᠯᠳᠤᠭᠤᠯᠤᠨ᠂ ᠳᠠᠬᠢᠨ ᠳᠠᠪᠲᠠᠨ ᠲᠤᠬᠢᠷᠠᠭᠤᠯᠤᠨ ᠲᠤᠷᠱᠢᠵᠤ᠂ ᠲᠠᠰᠤᠷᠠᠯᠲᠠ ᠦᠭᠡᠢ ᠱᠢᠯᠢᠳᠡᠭ᠌ᠵᠢᠭᠦᠯᠤᠨ᠂ ᠬᠡᠷᠡᠭᠯᠡᠬᠦ ᠳ᠋ᠤ ᠳᠦᠭᠦᠮ ᠭᠠᠵᠠᠷ ᠣᠷᠣᠨ ᠤ᠋ ᠤᠢ ᠱᠢᠭᠤᠢ ᠪᠠ ᠨᠤᠲᠤᠭ ᠪᠡᠯᠴᠢᠭᠡᠷ ᠤ᠋ᠨ ᠲᠦᠢᠮᠡᠷ ᠢ᠋ ᠰᠡᠷᠭᠡᠢᠯᠡᠬᠦ᠌ ᠭᠠᠵᠠᠷ ᠵᠦᠢ ᠵᠢᠨ ᠮᠡᠳᠡᠭᠡ ᠵᠠᠩᠭᠢ ᠵᠢᠨ ᠱᠢᠰᠲ᠋ᠧᠮ — 《ᠡᠯᠧᠺᠲ᠋ᠷᠣᠨ ᠲᠦᠢᠮᠡᠷ ᠰᠡᠷᠭᠡᠢᠯᠡᠬᠦ᠌ ᠭᠠᠵᠠᠷ ᠤ᠋ᠨ ᠵᠢᠷᠤᠭ》 ᠢ᠋ ᠰᠤᠳᠤᠯᠤᠨ ᠦᠢᠯᠡᠳᠴᠡᠢ᠃
ᠡᠨᠡ ᠬᠦ᠌ 《ᠲᠦᠢᠮᠡᠷ ᠰᠡᠷᠭᠡᠢᠯᠡᠬᠦ᠌ ᠡᠯᠧᠺᠲ᠋ᠷᠣᠨ ᠭᠠᠵᠠᠷ ᠤ᠋ᠨ ᠵᠢᠷᠤᠭ》 ᠨᠢ ᠶᠠᠭ ᠮᠢᠩᠭᠠᠨ ᠭᠠᠵᠠᠷ ᠤ᠋ᠨ ᠤᠢ ᠱᠢᠭᠤᠢ ᠵᠢᠨ 《ᠤᠶᠤᠨᠲᠤ ᠶᠡᠬᠡ ᠲᠠᠷᠢᠬᠢ》 ᠱᠢᠭ᠋ ᠵᠢᠡᠷ ᠶᠠᠭ᠍ᠰᠢ ᠵᠢᠨ ᠪᠦᠬᠦ᠌ ᠬᠤᠳᠠ ᠵᠢᠨ ᠤᠢ ᠱᠢᠭᠤᠢ ᠪᠠ ᠨᠤᠲᠤᠭ ᠪᠡᠯᠴᠢᠭᠡᠷ ᠤ᠋ᠨ ᠡᠬᠢ ᠪᠠᠶᠠᠯᠢᠭ᠂ ᠭᠠᠵᠠᠷ ᠤ᠋ᠨ ᠪᠠᠢᠴᠠ ᠵᠢᠨ ᠲᠠᠷᠬᠠᠯᠲᠠ᠂ ᠵᠠᠮ ᠱᠤᠭᠤᠮ ᠤᠰᠤᠨ ᠱᠢᠰᠲ᠋ᠧᠮ᠂ ᠲᠦᠢᠮᠡᠷ ᠰᠡᠷᠭᠡᠢᠯᠡᠬᠦ᠌ ᠲᠥᠬᠥᠭᠡᠷᠦᠮᠵᠢ ᠵᠡᠷᠭᠡ ᠮᠡᠳᠡᠭᠡ ᠵᠠᠩᠭᠢᠶ᠋ᠢ ᠨᠡᠢᠳᠭᠡᠵᠦ᠍᠂ ᠳᠠᠭᠠᠭᠤᠯᠢ ᠤᠳᠤᠨ ᠤ᠋ ᠵᠢᠷᠤᠭ ᠳᠦᠷᠰᠦᠲᠡᠶ ᠤᠶᠠᠯᠳᠤᠭᠤᠯᠤᠨ ᠬᠡᠷᠡᠭᠯᠡᠬᠦ ᠳ᠋ᠤ ᠲᠦᠬᠦᠮ ᠨᠦᠢᠬᠦᠴᠡᠯ ᠢ᠋ ᠪᠦᠷᠢᠯᠳᠦᠭᠦᠯᠪᠡ᠃
ᠱᠢᠰᠲ᠋ᠧᠮ ᠢ᠋ ᠨᠡᠭᠡᠭᠡᠮᠡᠭᠴᠡ᠂ ᠶᠠᠭ᠍ᠰᠢ ᠱᠢᠭᠤᠢᠲᠤ ᠣᠷᠣᠨ ᠤ᠋ ᠪᠥᠬᠥ᠌ ᠳᠦᠷᠰᠦ ᠪᠠᠢᠳᠠᠯ ᠲᠣᠳᠣᠷᠬᠠᠶ ᠢᠯᠡᠷᠡᠵᠦ᠍᠂ ᠬᠤᠯᠤᠭᠠᠨᠠᠴᠢᠷ ᠢ᠋ ᠲᠤᠪᠴᠢᠳᠠᠬᠤ ᠳ᠋ᠤ ᠳᠤᠷ᠎ᠠ ᠵᠢᠨ ᠣᠷᠣᠨ ᠪᠦᠰᠡ ᠵᠢᠨ ᠭᠠᠵᠠᠷ ᠤ᠋ᠨ ᠪᠠᠢᠴᠠ ᠭᠠᠵᠠᠷ ᠤ᠋ᠨ ᠭᠠᠳᠠᠷᠭᠤᠶ᠋ᠢ ᠨᠠᠷᠢᠯᠢᠭ ᠣᠨᠣᠪᠴᠢᠲᠠᠶ ᠪᠠᠢᠴᠠᠭᠠᠨ ᠦᠵᠡᠵᠦ᠍ ᠴᠢᠳᠠᠨ᠎ᠠ᠃ ᠲᠦᠢᠮᠡᠷ ᠰᠡᠷᠭᠡᠢᠯᠡᠬᠦ᠌ ᠵᠠᠮ᠂ ᠴᠠᠷᠠᠭ᠎ᠠ᠂ ᠪᠠᠷᠠᠯᠠᠬᠤ ᠴᠠᠮᠬᠠᠭ᠂ ᠬᠠᠮᠢᠶᠠᠷᠤᠨ ᠬᠠᠮᠠᠭᠠᠯᠠᠬᠤ ᠥᠷᠲᠡᠭᠡ᠂ ᠤᠰᠤᠨ ᠤ᠋ ᠰᠤᠷᠪᠤᠯᠵᠢ ᠵᠡᠷᠭᠡ ᠲᠥᠬᠥᠭᠡᠷᠦᠮᠵᠢ ᠲᠣᠪ ᠲᠣᠳᠣᠷᠬᠠᠶ ᠬᠠᠷᠠᠭᠳᠠᠵᠤ᠂ ᠪᠠᠢᠷᠢ ᠪᠠᠢᠷᠢᠱᠢᠯ᠂ ᠨᠠᠷᠢᠨ ᠪᠠᠢᠳᠠᠯ ᠢ᠋ ᠨᠢᠭᠡ ᠯᠡ ᠳᠠᠷᠤᠪᠴᠢᠪᠠᠷ ᠪᠠᠢᠴᠠᠭᠠᠵᠤ ᠪᠣᠯᠤᠨ᠎ᠠ᠃ ᠲᠦᠢᠮᠡᠷ ᠭᠠᠷᠤᠮᠠᠭ᠍ᠴᠠ ᠱᠢᠰᠲᠧᠮ ᠨᠢ ᠲᠦᠢᠮᠡᠷ ᠭᠠᠷᠤᠭ᠍ᠰᠠᠨ ᠴᠡᠭ ᠢ᠋ ᠮᠠᠰᠢᠨ ᠲᠦᠷᠭᠡᠨ ᠪᠥᠭᠡᠳ ᠣᠨᠣᠪᠴᠢᠲᠠᠶ ᠲᠣᠭ᠍ᠲᠠᠭᠠᠵᠤ᠂ ᠲᠦᠢᠮᠡᠷ ᠤᠨᠲᠠᠷᠠᠭᠠᠬᠤ ᠬᠠᠮᠤᠭ ᠤ᠋ᠨ ᠳᠦᠲᠡ᠂ ᠠᠮᠤᠷ ᠲᠦᠪᠱᠢᠨ ᠵᠠᠮ ᠱᠤᠭᠤᠮ ᠢ᠋ ᠲᠥᠯᠥᠪᠵᠢᠭᠦᠯᠤᠨ᠂ ᠵᠢᠯᠣᠭᠣᠳᠤᠨ ᠲᠣᠬᠢᠷᠠᠭᠤᠯᠬᠤ ᠳ᠋ᠤ ᠣᠨᠣᠪᠴᠢᠲᠠᠶ ᠦᠨᠳᠦᠰᠦᠯᠡᠯ ᠬᠠᠩᠭᠠᠵᠦ ᠳᠡᠢᠯᠳᠡᠭ᠃
ᠣᠳᠣᠬᠠᠨ ᠳ᠋ᠤ᠂ ᠡᠨᠡ ᠬᠦ᠌ 《ᠲᠦᠶ᠋ᠮᠡᠷ ᠢ᠋ ᠰᠡᠷᠭᠡᠢᠯᠡᠬᠦ᠌ ᠡᠯᠧᠺᠲ᠋ᠷᠣᠨ ᠭᠠᠵᠠᠷ ᠤ᠋ᠨ ᠵᠢᠷᠤᠭ》 ᠨᠢ ᠨᠢᠭᠡᠨᠲᠡ ᠶᠠᠭ᠍ᠰᠢ ᠵᠢᠨ ᠲᠦᠶ᠋ᠮᠡᠷ ᠢ᠋ ᠰᠡᠷᠭᠡᠢᠯᠡᠬᠦ᠌ ᠠᠵᠢᠯ ᠤ᠋ᠨ《ᠦᠨᠳᠦᠰᠦᠨ ᠪᠠᠷᠢᠮᠵᠢᠶ᠎ᠠ ᠲᠣᠬᠢᠷᠠᠭᠤᠯᠤᠯᠲᠠ》 ᠪᠣᠯᠵᠣ᠂ ᠡᠳᠦᠷ ᠲᠤᠲᠤᠮ ᠤ᠋ᠨ ᠲᠣᠭᠣᠷᠢᠨ ᠬᠠᠮᠠᠭᠠᠯᠠᠬᠤ᠂ ᠬᠡᠮ ᠰᠣᠭᠣᠭ ᠢ᠋ ᠵᠢᠭ᠍ᠰᠠᠭᠠᠨ ᠪᠠᠢᠴᠠᠭᠠᠬᠤ᠂ ᠲᠦᠶ᠋ᠮᠡᠷ ᠤ᠋ᠨ ᠪᠠᠢᠳᠠᠯ ᠢ᠋ ᠱᠢᠶ᠋ᠳᠪᠦᠷᠢᠯᠡᠬᠦ᠌᠂ ᠵᠢᠯᠣᠭᠣᠳᠤᠨ ᠲᠣᠬᠢᠷᠠᠭᠤᠯᠬᠤ ᠵᠡᠷᠭᠡ ᠠᠵᠢᠯ ᠳᠤᠮᠳᠠ ᠣᠷᠣᠯᠠᠭᠤᠯᠵᠤ ᠪᠣᠯᠤᠰᠢ ᠥᠬᠡᠶ ᠦᠢᠯᠡᠳᠦᠯ ᠦᠵᠡᠭᠦᠯᠵᠦ᠍᠂ ᠪᠥᠬᠥ᠌ ᠬᠣᠲᠠ ᠵᠢᠨ ᠲᠦᠶ᠋ᠮᠡᠷ ᠤᠨᠲᠠᠷᠠᠭᠠᠬᠤ ᠵᠢᠯᠣᠭᠣᠳᠣᠯᠭ᠎ᠠ ᠵᠢ ᠱᠢᠨᠵᠢᠯᠡᠬᠦ᠌ ᠤᠬᠠᠭᠠᠨᠴᠢ᠂ ᠨᠠᠷᠢᠯᠢᠭ ᠣᠨᠣᠪᠴᠢᠲᠠᠶ ᠪᠤᠯᠭᠠᠵᠦ᠂ ᠪᠥᠬᠥ᠌ ᠬᠣᠲᠠ ᠳ᠋ᠤ ᠲᠦᠶ᠋ᠮᠡᠷ ᠤᠨᠲᠠᠷᠠᠭᠠᠬᠤ ᠪᠠᠯᠠ ᠮᠥᠩᠭᠥᠶ᠋ᠢ ᠬᠡᠳᠦᠨ ᠠᠷᠪᠠᠨ ᠲᠦᠮᠡᠨ ᠲᠥᠭᠥᠷᠢᠭ ᠠᠷᠪᠢᠯᠠᠵᠤ ᠥᠭ᠌ᠴᠡᠶ᠃
ᠳᠡᠬᠡᠬᠦ ᠳᠦ ᠶᠠᠩ ᠬᠣᠩ ᠲᠤᠤ ᠮᠥᠨ ᠯᠠ ᠲᠦᠢᠮᠡᠷ ᠢ᠋ ᠰᠡᠷᠭᠡᠢᠯᠡᠬᠦ᠌ ᠡᠮᠦᠨ᠎ᠡ ᠹᠷᠣᠨᠲ ᠢ᠋ ᠪᠠᠲᠤ ᠰᠠᠬᠢᠵᠤ᠂ ᠤᠢ ᠱᠢᠭᠤᠢ ᠵᠢᠨ ᠬᠠᠮᠠᠭᠠᠯᠠᠭ᠍ᠴᠢᠳ ᠢ᠋ ᠳᠠᠭᠠᠭᠤᠯᠤᠨ ᠱᠢᠭᠤᠢᠲᠤ ᠣᠷᠣᠨ ᠵᠢᠡᠷ ᠬᠦᠨᠵᠡᠭᠡᠢᠷᠡᠨ᠂ ᠨᠡᠩ ᠲᠡᠷᠢᠭᠦᠨᠦ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠠᠷᠭ᠎ᠠ ᠪᠠᠷᠢᠯ ᠢ᠋ ᠲᠠᠰᠤᠷᠠᠯᠲᠠ ᠦᠭᠡᠢ ᠬᠠᠢᠨ ᠰᠦᠪᠡᠭ᠌ᠴᠢᠯᠡᠵᠦ᠍ ᠤᠢ ᠱᠢᠭᠤᠢᠶ᠋ᠢ ᠰᠠᠬᠢᠨ ᠬᠠᠮᠠᠭᠠᠯᠠᠵᠤ ᠪᠤᠢ᠃
ᠰᠤᠷᠪᠤᠯᠵᠢᠯᠠᠭ᠍ᠴᠢ ᠵᠢᠨ ᠡᠪᠦᠷ ᠲᠡᠮᠳᠡᠭ᠌ᠯᠡᠯ᠄
ᠶᠠᠩ ᠬᠣᠩ ᠲᠤᠤᠲᠠᠢ ᠬᠠᠮᠲᠤ ᠣᠢ ᠱᠢᠭᠤᠶᠶ᠋ᠢ ᠲᠣᠭᠣᠷᠢᠨ ᠴᠠᠭ᠍ᠳᠠᠬᠤ ᠵᠠᠮ ᠵᠠᠭᠤᠷ᠎ᠠ᠂ ᠮᠢᠶᠠᠨ ᠳ᠋ᠦ᠋ ᠾᠧ ᠣᠢ ᠱᠢᠭᠤᠶ ᠵᠢᠨ ᠲᠠᠯᠠᠪᠠᠢ ᠵᠢᠨ ᠯᠢᠦ ᠮᠤᠤ ᠭᠸᠦ ᠬᠠᠮᠢᠶᠠᠷᠤᠨ ᠬᠠᠮᠠᠭᠠᠯᠠᠬᠤ ᠥᠷᠲᠡᠭᠡᠨ ᠳ᠋ᠤ ᠪᠢ ᠣᠢ ᠱᠢᠭᠤᠶ ᠵᠢᠨ ᠬᠠᠮᠠᠭᠠᠯᠠᠭ᠍ᠴᠢ ᠯᠢᠨ ᠶᠸ ᠲᠠᠢ ᠤᠴᠠᠷᠠᠪᠠ᠃ ᠲᠡᠷᠡ᠂ ᠣᠢᠷᠠᠵᠢᠨ ᠬᠤᠭᠤᠴᠠᠭ᠎ᠠ ᠪᠣᠯ ᠬᠤᠪᠠᠯᠵᠠ ᠬᠣᠷᠣᠬᠠᠶ ᠣᠯᠠᠨ ᠡᠭᠦᠰᠭᠦ ᠴᠠᠭ᠂ ᠰᠠᠢᠲᠤᠷ ᠬᠠᠮᠠᠭᠠᠯᠠᠬᠤ ᠬᠡᠷᠡᠭ᠌ᠲᠡᠶ ᠬᠡᠵᠦ ᠰᠠᠨᠠᠭᠤᠯᠪᠠ᠃ ᠬᠠᠷᠢᠨ ᠯᠢᠨ ᠶᠸ ᠪᠤᠯᠤᠨ ᠲᠡᠭᠦᠨᠦ ᠬᠠᠮᠲᠤ ᠠᠵᠢᠯᠯᠠᠭ᠍ᠰᠠᠳᠲᠤ ᠠᠪᠴᠤ᠌ ᠬᠡᠯᠡᠪᠡᠯ᠂ ᠬᠤᠪᠠᠯᠵᠠ ᠬᠣᠷᠣᠬᠠᠢ ᠳ᠋ᠤ ᠬᠠᠵᠠᠭ᠍ᠳᠠᠬᠤ᠂ ᠬᠠᠬᠢᠷ ᠬᠦᠢᠲᠡᠨ ᠳ᠋ᠤ ᠳᠠᠭᠠᠷᠠᠵᠤ ᠪᠡᠭᠡᠷᠡᠬᠦ᠂ᠠᠭᠠᠬᠢᠮ᠎ᠠ ᠬᠠᠯᠠᠭᠤᠨ ᠳ᠋ᠤ ᠱᠢᠷᠠᠭ᠍ᠳᠠᠬᠤ ᠵᠡᠷᠭᠡ ᠨᠢ ᠠᠯᠢ ᠬᠡᠳᠦᠢᠨ ᠤᠢ ᠱᠢᠭᠤᠢᠶ᠋ᠢ ᠴᠠᠭ᠍ᠳᠠᠬᠤ ᠳ᠋ᠤ ᠪᠠᠢᠩᠭᠤ ᠵᠢᠨ ᠲᠤᠬᠢᠶᠠᠯᠳᠤᠬᠤ ᠶᠠᠪᠤᠳᠠᠯ ᠪᠣᠯᠵᠠᠢ᠃
ᠰᠤᠷᠪᠤᠯᠵᠢᠯᠠᠭ᠎ᠠ ᠵᠢᠨ ᠳᠤᠮᠳᠠ ᠪᠢ ᠬᠡᠳᠦᠨ ᠰᠠᠷ᠎ᠠ ᠵᠢᠨ ᠲᠦᠢᠮᠡᠷ ᠰᠡᠷᠭᠡᠢᠯᠡᠬᠦ᠌ ᠬᠤᠭᠤᠴᠠᠭᠠᠨ ᠳ᠋ᠤ᠂ ᠣᠶ ᠰᠢᠭᠤᠢ ᠵᠢᠨ ᠬᠠᠮᠠᠭᠠᠯᠠᠭ᠍ᠴᠢᠳ ᠲᠤ᠌ ᠪᠠᠶᠠᠷ ᠳᠤᠷᠠᠰᠭᠠᠯ ᠠᠮᠠᠷᠠᠯᠲᠠ ᠵᠢᠨ ᠡᠳᠦᠷ ᠪᠠᠢᠬᠤ ᠥᠬᠡᠶ᠂ ᠬᠡᠷ ᠤ᠋ᠨ ᠬᠥᠮᠦᠰᠲᠡᠶᠪᠡᠨ ᠠᠭᠤᠯᠵᠠᠵᠤ ᠤᠴᠠᠷᠠᠬᠤ ᠵᠠᠪ ᠥᠬᠡᠶ᠂ ᠡᠳᠦᠷ ᠲᠡᠭᠡᠨ ᠣᠶ ᠱᠢᠭᠤᠶᠪᠠᠷ ᠶᠠᠪᠤᠵᠦ᠂ ᠭᠠᠷᠤᠭᠠᠳ ᠶᠠᠪᠤᠪᠠᠯ ᠪᠦᠲᠦᠨ ᠡᠳᠦᠷ ᠵᠢᠡᠨ ᠪᠠᠷᠠᠴᠢᠬᠠᠨ᠎ᠠ ᠭᠡᠳᠡᠭ ᠢ᠋ ᠤᠢᠯᠠᠭᠠᠪᠠ᠃ 《ᠡᠳᠦᠷ ᠲᠡᠭᠡᠨ ᠢᠩᠭᠢᠵᠦ᠍ ᠮᠤᠩᠭᠢᠨᠠᠭᠠᠳ ᠶᠠᠳᠠᠷᠠᠬᠤ ᠦᠭᠡᠢ ᠤᠤ?》 ᠭᠡᠵᠤ ᠠᠰᠠᠭᠤᠪᠠᠯ᠂ 《ᠤᠳᠤ ᠱᠢᠨᠵᠢᠯᠡᠬᠦ᠌ ᠤᠬᠠᠭᠠᠨᠴᠢ ᠠᠷᠭ᠎ᠠ ᠪᠠᠷᠢᠯ᠂ ᠳᠥᠭᠥᠮ ᠳᠥᠲᠡ ᠲᠤᠨᠤᠭ ᠲᠥᠬᠥᠭᠡᠷᠦᠮᠵᠢᠲᠡᠶ ᠪᠤᠯᠬᠤᠷ ᠵᠢᠭᠠᠬᠠᠨ ᠴᠤ᠌ ᠶᠠᠳᠠᠷᠠᠬᠤ ᠦᠭᠡᠢ》 ᠭᠡᠵᠤ ᠯᠢᠨ ᠶᠧ ᠬᠠᠷᠢᠭᠤᠯᠤᠨ᠎ᠠ᠃ ᠡᠨᠡ ᠬᠦ᠌ 《ᠵᠢᠭᠠᠬᠠᠨ ᠴᠤ᠌ ᠶᠠᠳᠠᠷᠠᠬᠤ ᠦᠭᠡᠢ》 ᠭᠡᠰᠡᠨ ᠦᠭᠡ ᠵᠢᠨ ᠠᠷᠤ ᠳ᠋ᠤ᠂ ᠤᠢ ᠬᠠᠮᠠᠭᠠᠯᠠᠬᠤ ᠦᠢ ᠤᠯᠠᠨ ᠠᠵᠢᠯᠲᠠᠳ ᠦᠭᠡ ᠳᠠᠭᠤᠨ ᠦᠭᠡᠢ ᠪᠡᠷ ᠪᠠᠲᠤ ᠰᠠᠬᠢᠵᠤ ᠬᠠᠷᠠᠮ ᠦᠭᠡᠢ ᠵᠣᠷᠢᠭᠤᠯᠵᠤ ᠪᠠᠢᠭ᠎ᠠ ᠬᠠᠷᠢᠭᠤᠴᠠᠯᠭ᠎ᠠ ᠪᠤᠢ ᠭᠡᠳᠡᠭ ᠢ᠋ ᠪᠢ ᠭᠦᠨ ᠤᠬᠠᠭᠠᠷᠠᠯ᠎ᠠ᠃