ᠵᠤᠬᠢᠶᠠᠮᠠᠯ ᠤᠶᠤᠨ ᠴᠢᠳᠠᠪᠤᠷᠢ ᠵᠢ ᠵᠤᠬᠢᠰᠳᠠᠢ ᠠᠰᠢᠭᠯᠠᠶ᠎ᠠ
2026-05-18 11:21:31
ᠵᠣᠬᠢᠶᠠᠭ᠍ᠴᠢ᠄
​ᠨᠠᠪᠴᠢ
ᠣᠩᠱᠢᠭ᠍ᠰᠠᠨ ᠣᠳᠠᠭ᠎ᠠ᠄
★★★☆☆

ᠣᠶᠤᠨᠴᠢ ᠬᠢᠴᠢᠶᠡᠯ ᠪᠡᠯᠡᠳᠬᠡᠬᠦ ᠰᠢᠰᠲᠧᠮ᠎ᠡᠴᠡ ᠥᠪᠡᠷᠮᠢᠴᠡ ᠰᠤᠷᠤᠯᠴᠠᠯᠭ᠎ᠠ᠎ᠶᠢᠨ ᠲᠠᠪᠴᠠᠩ ᠬᠦᠷᠲᠡᠯ᠎ᠡ᠂ ᠵᠢᠱ᠌ᠢᠮᠡᠭ ᠬᠢᠴᠢᠶᠡᠯ᠎ᠦᠨ ᠲᠠᠩᠬᠢᠮ᠎ᠠᠴᠠ ᠣᠶᠤᠨᠲᠤ ᠰᠤᠷᠭᠠᠭᠤᠯᠢ᠎ᠶᠢᠨ ᠬᠦᠷᠢᠶᠡᠨ᠎ᠦ ᠵᠠᠰᠠᠯᠲᠠ ᠬᠦᠷᠲᠡᠯ᠎ᠡ ᠁ ᠵᠣᠬᠢᠶᠠᠮᠠᠯ ᠤᠶᠤᠨ ᠴᠢᠳᠠᠪᠤᠷᠢ ᠪᠣᠯᠣᠨ ᠰᠤᠷᠭᠠᠨ ᠬᠥᠮᠦᠵᠢᠯ᠎ᠤᠨ ᠭᠦᠨᠵᠡᠭᠡᠢ ᠠᠭᠤᠰᠤᠯᠴᠠᠯ ᠨᠢ ᠴᠠᠭ ᠦᠶ᠎ᠡ᠎ᠶᠢᠨ ᠬᠥᠭᠵᠢᠯᠲᠡ᠎ᠶᠢᠨ ᠵᠠᠢᠯᠠᠰᠢ ᠦᠭᠡᠢ ᠰᠢᠨ᠎ᠡ ᠬᠠᠨᠳᠤᠰᠢ ᠪᠤᠯᠵᠤ᠂ ᠵᠤᠬᠢᠶᠠᠮᠠᠯ ᠤᠶᠤᠨ ᠴᠢᠳᠠᠪᠤᠷᠢ ᠨᠢ ᠰᠤᠷᠭᠠᠨ ᠬᠥᠮᠦᠵᠢᠯ᠎ᠦᠨ ᠴᠢᠨᠠᠷ ᠰᠠᠢᠲᠠᠢ ᠬᠥᠭᠵᠢᠯᠲᠡ᠎ᠶᠢ ᠠᠬᠢᠭᠤᠯᠬᠤ ᠴᠢᠬᠤᠯᠠ ᠬᠥᠳᠡᠯᠭᠡᠭᠦᠷ ᠬᠦᠴᠦᠨ ᠪᠤᠯᠵᠤ ᠪᠤᠢ᠃

ᠵᠣᠬᠢᠶᠠᠮᠠᠯ ᠤᠶᠤᠨ ᠴᠢᠳᠠᠪᠤᠷᠢ ᠨᠢ ᠰᠤᠷᠭᠠᠨ ᠬᠥᠮᠦᠵᠢᠯ᠎ᠳᠦ ᠰᠢᠨ᠎ᠡ ᠠᠮᠢᠵᠢᠷᠠᠯ᠎ᠤᠨ ᠬᠦᠴᠦᠨ ᠤᠯᠭᠤᠵᠤ᠂ ᠢᠯᠠᠩᠭᠤᠶ᠎ᠠ ᠪᠠᠭ᠍ᠰᠢ᠎ᠶᠢᠨ ᠡᠩᠨᠡᠭᠡᠨ᠎ᠦ ᠪᠠᠢᠭᠤᠯᠤᠯᠲᠠ ᠪᠠ ᠲᠤᠰᠬᠠᠢ ᠮᠡᠷᠭᠡᠵᠢᠯ᠎ᠦᠨ ᠬᠥᠭᠵᠢᠯᠲᠡ᠎ᠳᠦ ᠰᠢᠨ᠎ᠡ ᠠᠵᠠ ᠲᠣᠬᠢᠶᠠᠯ ᠤᠯᠭᠤᠪᠠ᠃ ᠪᠠᠭ᠍ᠰᠢ ᠨᠠᠷ᠎ᠤᠨ ᠬᠤᠪᠢ ᠳ᠋ᠤ᠂ ᠨᠢᠬᠡ ᠳᠠᠯ᠎ᠠ ᠪᠡᠷ ᠵᠤᠬᠢᠶᠠᠮᠠᠯ ᠤᠶᠤᠨ ᠴᠢᠳᠠᠪᠤᠷᠢ ᠵᠢ ᠠᠰᠢᠭᠯᠠᠨ ᠵᠢᠭᠠᠨ ᠰᠤᠷᠭᠠᠯᠳᠠ ᠵᠢᠨ ᠲᠦᠯᠦᠪᠯᠡᠬᠡ ᠪᠠᠨ ᠰᠢᠯᠢᠳᠡᠭᠵᠢᠬᠦᠯᠵᠦ᠂ ᠵᠢᠭᠠᠨ ᠰᠤᠷᠭᠠᠯᠳᠠ ᠵᠢᠨ ᠡᠬᠢ ᠪᠠᠶᠠᠯᠢᠭ ᠵᠢᠡᠨ ᠪᠠᠶᠠᠯᠢᠭᠵᠢᠭᠤᠯᠵᠤ᠂ ᠵᠢᠭᠠᠨ ᠰᠤᠷᠭᠠᠯᠳᠠ ᠵᠢᠨ ᠬᠡᠯᠪᠡᠷᠢ ᠵᠢᠨ ᠰᠢᠨ᠎ᠡ ᠵᠢ ᠡᠬᠦᠳᠴᠦ᠂ ᠬᠢᠴᠢᠶᠡᠯ᠎ᠤᠨ ᠳᠠᠩᠬᠢᠮ᠎ᠤᠨ ᠰᠤᠷᠤᠯᠴᠠᠯᠭ᠎ᠠ ᠵᠢᠨ ᠠᠭᠤᠷ ᠠᠮᠢᠰᠬᠤᠯ᠎ᠢ ᠬᠦᠭᠵᠢᠬᠡᠵᠦ᠂ ᠵᠢᠭᠠᠨ ᠰᠤᠷᠭᠠᠯᠳᠠ ᠵᠢᠨ ᠤᠢᠯᠠᠭᠠᠭᠳᠠᠬᠤᠨ ᠵᠢᠡᠨ ᠰᠢᠨᠡᠴᠢᠯᠡᠵᠦ ᠪᠤᠯᠤᠨ᠎ᠠ᠃ ᠬᠢᠴᠢᠶᠡᠯᠯᠡᠬᠡ ᠵᠢᠨ ᠳᠤᠮᠳᠠ ᠵᠤᠬᠢᠶᠠᠮᠠᠯ ᠤᠶᠤᠨ ᠴᠢᠳᠠᠪᠤᠷᠢ ᠪᠡᠷ ᠰᠡᠳᠦᠪ᠎ᠦᠨ ᠬᠥᠮᠥᠷᠭᠡ ᠪᠡᠨ ᠡᠮᠬᠢᠯᠡᠬᠦ᠂ ᠳᠠᠰᠬᠠᠯ ᠳᠠᠭᠠᠭᠠᠯᠭᠠᠪᠤᠷᠢ ᠵᠢ ᠬᠢᠨᠠᠬᠤ᠂ ᠰᠤᠷᠤᠯᠴᠠᠯᠭ᠎ᠠ᠎ᠶᠢᠨ ᠪᠠᠢᠳᠠᠯ᠎ᠢ ᠵᠠᠳᠠᠯᠬᠤ ᠮᠡᠳᠤ ᠵᠢᠨ ᠳᠠᠬᠢᠨ ᠳᠠᠪᠳᠠᠬᠤ ᠠᠵᠢᠯ᠎ᠢ ᠥᠨᠳᠥᠷ ᠪᠦᠲᠦᠮᠵᠢᠲᠡᠶ᠎ᠪᠡᠷ ᠪᠡᠶᠡᠯᠡᠬᠦᠯᠵᠦ᠂ ᠵᠢᠭᠠᠨ ᠰᠤᠷᠭᠠᠯᠲᠠ᠎ᠶᠢᠨ ᠳᠠᠷᠤᠭᠠᠰᠤ᠎ᠪᠠᠨ ᠬᠦᠩᠬᠡᠷᠡᠬᠦᠯᠬᠦ ᠵᠢᠨ ᠳᠠᠭᠠᠤ ᠰᠤᠷᠤᠭᠴᠢᠳ ᠲᠠᠢ ᠪᠠᠨ ᠢᠯᠡᠬᠦᠬᠡᠨ ᠶᠠᠷᠢᠯᠴᠠᠵᠤ᠂ ᠰᠤᠷᠤᠭᠴᠢ ᠨᠢᠬᠡᠪᠦᠷᠢ ᠵᠢᠨ ᠦᠰᠦᠨ ᠪᠤᠢᠵᠢᠯᠳᠠ ᠵᠢᠨ ᠪᠠᠢᠳᠠᠯ᠎ᠢ ᠨᠠᠷᠢᠨ ᠤᠢᠯᠠᠭᠠᠵᠤ ᠬᠠᠯᠠᠮᠵᠢᠯᠠᠬᠤ᠂ ᠰᠤᠷᠤᠭᠴᠢᠳ ᠲᠤ᠌ ᠵᠦᠪ ᠦᠷᠳᠡᠭ᠎ᠤᠨ ᠦᠵᠡᠯᠳᠡ ᠵᠢ ᠱᠤᠭᠤᠬᠤ ᠳᠠᠯ᠎ᠠ ᠪᠡᠷ ᠨᠡᠩ ᠢᠯᠡᠭᠦᠦ ᠴᠠᠭ ᠵᠠᠢ ᠤᠯᠭᠤᠵᠤ ᠪᠤᠯᠤᠨ᠎ᠠ᠃ ᠨᠦᠬᠦᠬᠡ ᠳᠠᠯ᠎ᠠ ᠪᠡᠷ᠂ ᠪᠠᠭᠰᠢ ᠨᠠᠷ ᠥᠪᠡᠷ᠎ᠦᠨ ᠥᠷᠲᠡᠭ᠎ᠢᠶᠡᠷ ᠳᠣᠣᠷ᠎ᠠ᠂ ᠴᠢᠨᠠᠷ ᠰᠠᠢᠲᠠᠢ ᠰᠦᠯᠵᠢᠶᠡᠨ ᠳᠡᠭᠡᠷᠡᠬᠢ ᠪᠣᠯᠪᠠᠰᠤᠷᠠᠯ᠎ᠤᠨ ᠡᠬᠢ ᠪᠠᠶᠠᠯᠢᠭ᠋᠎ᠢ ᠠᠰᠢᠭᠯᠠᠵᠤ᠂ ᠦᠪᠡᠷ᠎ᠤᠨ ᠳᠤᠰᠬᠠᠢ ᠮᠡᠷᠬᠡᠵᠢᠯ᠎ᠤᠨ ᠴᠢᠳᠠᠪᠤᠷᠢ ᠪᠠᠨ ᠳᠡᠬᠡᠭᠰᠢᠯᠡᠬᠦᠯᠵᠦ ᠪᠤᠯᠤᠨ᠎ᠠ᠃ ᠣᠷᠣᠨ ᠪᠦᠰᠡ ᠠᠯᠤᠰᠯᠠᠭᠰᠠᠨ᠂ ᠰᠤᠷᠭᠠᠭᠤᠯᠢ᠎ᠶᠢᠨ ᠬᠣᠭᠣᠷᠣᠨᠳᠣᠬᠢ ᠬᠠᠮᠵᠢᠯᠴᠠᠨ ᠵᠢᠭᠠᠬᠤ ᠵᠢ ᠰᠤᠳᠤᠯᠬᠤ ᠲᠠᠪᠴᠠᠩ᠎ᠵᠡᠷᠬᠡ ᠵᠢ ᠠᠰᠢᠭᠯᠠᠵᠤ᠂ ᠬᠥᠳᠡᠭᠡ ᠲᠣᠰᠬᠣᠨ᠎ᠤ ᠪᠠᠭ᠍ᠰᠢ ᠵᠢᠴᠢ ᠦᠨᠳᠦᠰᠦᠨ ᠱᠠᠲᠤᠨ᠎ᠤ ᠪᠠᠭ᠍ᠰᠢ ᠨᠠᠷ ᠴᠠᠭ ᠢᠮᠠᠭᠲᠠ ᠨᠡᠷᠡᠳᠦ ᠪᠠᠭ᠍ᠰᠢ᠎ᠶᠢᠨ ᠬᠢᠴᠢᠶᠡᠯ᠎ᠦᠨ ᠲᠠᠩᠬᠢᠮ᠎ᠢ ᠦᠵᠡᠵᠦ ᠰᠤᠷᠤᠯᠴᠠᠬᠤ᠂ ᠬᠠᠮᠲᠤ᠎ᠪᠠᠷ ᠬᠢᠴᠢᠶᠡᠯ ᠪᠡᠯᠡᠳᠬᠡᠬᠦ᠎ᠳᠦ ᠣᠷᠣᠯᠴᠠᠬᠤ᠂ ᠲᠤᠰᠬᠠᠢ ᠮᠡᠷᠭᠡᠵᠢᠯᠲᠡᠨ᠎ᠤ ᠵᠢᠯᠤᠭᠤᠳᠤᠯᠭ᠎ᠠ ᠵᠢ ᠰᠤᠨᠤᠰᠬᠤ ᠪᠡᠷ ᠳᠠᠮᠵᠢᠭᠤᠯᠵᠤ᠂ ᠦᠪᠡᠷ᠎ᠤᠨ ᠬᠠᠷᠠᠭᠠᠰᠤ ᠪᠠᠨ ᠦᠷᠬᠡᠳᠬᠡᠵᠦ᠂ ᠳᠤᠰᠬᠠᠢ ᠮᠡᠷᠬᠡᠵᠢᠯ᠎ᠤᠨ ᠴᠢᠳᠠᠪᠤᠷᠢ ᠪᠠᠨ ᠳᠡᠬᠡᠭᠰᠢᠯᠡᠬᠦᠯᠵᠦ ᠪᠤᠯᠬᠤ ᠶᠤᠮ᠃ ᠡᠳᠡᠬᠡᠷ ᠪᠤᠯ ᠵᠤᠬᠢᠶᠠᠮᠠᠯ ᠤᠶᠤᠨ ᠴᠢᠳᠠᠪᠤᠷᠢ ᠵᠢᠨ ᠪᠠᠭᠰᠢ ᠨᠠᠷ᠎ᠤᠨ ᠬᠦᠭᠵᠢᠯᠳᠡ ᠳ᠋ᠤ ᠠᠪᠴᠢᠷᠠᠭᠰᠠᠨ ᠠᠵᠨ ᠵᠠᠪᠰᠢᠶᠠᠨ ᠪᠠ ᠦᠷ᠎ᠠ ᠠᠰᠢᠭ ᠪᠤᠯᠤᠨ᠎ᠠ᠃ ᠭᠡᠪᠡᠴᠦ ᠶᠠᠮᠠᠷᠪᠠ ᠵᠦᠢᠯᠡᠰ ᠬᠤᠶᠠᠷᠳᠠᠮᠠᠯ ᠳᠠᠯ᠎ᠠ ᠳᠠᠢ ᠬᠡᠳᠡᠭ ᠵᠢᠡᠷ᠂ ᠪᠠᠭᠰᠢ ᠨᠠᠷ ᠵᠤᠬᠢᠶᠠᠮᠠᠯ ᠤᠶᠤᠨ ᠴᠢᠳᠠᠪᠤᠷᠢ ᠵᠢ ᠠᠰᠢᠭᠯᠠᠬᠤ ᠳᠤᠮᠳᠠ ᠪᠠᠨ ᠳᠡᠬᠦᠨ ᠳ᠋ᠤ ᠬᠡᠳᠦ ᠨᠠᠢᠳᠠᠵᠤ᠂ ᠵᠢᠭᠠᠨ ᠰᠤᠷᠭᠠᠯᠳᠠ ᠵᠢᠨ ᠳᠠᠯ᠎ᠠ ᠪᠡᠷ ᠶᠠᠮᠠᠷ ᠴᠤ᠌ ᠦᠪᠡᠷ᠎ᠤᠨ ᠬᠡᠰᠡᠨ ᠰᠢᠨ᠎ᠡ ᠦᠵᠡᠯᠳᠡ ᠰᠡᠳᠬᠢᠭᠳᠡᠯ ᠦᠬᠡᠢ ᠪᠤᠯᠬᠤ ᠡᠴᠡ ᠴᠤ᠌ ᠬᠢᠴᠢᠶᠡᠬᠦ ᠬᠡᠷᠡᠭᠳᠡᠢ᠃

ᠰᠤᠷᠤᠭ᠍ᠴᠢᠳ᠎ᠤᠨ ᠬᠤᠪᠢ ᠳ᠋ᠤ᠂ ᠵᠤᠬᠢᠶᠠᠮᠠᠯ ᠤᠶᠤᠨ ᠴᠢᠳᠠᠪᠤᠷᠢ ᠨᠢ ᠰᠤᠷᠤᠭ᠍ᠴᠢᠳ᠎ᠤᠨ ᠬᠢᠴᠢᠶᠡᠯ᠎ᠦᠨ ᠲᠠᠩᠬᠢᠮ᠎ᠤᠨ ᠢᠯᠡᠷᠡᠯ᠂ ᠳᠠᠰᠬᠠᠯ᠎ᠢᠶᠠᠨ ᠪᠡᠶᠡᠯᠡᠭᠦᠯᠦᠭᠰᠡᠨ ᠪᠠᠢᠳᠠᠯ᠂ ᠮᠡᠳᠡᠯᠭᠡ᠎ᠶᠢᠨ ᠪᠠᠭᠤᠷᠠᠢ ᠲᠠᠯ᠎ᠠ᠂ ᠳᠤᠷ᠎ᠠ ᠰᠣᠨᠢᠷᠬᠠᠯ ᠵᠡᠷᠭᠡ ᠮᠡᠳᠡᠭᠡ ᠵᠠᠩᠭᠢ᠎ᠶᠢ ᠪᠥᠬᠥ ᠶᠠᠪᠤᠴᠠ᠎ᠳᠤ ᠳᠡᠮᠳᠡᠭᠯᠡᠨ᠂ ᠰᠤᠷᠤᠯᠴᠠᠯᠭ᠎ᠠ᠎ᠶᠢᠨ ᠳᠤᠲᠠᠭᠤᠳᠠᠯ᠎ᠢ ᠣᠨᠣᠴᠠᠳᠠᠢ ᠡᠵᠡᠮᠳᠡᠵᠦ᠂ ᠪᠥᠬᠥ ᠲᠠᠯ᠎ᠠ᠎ᠶᠢᠨ᠂ ᠨᠠᠷᠢᠯᠢᠭ᠋᠂ ᠥᠪᠡᠷᠮᠢᠴᠡ ᠰᠤᠷᠤᠯᠴᠠᠬᠤ ᠲᠥᠰᠥᠯ᠎ᠢ ᠲᠣᠭᠲᠠᠭᠠᠨ ᠦᠭᠴᠦ ᠴᠢᠳᠠᠳᠠᠭ᠃ ᠵᠤᠬᠢᠶᠠᠮᠠᠯ ᠤᠶᠤᠨ ᠴᠢᠳᠠᠪᠤᠷᠢ ᠨᠢ ᠰᠤᠷᠤᠭᠴᠢᠳ ᠲᠤ᠌ ᠥᠨᠳᠥᠷ ᠪᠦᠲᠦᠮᠵᠢᠲᠡᠶ ᠰᠤᠷᠤᠯᠴᠠᠯᠭ᠎ᠠ ᠣᠯᠭᠣᠵᠤ ᠂ ᠥᠪᠡᠷ᠎ᠦᠨ ᠬᠢᠨᠢ ᠳᠤᠲᠠᠭᠤᠳᠠᠯ᠎ᠢ ᠨᠦᠬᠦᠪᠦᠷᠢᠯᠡᠵᠦ᠂ ᠬᠦᠴᠢᠷ ᠲᠦᠪᠡᠭᠲᠡᠢ ᠠᠰᠠᠭᠤᠳᠠᠯ᠎ᠤᠨ ᠬᠠᠷᠢᠭᠤᠯᠳᠠ ᠵᠢ ᠲᠦᠷᠬᠡᠨ ᠦᠭᠴᠦ᠂ ᠳᠠᠰᠬᠠᠯ᠎ᠤᠨ ᠪᠤᠷᠤᠭᠤ ᠪᠠᠨ ᠵᠠᠯᠠᠷᠠᠭᠤᠯᠬᠤ᠎ᠶᠢ ᠬᠠᠪᠰᠤᠷᠤᠨ ᠪᠡᠶᠡᠯᠡᠭᠦᠯᠵᠦ᠂ ᠦᠪᠡᠷ᠎ᠤᠨ ᠤᠢᠯᠠᠭᠠᠵᠤ ᠡᠵᠡᠮᠳᠡᠭᠰᠡᠨ  ᠦᠬᠡᠢ ᠮᠡᠳᠡᠯᠬᠡ ᠵᠢᠨ ᠴᠡᠭ᠎ᠵᠢᠡᠨ ᠳᠠᠷᠤᠢᠬᠠᠨ ᠨᠦᠬᠦᠵᠦ ᠰᠤᠷᠬᠤ ᠳ᠋ᠤ ᠲᠦᠬᠦᠮ ᠦᠵᠡᠬᠦᠯᠵᠦ ᠴᠢᠳᠠᠳᠠᠭ᠃ ᠡᠢᠮᠦ ᠡᠴᠡ ᠰᠤᠷᠤᠭ᠍ᠴᠢᠳ ᠵᠤᠬᠢᠶᠠᠮᠠᠯ ᠤᠶᠤᠨ ᠴᠢᠳᠠᠪᠤᠷᠢ ᠵᠢ ᠵᠤᠬᠢᠰᠳᠠᠢ ᠠᠰᠢᠭᠯᠠᠪᠠᠯ ᠨᠢᠬᠡ ᠰᠡᠳᠦᠪ᠎ᠢ ᠤᠯᠠᠨ ᠶᠠᠩᠵᠤ ᠪᠡᠷ ᠰᠡᠳᠬᠢᠬᠦ ᠰᠡᠳᠬᠢᠮᠵᠢ ᠵᠢ ᠡᠵᠡᠮᠰᠢᠵᠦ᠂ ᠰᠤᠷᠤᠯᠭ᠎ᠠ ᠵᠢᠨ ᠬᠦᠴᠢᠷᠳᠡᠯ ᠵᠢᠡᠨ ᠰᠢᠢᠳᠪᠦᠷᠢᠯᠡᠵᠦ᠂ ᠰᠡᠳᠬᠢᠴᠡ ᠪᠠᠨ ᠦᠷᠬᠡᠳᠬᠡᠵᠦ ᠴᠢᠳᠠᠬᠤ ᠵᠢᠨ ᠵᠡᠷᠬᠡ ᠪᠡᠷ ᠴᠠᠭ᠎ᠵᠢᠡᠨ ᠠᠷᠪᠢᠯᠠᠵᠤ᠂ ᠰᠤᠷᠤᠯᠭ᠎ᠠ᠎ᠶᠢᠨ ᠳᠠᠷᠤᠭᠠᠰᠤ᠎ᠪᠠᠨ ᠬᠥᠩᠭᠡᠷᠡᠭᠦᠯᠵᠦ᠂ ᠪᠡᠶ᠎ᠡ᠎ᠪᠡᠨ ᠳᠠᠭᠠᠭᠠᠨ ᠰᠤᠷᠤᠯᠴᠠᠬᠤ᠎ᠵᠢ ᠪᠡᠶᠡᠯᠡᠬᠦᠯᠵᠦ ᠴᠢᠳᠠᠬᠤ ᠶᠤᠮ᠃ ᠭᠡᠪᠡᠴᠦ ᠰᠤᠷᠤᠭᠴᠢᠳ ᠵᠤᠬᠢᠶᠠᠮᠠᠯ ᠤᠶᠤᠨ ᠴᠢᠳᠠᠪᠤᠷᠢ ᠳ᠋ᠤ ᠬᠡᠳᠦ ᠲᠦᠰᠢᠭᠯᠡᠪᠡᠯ ᠲᠠᠳᠡᠨ᠎ᠤ ᠪᠡᠶ᠎ᠡ᠎ᠪᠡᠨ ᠳᠠᠭᠠᠭᠠᠵᠤ ᠰᠡᠳᠬᠢᠵᠦ ᠤᠷᠤᠯᠳᠤᠬᠤ᠂ ᠪᠡᠶ᠎ᠡ᠎ᠪᠡᠨ ᠳᠠᠭᠠᠭᠠᠵᠤ ᠰᠡᠳᠦᠪ ᠵᠠᠳᠠᠯᠬᠤ ᠴᠢᠳᠠᠪᠤᠷᠢ᠎ᠶᠢ ᠢᠳᠡᠭ ᠢᠳᠡᠭ᠎ᠢᠶᠡᠷ ᠠᠯᠳᠠᠭᠤᠯᠵᠤ᠂ ᠯᠣᠭᠢᠭ᠋ ᠰᠡᠳᠬᠢᠬᠦᠢ ᠪᠠ ᠭᠠᠷ ᠬᠥᠳᠡᠯᠬᠦ ᠴᠢᠳᠠᠪᠤᠷᠢ᠎ᠶᠢ ᠨᠢ ᠨᠠᠵᠠᠭᠠᠢᠷᠠᠭᠤᠯᠵᠤ᠂ ᠬᠠᠷᠢᠭᠤᠯᠳᠠ ᠬᠠᠭᠤᠯᠵᠤ ᠲᠦᠳᠡ ᠵᠠᠮ ᠵᠢᠡᠷ ᠵᠠᠮᠨᠠᠭᠠᠳ ᠪᠠᠢᠪᠠᠯ ᠰᠡᠳᠬᠢᠵᠤ ᠪᠤᠳᠤᠯᠬᠢᠯᠠᠬᠤ ᠳᠠᠯ᠎ᠠ ᠪᠡᠷ ᠨᠡᠩ ᠬᠤᠢᠷᠭᠤ ᠪᠤᠯᠵᠤ᠂ ᠡᠴᠦᠰ ᠲᠤ᠌ ᠬᠤᠢᠰᠢᠳᠠ᠎ᠶᠢᠨ ᠬᠦᠭᠵᠢᠯᠳᠡ ᠳ᠋ᠤ ᠠᠰᠢᠭ ᠦᠬᠡᠢ ᠪᠤᠯᠬᠤ ᠶᠤᠮ᠃

ᠡᠢᠮᠦ ᠡᠴᠡ᠂ ᠪᠠᠭᠰᠢ ᠰᠤᠷᠤᠭᠴᠢᠳ ᠠᠵᠢᠯ ᠰᠤᠷᠤᠯᠭ᠎ᠠ ᠵᠢᠨ ᠳᠤᠮᠳᠠ ᠪᠠᠨ ᠵᠤᠬᠢᠶᠠᠮᠠᠯ ᠤᠶᠤᠨ ᠴᠢᠳᠠᠪᠤᠷᠢ ᠵᠢ ᠰᠠᠢᠨ 《ᠬᠠᠪᠰᠤᠷᠤᠭ᠍ᠴᠢ》 ᠪᠤᠯᠭᠠᠬᠤ ᠵᠢᠨ ᠳᠠᠭᠠᠤ ᠳᠡᠬᠦᠨ᠎ᠢ ᠬᠡᠳᠦ ᠲᠦᠰᠢᠭᠯᠡᠬᠦ ᠡᠴᠡ ᠵᠠᠢᠯᠠᠰᠬᠢᠪᠡᠯ ᠵᠦᠢᠳᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号