ᠤᠢᠷ᠎ᠠ ᠳᠦ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ ᠤ ᠠᠷᠪᠠᠨ ᠵᠢᠷᠭᠤᠳᠤᠭᠠᠷ ᠬᠤᠭᠤᠴᠠᠭᠠᠨ ᠤ ᠲᠠᠮᠢᠷ᠎ᠤᠨ ᠴᠤᠭ᠍ᠯᠠᠭᠠᠨ ᠤ ᠣᠯᠠᠨ ᠲᠦᠮᠡᠨᠴᠢ ᠳᠤᠭᠤᠢᠯᠠᠩ ᠤᠨ ᠫᠢᠩᠫᠠᠩ ᠪᠥᠮᠪᠥᠭᠡ᠎ᠶ᠋ᠢᠨ ᠲᠥᠷᠥᠯ ᠵᠦᠶ᠋ᠯ ᠦᠨ ᠬᠥᠬᠡᠬᠣᠲᠠ᠎ᠶ᠋ᠢᠨ ᠱᠢᠯᠭᠠᠷᠠᠭᠤᠯᠬᠤ ᠤᠷᠤᠯᠳᠤᠭᠠᠨ ᠬᠥᠬᠡᠬᠣᠲᠠ ᠶ᠋ᠢᠨ ᠪᠥᠬᠥ᠌ ᠠᠷᠠᠳ ᠤᠨ ᠪᠡᠶ᠎ᠡ ᠴᠢᠭᠢᠷᠠᠭ᠍ᠵᠢᠭᠤᠯᠬᠤ ᠦᠶ᠋ᠯᠡᠴᠢᠯᠡᠭᠡᠨ᠎ᠦ ᠲᠥᠪ᠎ᠲᠤ ᠡᠬᠢᠯᠡᠪᠡ᠃ ᠲᠣᠰ ᠤᠳᠠᠭᠠᠨ ᠤ ᠤᠷᠤᠯᠳᠤᠭᠠᠨ ᠢ ᠬᠥᠬᠡᠬᠣᠲᠠ᠎ᠶ᠋ᠢᠨ ᠪᠡᠶ᠎ᠡ᠎ᠶ᠋ᠢᠨ ᠲᠠᠮᠢᠷ᠎ᠤᠨ ᠲᠣᠪᠴᠢᠶ᠎ᠠ ᠠᠴᠠ ᠭᠤᠤᠯᠯᠠᠨ ᠡᠷᠭᠢᠯᠡᠵᠦ᠍᠂ ᠬᠥᠬᠡᠬᠣᠲᠠ᠎ᠶ᠋ᠢᠨ ᠬᠥᠯ ᠪᠥᠮᠪᠥᠭᠡ ᠬᠢᠭᠡᠳ ᠨᠡᠢᠭᠡᠮ᠎ᠦᠨ ᠪᠡᠶ᠎ᠡ᠎ᠶ᠋ᠢᠨ ᠲᠠᠮᠢᠷ᠎ᠤᠨ ᠬᠥᠭ᠌ᠵᠢᠯᠲᠡ᠎ᠶ᠋ᠢᠨ ᠲᠥᠪ᠎ᠡᠴᠡ ᠳᠠᠭᠠᠭᠠᠴᠢᠯᠠᠨ ᠡᠷᠭᠢᠯᠡᠵᠦ᠍᠂ ᠬᠥᠬᠡᠬᠣᠲᠠ᠎ᠶ᠋ᠢᠨ ᠫᠢᠩᠫᠠᠩ ᠪᠥᠮᠪᠥᠭᠡ᠎ᠶ᠋ᠢᠨ ᠨᠡᠢᠭᠡᠮᠯᠢᠭ᠎ᠦᠨ ᠬᠢᠨ ᠬᠠᠮᠵᠢᠨ ᠡᠷᠭᠢᠯᠡᠪᠡ᠃ ᠪᠦᠬᠦ᠌ ᠬᠣᠲᠠ᠎ᠶ᠋ᠢᠨ 138 ᠫᠢᠩᠫᠠᠩ ᠪᠥᠮᠪᠥᠭᠡᠨ ᠪᠠᠬᠠᠲᠠᠳ ᠤᠷᠤᠯᠴᠠᠵᠦ᠂ ᠬᠥᠬᠡᠬᠣᠲᠠ᠎ᠶ᠋ᠢ ᠲᠥᠯᠥᠭᠡᠯᠡᠨ ᠥᠪᠡᠷᠲᠡᠭᠡᠨ ᠵᠠᠰᠠᠬᠤ ᠣᠷᠣᠨ᠎ᠤ ᠠᠷᠪᠠᠨ ᠵᠢᠷᠭᠤᠳᠤᠭᠠᠷ ᠬᠤᠭᠤᠴᠠᠭᠠᠨ ᠤ ᠲᠠᠮᠢᠷ᠎ᠤᠨ ᠴᠤᠭ᠍ᠯᠠᠭᠠᠨ᠎ᠳᠤ ᠣᠷᠣᠯᠴᠠᠬᠤ ᠬᠢᠷᠢ ᠬᠡᠮ᠎ᠢ ᠪᠤᠯᠢᠶᠠᠯᠳᠤᠬᠰᠠᠨ ᠪᠠᠢᠨ᠎ᠠ᠃
ᠤᠷᠤᠯᠳᠤᠭᠠᠨ᠎ᠳᠤ ᠡᠷᠡᠭ᠌ᠲᠡᠶ᠎ᠶ᠋ᠢᠨ ᠳᠠᠩ ᠵᠢᠨᠷ ᠴᠣᠬᠢᠬᠤ᠂ ᠡᠮᠡᠭ᠌ᠲᠡᠶ᠎ᠶ᠋ᠢᠨ ᠳᠠᠩ ᠵᠢᠨᠷ ᠴᠣᠬᠢᠬᠤ ᠬᠣᠶᠠᠷ ᠤᠷᠤᠯᠳᠤᠭᠠᠨ᠎ᠤ ᠵᠦᠢᠯ᠎ᠢ ᠲᠣᠬᠢᠷᠠᠭᠤᠯᠵᠤ᠂ 25 - 39 ᠨᠠᠰᠤ᠂ 40 - 49 ᠨᠠᠰᠤ᠂ 50 - 59 ᠨᠠᠰᠤ᠂ 60 - 69 ᠨᠠᠰᠤ᠂ 70 - 75 ᠨᠠᠰᠤᠨ ᠤ ᠲᠠᠪᠤᠨ ᠠᠩᠭᠢ ᠬᠤᠪᠢᠶᠠᠵᠤ᠂ ᠠᠬᠠᠮᠠᠳ ᠢᠳᠡᠷ ᠵᠠᠯᠠᠭᠤᠴᠤᠳ ᠠᠳᠠᠯᠢ ᠪᠤᠰᠤ ᠨᠠᠰᠤᠨ᠎ᠤ ᠲᠠᠮᠢᠷᠴᠢᠨ ᠢ ᠬᠠᠮᠤᠷᠪᠠ᠃ ᠤᠷᠤᠯᠳᠤᠭᠠᠨ᠎ᠤ ᠲᠠᠯᠠᠪᠤᠷ᠎ᠲᠤ ᠲᠠᠮᠢᠷᠴᠢᠳ ᠴᠣᠭ ᠵᠢᠪᠬᠤᠭ᠎ᠠ ᠲᠡᠭᠦᠯᠳᠡᠷ ᠪᠠᠢᠵᠤ᠂ ᠡᠷᠡᠯᠬᠡᠭ᠌ᠯᠡᠨ ᠲᠡᠮᠡᠴᠡᠵᠦ᠍᠂ ᠬᠥᠬᠡᠬᠣᠲᠠ ᠶ᠋ᠢᠨ ᠣᠯᠠᠨ ᠲᠦᠮᠡᠨᠴᠢ ᠫᠢᠩᠫᠠᠩ ᠪᠥᠮᠪᠥᠭᠡ᠎ᠶ᠋ᠢᠨ ᠬᠥᠳᠡᠯᠭᠡᠭᠡᠨ ᠦ ᠭᠦᠨ ᠵᠤᠵᠠᠭᠠᠨ ᠠᠭᠤᠯᠤᠭ᠍ᠳᠠᠬᠤᠨ ᠪᠠ ᠰᠠᠢᠨ ᠰᠠᠢᠬᠠᠨ ᠣᠶᠤᠨ ᠰᠠᠨᠠᠭᠠᠨ ᠤ ᠳᠦᠷᠰᠦ ᠪᠠᠢᠳᠠᠯ᠎ᠢ ᠭᠦᠶ᠋ᠴᠡᠳ ᠢᠯᠡᠷᠡᠭᠦᠯᠪᠡ᠃ ᠲᠤᠰ ᠤᠳᠠᠭᠠᠨ ᠤ ᠤᠷᠤᠯᠳᠤᠭᠠᠨ ᠨᠢ ᠥᠷᠭᠡᠨ ᠤᠯᠠᠨ ᠫᠢᠩᠫᠠᠩ ᠪᠥᠮᠪᠥᠭᠡ᠎ᠶ᠋ᠢᠨ ᠳᠤᠷ᠎ᠠ ᠪᠠᠬᠠᠲᠠᠳ᠎ᠲᠤ ᠤᠷ᠎ᠠ ᠮᠡᠷᠭᠡᠵᠢᠯ᠎ᠢᠶᠡᠨ ᠰᠣᠯᠢᠯᠴᠠᠬᠤ᠂ ᠨᠥᠬᠥᠷᠯᠡᠯ᠎ᠢᠶᠡᠨ ᠵᠤᠵᠠᠭᠠᠳᠬᠠᠬᠤ ᠲᠠᠪᠴᠠᠩ ᠬᠠᠩᠭᠠᠭ᠍ᠰᠠᠨ ᠪᠥᠭᠡᠳ ᠱᠢᠯᠢᠳᠡᠭ ᠴᠢᠳᠠᠪᠤᠷᠢᠲᠠᠨ ᠢ ᠱᠢᠯᠢᠨ ᠰᠣᠩᠭᠣᠵᠤ᠂ ᠬᠥᠬᠡᠬᠣᠲᠠ ᠶ᠋ᠢᠨ ᠤᠯᠠᠨ ᠲᠦᠮᠡᠨᠴᠢ ᠫᠢᠩᠫᠠᠩ ᠪᠥᠮᠪᠥᠭᠡ᠎ᠶ᠋ᠢᠨ ᠲᠥᠯᠥᠭᠡᠯᠡᠭ᠌ᠴᠢᠳ᠎ᠦᠨ ᠠᠩᠭᠢ ᠶ᠋ᠢ ᠵᠣᠬᠢᠶᠠᠨ ᠪᠠᠢᠭᠤᠯᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠵᠢᠷᠭᠤᠳᠤᠭᠠᠷ ᠬᠤᠭᠤᠴᠠᠭᠠᠨ ᠤ ᠲᠠᠮᠢᠷ᠎ᠤᠨ ᠴᠤᠭ᠍ᠯᠠᠭᠠᠨ ᠳᠤ ᠣᠷᠣᠯᠴᠠᠭᠤᠯᠬᠤ ᠪᠤᠯᠤᠨ᠎ᠠ᠃
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号