ᠣᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ ᠨᠠᠷᠢᠨ ᠪᠢᠴᠢᠭ᠎ᠦᠨ ᠳᠠᠷᠤᠭ᠎ᠠ ᠬᠦᠲ᠋ᠸᠯᠸᠢ᠌ᠰ ᠪᠣᠯᠤᠨ ᠺᠸᠨᠢᠶᠠ᠎ᠶ᠋ᠢᠨ ᠶᠡᠷᠦᠩᠬᠡᠢᠯᠡᠭ᠌ᠴᠢ ᠷᠦᠲ᠋ᠦᠸᠸ 11 ᠤ᠋ ᠡᠳᠦᠷ ᠺᠸᠨᠢᠶᠠ᠎ᠶ᠋ᠢᠨ ᠨᠡᠢᠰᠯᠡᠯ ᠨᠠᠢᠷᠤᠪᠢ ᠳ᠋ᠥ᠍ ᠣᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ ᠨᠠᠢᠷᠤᠪᠢᠶ᠋ᠢᠨ ᠬᠡᠷᠡᠭ ᠡᠷᠬᠢᠯᠡᠬᠦ᠌ ᠭᠠᠵᠠᠷ᠎ᠤᠨ ᠥᠷᠭᠡᠳᠭᠡᠨ ᠪᠠᠢᠭᠤᠯᠬᠤ ᠲᠦᠷᠦᠯ ᠵᠦᠢᠯ᠎ᠢ ᠬᠠᠮᠲᠤ᠎ᠪᠠᠷ ᠡᠬᠢᠯᠡᠭᠦᠯᠪᠡ᠃ ᠲᠤᠰ ᠲᠦᠷᠦᠯ ᠵᠦᠢᠯ᠎ᠦᠨ ᠶᠡᠷᠦᠩᠬᠡᠢ ᠪᠡᠯᠡ ᠣᠷᠣᠭᠤᠯᠤᠯᠲᠠ ᠨᠢ 3.4 ᠳ᠋ᠦᠩᠱᠢᠭᠤᠷ ᠳ᠋ᠣᠯᠯᠠᠷ᠎ᠲᠤ ᠬᠦᠷᠴᠦ᠍᠂ ᠵᠢᠱ᠌ᠢᠯᠲᠡ᠎ᠪᠡᠷ 2029 ᠣᠨ᠎ᠳᠤ ᠪᠠᠷᠢᠯᠭ᠎ᠠ ᠳᠠᠭᠤᠰᠤᠨ᠎ᠠ᠂ ᠲᠤᠬᠠᠢ᠎ᠶ᠋ᠢᠨ ᠦᠶ᠎ᠡ᠎ᠳᠦ ᠨᠠᠢ᠌ᠷᠤᠪᠢ ᠨᠢ ᠨᠢᠦ᠋ ᠶᠣᠷᠺ ᠪᠣᠯᠤᠨ ᠵᠧᠨᠧᠸᠠᠶ᠋ᠢᠨ ᠳᠠᠷᠠᠭᠠᠬᠢ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ ᠪᠠᠢᠭᠤᠯᠤᠮᠵᠢ᠎ᠶ᠋ᠢᠨ ᠭᠤᠷᠪᠠᠳᠤᠭᠠᠷ ᠲᠤᠮᠤ ᠬᠦᠢᠰᠦ ᠬᠤᠲᠠ ᠪᠣᠯᠬᠤ ᠪᠣᠯᠤᠨ᠎ᠠ᠃
ᠣᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ ᠶᠡᠬᠡ ᠬᠤᠷᠠᠯ᠎ᠡᠴᠡ ᠵᠥᠪᠱᠢᠶᠡᠷᠡᠭ᠌ᠰᠡᠨ ᠲᠥᠰᠦᠯ᠎ᠢ ᠦᠨᠳᠦᠰᠦᠯᠡᠪᠡᠯ᠂ ᠲᠥᠷᠥᠯ ᠵᠦᠶ᠋ᠯ᠎ᠳᠦ ᠪᠣᠬᠢᠷᠲᠤᠯ ᠥᠬᠡᠶ ᠠᠯᠪᠠᠨ ᠠᠰᠠᠷ᠎ᠢ ᠱᠢᠨ᠎ᠡ᠎ᠪᠡᠷ ᠪᠠᠢᠭᠤᠯᠵᠤ᠂ ᠬᠤᠷᠠᠯ᠎ᠤᠨ ᠲᠥᠬᠥᠭᠡᠷᠦᠮᠵᠢ᠎ᠶ᠋ᠢ ᠲᠠᠰ ᠳᠡᠪᠱᠢᠭᠦᠯᠵᠦ᠍᠂ ᠬᠤᠷᠠᠯ᠎ᠤᠨ ᠬᠡᠷ᠎ᠦᠨ ᠲᠣᠭ᠎ᠠ 14 ᠪᠠᠢᠭ᠍ᠰᠠᠨ᠎ᠡᠴᠡ᠎ᠪᠠᠨ 30 ᠪᠣᠯᠤᠨ ᠨᠡᠮᠡᠭᠳᠡᠵᠦ᠂ ᠪᠠᠭᠲᠠᠭᠠᠵᠤ ᠪᠤᠯᠬᠤᠢᠴᠠ ᠲᠥᠯᠥᠭᠡᠯᠡᠭ᠌ᠴᠢ ᠵᠢᠨ ᠲᠤᠭ᠎ᠠ 2000 ᠬᠥᠮᠦᠨ ᠪᠠᠢᠭ᠍ᠰᠠᠨ᠎ᠡᠴᠡ᠎ᠪᠠᠨ 9000 ᠬᠥᠮᠦᠨ ᠪᠣᠯᠵᠣ ᠨᠡᠮᠡᠭ᠌ᠳᠡᠬᠦ᠌ ᠪᠣᠯᠤᠨ᠎ᠠ᠃
ᠬᠦᠲ᠋ᠸᠯᠸᠢ᠌ᠰ ᠶᠣᠰᠣᠯᠠᠯ ᠳᠡᠭᠡᠷ᠎ᠡ᠂ ᠱᠢᠨ᠎ᠡ ᠲᠦᠷᠦᠯ ᠵᠦᠢᠯ ᠨᠢ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ ᠠᠹᠷᠢᠺᠠ ᠲᠢᠪ᠎ᠢ ᠢᠷᠡᠭᠡᠳᠦᠢ᠎ᠶ᠋ᠢᠨ ᠤᠯᠠᠨ ᠲᠠᠯᠠᠲᠤ ᠦᠵᠡᠯ᠎ᠦᠨ ᠥᠭᠡᠷᠡᠴᠢᠯᠡᠯᠲᠡ᠎ᠶ᠋ᠢᠨ ᠭᠣᠣᠯ ᠪᠠᠢᠷᠢᠨ᠎ᠳᠤ ᠲᠠᠯᠪᠢᠭ᠍ᠰᠠᠨ ᠴᠢᠷᠮᠠᠢᠯᠭ᠎ᠠ᠎ᠶ᠋ᠢ ᠢᠯᠡᠷᠡᠭᠦᠯᠪᠡ᠃ ᠠᠹᠷᠢᠺᠠ ᠲᠢᠪ ᠪᠣᠯ ᠱᠢᠨ᠎ᠡ᠎ᠶ᠋ᠢ ᠡᠭᠦᠳᠬᠦ᠌ ᠪᠠ ᠱᠢᠢᠳᠪᠦᠷᠢᠯᠡᠬᠦ᠌ ᠲᠥᠰᠦᠯ᠎ᠢ ᠠᠬᠢᠭᠤᠯᠬᠤ ᠴᠢᠬᠤᠯᠠ ᠬᠦᠴᠦᠨ ᠮᠥᠨ᠂ ᠡᠩᠬᠡ ᠲᠠᠢᠪᠤᠩ᠂ ᠠᠮᠤᠷ ᠲᠦᠪᠱᠢᠨ᠂ ᠦᠷᠭᠦᠯᠵᠢᠯᠡᠬᠦ᠌ ᠬᠥᠭ᠌ᠵᠢᠯᠲᠡ ᠪᠠ ᠬᠥᠮᠦᠨ᠎ᠦ ᠡᠷᠬᠡ᠎ᠶ᠋ᠢᠨ ᠦᠢᠯᠡᠰ᠎ᠢ ᠠᠬᠢᠭᠤᠯᠬᠤ ᠲᠠᠯ᠎ᠠ᠎ᠪᠠᠷ ᠴᠢᠬᠤᠯᠠ ᠦᠢᠯᠡᠳᠦᠯ ᠦᠵᠡᠭᠦᠯᠵᠦ᠍ ᠪᠠᠢᠳᠠᠭ ᠭᠡᠵᠦ ᠢᠯᠡᠳᠭᠡᠪᠡ᠃
ᠷᠦᠲ᠋ᠦᠸᠸ᠂ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ ᠨᠠᠢ᠌ᠷᠤᠪᠢᠵᠢᠨ ᠬᠡᠷᠡᠭ ᠡᠷᠬᠢᠯᠡᠬᠦ᠌ ᠭᠠᠵᠠᠷ᠎ᠢ ᠬᠦᠭᠵᠢᠵᠦ ᠪᠠᠢᠭ᠎ᠠ ᠤᠯᠤᠰ᠎ᠲᠤ ᠲᠤᠬᠢᠷᠠᠭᠤᠯᠤᠭᠰᠠᠨ ᠶᠠᠪᠤᠳᠠᠯ ᠨᠢ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ ᠦᠨᠡᠨ ᠬᠦ᠌ ᠳᠡᠯᠡᠬᠡᠢ᠎ᠶ᠋ᠢᠨ ᠡᠯ᠎ᠡ ᠤᠯᠤᠰ᠎ᠤᠨ ᠠᠷᠠᠳ ᠲᠦᠮᠡᠨ᠎ᠦ ᠬᠢ ᠪᠣᠯᠬᠤ᠎ᠶ᠋ᠢ ᠪᠡᠯᠭᠡᠳᠡᠵᠦ᠍ ᠪᠠᠢᠬᠤ ᠪᠥᠭᠡᠳ ᠪᠦᠬᠦ᠌ ᠬᠥᠮᠦᠨ ᠲᠥᠷᠥᠯᠬᠢᠲᠡᠨ᠎ᠦ ᠬᠠᠮᠲᠤ᠎ᠶ᠋ᠢᠨ ᠬᠦᠰᠡᠯ ᠡᠷᠡᠮᠡᠯᠵᠡᠯ᠎ᠢ ᠢᠯᠡᠷᠡᠭᠦᠯᠵᠦ᠍ ᠪᠠᠢᠨ᠎ᠠ ᠭᠡᠵᠦ ᠢᠯᠡᠳᠭᠡᠪᠡ᠃ ᠲᠡᠷᠡ᠂ ᠣᠳᠣᠬᠠᠨ᠎ᠳᠤ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ 70 ᠭᠠᠷᠤᠢ ᠪᠠᠢᠭᠤᠯᠤᠮᠵᠢ᠂ ᠰᠠᠭᠤᠷᠢ ᠮᠥᠩᠭᠥ᠌ ᠪᠣᠯᠤᠨ ᠲᠦᠷᠦᠯ ᠵᠦᠢᠯ᠎ᠨᠢ ᠨᠢᠭᠡᠨᠲᠡ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ ᠨᠠᠢᠷᠤᠪᠢ ᠵᠢᠨ ᠬᠡᠷᠡᠭ ᠡᠷᠬᠢᠯᠡᠬᠦ᠌ ᠭᠠᠵᠠᠷ᠎ᠲᠤ ᠪᠠᠢᠩᠭᠤ ᠰᠠᠭᠤᠵᠤ᠂ 6000 ᠭᠠᠷᠤᠢ ᠠᠵᠢᠯᠳᠠᠨ᠎ᠲᠠᠶ ᠪᠣᠯᠵᠠᠢ ᠭᠡᠵᠡᠢ᠃
ᠢᠷᠡᠯᠲᠡ᠄ ᠰᠢᠨᠬᠤᠸᠠ ᠬᠤᠷᠢᠶ᠎ᠠ