— ᠦᠪᠦᠷ ᠮᠤᠩᠭᠤᠯ ᠤ᠋ᠨ ᠤᠢ ᠡᠪᠡᠰᠤᠨ ᠤ᠋ ᠲᠠᠪᠤᠨ ᠶᠡᠬᠡ ᠤᠨᠴᠠᠯᠢᠭᠲᠤ ᠠᠵᠤ ᠦᠢᠯᠡᠰ ᠤ᠋ᠨ ᠲᠤᠬᠠᠢ ᠰᠢᠷᠢᠰ ᠮᠡᠳᠡᠭᠡᠯᠡᠯ (ᠨᠢᠭᠡ)
ᠨᠠᠢᠷᠠᠭᠤᠯᠤᠭᠴᠢ ᠵᠢᠨ ᠦᠬᠡ᠄
ᠦᠪᠦᠷ ᠮᠤᠩᠭᠤᠯ ᠪᠤᠯ ᠮᠠᠨ ᠤ᠋ ᠤᠯᠤᠰ ᠤ᠋ᠨ ᠤᠮᠠᠷᠠᠲᠤ ᠵᠢᠨ ᠲᠠᠯᠠᠪᠠᠢ ᠪᠡᠷ ᠬᠠᠮᠤᠭ ᠤ᠋ᠨ ᠶᠡᠬᠡ᠂ ᠲᠦᠷᠦᠯ ᠵᠦᠢᠯ ᠵᠢᠡᠷ ᠬᠠᠮᠤᠭ ᠤ᠋ᠨ ᠪᠦᠷᠢᠨ ᠠᠮᠢ ᠠᠬᠤᠢ ᠵᠢᠨ ᠴᠢᠳᠠᠮᠵᠢ ᠵᠢᠨ ᠤᠷᠤᠨ ᠪᠦᠬᠡᠳ ᠨᠤᠲᠤᠭ ᠪᠡᠯᠴᠢᠭᠡᠷ ᠪᠤᠯᠤᠨ ᠤᠢ ᠰᠢᠭᠤᠢ ᠵᠢᠨ ᠲᠠᠯᠠᠪᠠᠢ ᠲᠤᠰ ᠲᠤᠰ 13.2 ᠳ᠋ᠦᠩᠰᠢᠭᠤᠷ ᠮᠤ᠌ ᠪᠠ 4.08 ᠳ᠋ᠦᠩᠰᠢᠭᠤᠷ ᠮᠤ᠌ ᠪᠠᠢᠵᠤ᠂ ᠴᠦᠮ ᠪᠦᠬᠦ ᠤᠯᠤᠰ ᠲᠤ᠌ ᠲᠦᠷᠦᠬᠦᠯᠡᠨ᠂ ᠤᠢ ᠰᠢᠭᠤᠢ ᠡᠪᠡᠰᠤᠨ ᠤ᠋ ᠠᠵᠤ ᠦᠢᠯᠡᠰ ᠢ᠋ ᠬᠦᠭᠵᠢᠬᠦᠯᠬᠦ ᠳᠠᠪᠠᠭᠤᠯᠢᠭ ᠨᠦᠬᠦᠴᠡᠯ ᠢ᠋ ᠪᠦᠷᠢᠯᠳᠦᠭᠦᠯᠪᠡ᠃
ᠮᠠᠨ ᠤ᠋ ᠤᠷᠤᠨ ᠤᠢᠷ᠎ᠠ ᠵᠢᠨ ᠬᠤᠶᠠᠷ ᠵᠢᠯ ᠳ᠋ᠤ 《ᠦᠪᠦᠷ ᠮᠤᠩᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠤᠢ ᠰᠢᠭᠤᠢ ᠡᠪᠡᠰᠤᠨ ᠤ᠋ ᠠᠵᠤ ᠦᠢᠯᠡᠰ ᠢ᠋ ᠬᠦᠭᠵᠢᠬᠦᠯᠬᠦ ᠲᠦᠯᠦᠪᠵᠢᠭᠦᠯᠭᠡ (2023 — 2030 ᠤᠨ)》 ᠶᠤᠰᠤᠭᠠᠷ ᠡᠪᠡᠰᠤᠨ ᠤ᠋ ᠦᠢᠯᠡᠰ᠂ ᠤᠢ ᠵᠢᠨ ᠵᠢᠮᠢᠰ᠂ ᠤᠢ ᠲᠤᠳᠤᠷᠠᠬᠢ ᠡᠮ ᠤ᠋ᠨ ᠮᠠᠲᠸᠷᠢᠶᠠᠯ᠂ ᠤᠢ ᠰᠢᠭᠤᠢ ᠵᠢᠨ ᠢᠳᠡᠭᠡᠨ ᠵᠢᠴᠢ ᠮᠤᠳᠤᠯᠢᠭ ᠤᠷᠭᠤᠮᠠᠯ ᠤ᠋ᠨ ᠠᠮᠤ ᠲᠤᠰᠤ ᠵᠡᠷᠭᠡ ᠤᠢ ᠡᠪᠡᠰᠤᠨ ᠤ᠋ ᠲᠠᠪᠤᠨ ᠶᠡᠬᠡ ᠤᠨᠴᠠᠯᠢᠭᠲᠤ ᠠᠵᠤ ᠦᠢᠯᠡᠰ ᠢ᠋ ᠬᠦᠴᠦᠯᠡᠨ ᠬᠦᠭᠵᠢᠬᠦᠯᠵᠤ᠂ ᠨᠢᠬᠡᠨᠳᠡ 《5 + 4 + 3》 ᠣᠲᠣ ᠦᠶ᠎ᠡ ᠵᠢᠨ ᠤᠢ ᠰᠢᠭᠤᠢ ᠡᠪᠡᠰᠤᠨ ᠤ᠋ ᠠᠵᠤ ᠦᠢᠯᠡᠰ ᠤ᠋ᠨ ᠱᠢᠰᠲ᠋ᠧᠮ ᠢ᠋ ᠪᠠᠢᠭᠤᠯᠪᠠ᠃
ᠦᠪᠦᠷ ᠮᠤᠩᠭᠤᠯ ᠤ᠋ᠨ ᠤᠢ ᠰᠢᠭᠤᠢ ᠡᠪᠡᠰᠤᠨ ᠤ᠋ ᠠᠵᠤ ᠦᠢᠯᠡᠰ ᠤ᠋ᠨ ᠬᠦᠭᠵᠢᠯᠲᠡ ᠵᠢᠨ ᠠᠮᠵᠢᠯᠳᠠ ᠪᠦᠳᠦᠮᠵᠢ᠂ ᠬᠠᠷᠠᠯᠳᠠ ᠡᠬᠦᠷᠬᠡ ᠪᠠ ᠠᠷᠭ᠎ᠠ ᠵᠠᠮ ᠢ᠋ ᠬᠦᠨᠵᠡᠬᠡᠢ ᠲᠠᠯᠬᠡᠬᠦ ᠵᠤᠷᠢᠯᠳᠠ ᠪᠡᠷ ᠲᠤᠰ ᠰᠤᠨᠢᠨ ᠡᠨᠡ ᠡᠳᠤᠷ ᠡᠴᠡ ᠡᠬᠢᠯᠡᠨ ᠰᠤᠷᠪᠤᠯᠵᠢᠯᠠᠭᠴᠢ ᠵᠢᠨ ᠪᠢᠴᠢᠭᠰᠡᠨ 《ᠦᠪᠦᠷ ᠮᠤᠩᠭᠤᠯ ᠤ᠋ᠨ ᠤᠢ ᠡᠪᠡᠰᠤᠨ ᠤ᠋ ᠲᠠᠪᠤᠨ ᠶᠡᠬᠡ ᠤᠨᠴᠠᠯᠢᠭᠲᠤ ᠠᠵᠤ ᠦᠢᠯᠡᠰ ᠤ᠋ᠨ ᠲᠤᠬᠠᠢ ᠰᠢᠷᠢᠰ ᠮᠡᠳᠡᠭᠡᠯᠡᠯ》 ᠢ᠋ ᠨᠡᠢᠳᠡᠯᠡᠬᠦ ᠪᠡᠷ ᠪᠤᠯᠵᠠᠢ᠃ ᠠᠩᠬᠠᠷᠤᠯ ᠵᠢᠡᠨ ᠬᠠᠨᠳᠤᠭᠤᠯᠤᠮᠤ!
《ᠦᠪᠡᠷᠲᠡᠭᠡᠨ ᠵᠠᠰᠠᠬᠤ ᠤᠷᠤᠨ ᠤ᠋ ᠨᠠᠮ ᠤ᠋ᠨ ᠬᠤᠷᠢᠶ᠎ᠠ ᠪᠠ ᠦᠪᠡᠷᠳᠡᠬᠡᠨ ᠵᠠᠰᠠᠬᠤ ᠤᠷᠤᠨ ᠤ᠋ ᠵᠠᠰᠠᠬ ᠤ᠋ᠨ ᠤᠷᠤᠨ ᠤ᠋ ᠬᠦᠴᠤᠲᠠᠢ ᠤᠳᠤᠷᠢᠳᠤᠯᠭ᠎ᠠ ᠲᠤᠤᠷ᠎ᠠ᠂ ᠪᠦᠬᠦ ᠤᠷᠤᠨ ᠤ᠋ ᠡᠯ᠎ᠡ ᠭᠠᠵᠠᠷ ᠤ᠋ᠨ ᠬᠢᠨ ᠤᠢᠷ᠎ᠠ ᠵᠢᠨ ᠵᠢᠯ ᠳ᠋ᠤ ᠤᠢ ᠰᠢᠭᠤᠢ ᠡᠪᠡᠰᠤᠨ ᠤ᠋ ᠠᠵᠤ ᠦᠢᠯᠡᠰ ᠢ᠋ ᠬᠦᠴᠦᠯᠡᠨ ᠬᠦᠭᠵᠢᠬᠦᠯᠵᠤ᠂ 2024 ᠤᠨ ᠳ᠋ᠤ ᠪᠦᠬᠦ ᠤᠷᠤᠨ ᠤ᠋ ᠤᠢ ᠰᠢᠭᠤᠢ ᠡᠪᠡᠰᠤᠨ ᠤ᠋ ᠠᠵᠤ ᠦᠢᠯᠡᠰ ᠤ᠋ᠨ ᠦᠢᠯᠡᠳᠭᠦᠨ ᠤ᠋ ᠶᠡᠷᠦᠩᠬᠡᠢ ᠦᠷᠲᠡᠭ ᠠᠩᠬ᠎ᠠ ᠤᠳᠠᠭ᠎ᠠ 1000 ᠳ᠋ᠦᠩᠰᠢᠭᠤᠷ ᠲᠦᠭᠦᠷᠢᠭ ᠤ᠋ᠨ ᠪᠤᠭᠤᠮᠳᠠ ᠵᠢ ᠳᠠᠪᠠᠵᠤ᠂ 2025 ᠤᠨ ᠳ᠋ᠤ 1120 ᠳ᠋ᠦᠩᠰᠢᠭᠤᠷ ᠲᠦᠭᠦᠷᠢᠭ ᠲᠤ᠌ ᠬᠦᠷᠪᠡ》 ᠭᠡᠵᠤ ᠥᠪᠡᠷᠲᠡᠭᠡᠨ ᠵᠠᠰᠠᠬᠤ ᠣᠷᠣᠨ ᠤ᠋ ᠣᠶ ᠱᠢᠭᠤᠶ ᠪᠠ ᠨᠤᠲᠤᠭ ᠪᠡᠯᠴᠢᠭᠡᠷ ᠤ᠋ᠨ ᠲᠣᠪᠴᠢᠶ᠎ᠠ ᠵᠢᠨ ᠳᠠᠷᠤᠭ᠎ᠠ ᠸᠠᠩ ᠵᠣᠣ ᠱᠧᠩ ᠡᠨᠡ ᠵᠢᠯ ᠤ᠋ᠨ ᠪᠦᠬᠦ ᠤᠷᠤᠨ ᠤ᠋ ᠨᠤᠳᠤᠭ ᠪᠡᠯᠴᠢᠬᠡᠷ ᠤ᠋ᠨ ᠠᠵᠢᠯ ᠤ᠋ᠨ ᠬᠤᠷᠠᠯ ᠲᠠᠬᠡᠷ᠎ᠠ ᠶᠠᠷᠢᠯ᠎ᠠ᠃
ᠡᠪᠡᠰᠤ ᠪᠤᠷᠳᠤᠭ᠎ᠠ ᠪᠤᠯ ᠮᠠᠯ ᠠᠵᠤ ᠠᠬᠤᠶ ᠵᠢᠨ ᠴᠢᠨᠠᠷ ᠰᠠᠢᠲᠠᠶ ᠬᠥᠭ᠌ᠵᠢᠯᠲᠡ ᠵᠢᠨ ᠪᠣᠳᠠᠰ ᠤ᠋ᠨ ᠰᠠᠭᠤᠷᠢ ᠮᠦᠨ᠃ 《ᠬᠦᠮᠦᠨ ᠬᠤᠭᠤᠯᠠ ᠪᠡᠷ ᠬᠦᠯᠦᠭ ᠡᠪᠡᠰᠤ ᠪᠡᠷ》 ᠬᠡᠳᠡᠭᠴᠢᠯᠡᠨ ᠲᠠᠪᠤᠨ ᠬᠤᠰᠢᠭᠤ ᠮᠠᠯ ᠲᠠᠵᠢᠬᠡᠯ ᠡᠪᠡᠰᠤ ᠡᠴᠡ ᠰᠠᠯᠵᠤ ᠴᠢᠳᠠᠬᠤ ᠦᠬᠡᠢ ᠪᠦᠭᠡᠳ ᠮᠠᠯ ᠤ᠋ᠨ ᠠᠰᠢᠭ ᠰᠢᠮ᠎ᠠ ᠪᠠ ᠶᠠᠰᠤ ᠴᠢᠨᠠᠷ ᠴᠦ᠍ ᠲᠡᠵᠢᠬᠡᠯ ᠡᠪᠡᠰᠤ ᠪᠤᠷᠳᠤᠭ᠎ᠠ ᠯᠤᠭ᠎ᠠ ᠨᠢᠭᠲᠠ ᠬᠤᠯᠪᠤᠭ᠎ᠠ ᠲᠠᠢ᠃ ᠬᠠᠮᠢᠶ᠎ᠠ ᠪᠦᠬᠦᠢ ᠰᠤᠳᠤᠯᠭᠠᠨ ᠢ᠋ ᠦᠨᠳᠦᠰᠦᠯᠡᠪᠡᠯ᠂ ᠰᠠᠭᠠᠯᠢ ᠢ᠋ᠢᠨ ᠦᠨᠢᠶ᠎ᠡ ᠵᠢᠨ ᠰᠦ ᠵᠢᠨ ᠭᠠᠷᠤᠯᠲᠠ ᠪᠤᠯᠤᠨ ᠰᠦ ᠵᠢᠨ ᠴᠢᠨᠠᠷ ᠢ᠋ ᠨᠦᠯᠦᠭᠡᠯᠡᠵᠤ ᠪᠠᠢᠭ᠎ᠠ ᠭᠤᠤᠯ ᠬᠦᠴᠦᠨ ᠵᠦᠶ᠋ᠯ ᠳ᠋ᠤ ᠡᠪᠡᠰᠦ ᠪᠣᠷᠳᠣᠭ᠎ᠠ ᠢ᠋ᠢᠨ ᠨᠦᠯᠦᠭᠡ 50% ᠵᠢ ᠲᠠᠪᠠᠵᠤ ᠪᠠᠢᠨ᠎ᠠ᠃ 《ᠰᠢᠷᠬᠡᠭ ᠡᠪᠡᠰᠤ ᠡᠴᠡ ᠴᠤᠮᠤ ᠰᠦ》 ᠂ 《ᠰᠢᠷᠬᠡᠭ ᠡᠪᠡᠰᠤ ᠡᠴᠡ ᠬᠡᠰᠡᠭ ᠮᠢᠬ᠎ᠠ》 ᠬᠦᠷᠳᠡᠯ᠎ᠠ ᠮᠠᠯ ᠤ᠋ᠨ ᠠᠰᠢᠭ ᠰᠢᠮ᠎ᠠ ᠵᠢᠨ ᠪᠥᠬᠥ᠌ ᠠᠵᠤ ᠦᠶ᠋ᠯᠡᠰ ᠤ᠋ᠨ ᠬᠡᠯᠬᠢᠶ᠎ᠡ ᠢ᠋ᠢ ᠬᠦᠭᠵᠢᠭᠦᠯᠬᠦ ᠳ᠋ᠤ ᠡᠩ ᠲᠡᠷᠢᠬᠦᠨ ᠳ᠋ᠤ ᠰᠦᠯ ᠰᠠᠢᠲᠠᠶ ᠲᠠᠵᠢᠬᠡᠯ ᠡᠪᠡᠰᠦᠨ ᠤ᠋ ᠦᠶ᠋ᠯᠡᠰ ᠢ᠋ ᠬᠦᠭᠵᠢᠬᠦᠯᠬᠦ ᠴᠢᠬᠤᠯᠠ ᠲᠠᠢ ᠶᠤᠮ᠃
ᠡᠪᠡᠰᠦᠨ ᠤ᠋ ᠦᠢᠯᠡᠰ ᠪᠣᠯ ᠤᠯᠠᠭᠠᠨᠬᠠᠳᠠ ᠬᠤᠳᠠ ᠵᠢᠨ ᠠᠷᠤ ᠬᠣᠷᠴᠢᠨ ᠬᠣᠱᠢᠭᠤᠨ ᠤ᠋ ᠠᠷᠠᠳ ᠢ᠋ ᠪᠠᠶᠠᠵᠢᠭᠤᠯᠬᠤ ᠠᠵᠤ ᠦᠢᠯᠡᠰ᠂ ᠮᠦᠨ ᠴᠤ᠌ ᠲᠤᠯᠭᠠᠭᠤᠷᠢ ᠠᠵᠤ ᠦᠢᠯᠡᠰ ᠨᠢ ᠪᠤᠯᠤᠨ᠎ᠠ᠃ 《ᠪᠢᠳᠡ ᠨᠤᠳᠤᠭ ᠤᠰᠤᠨ ᠤ᠋ ᠪᠠᠨ ᠪᠤᠳᠠᠳᠤ ᠪᠠᠢᠳᠠᠯ ᠢ᠋ ᠦᠨᠳᠤᠰᠤᠯᠡᠵᠤ ᠦᠩᠬᠡᠷᠡᠭᠰᠡᠨ ᠤ᠋ ᠮᠤ᠌ ᠪᠦᠷᠢ ᠵᠢᠨ ᠤᠨᠠᠯᠲᠠ ᠨᠢ 35 ᠺᠢᠯᠦᠭᠷᠠᠮ ᠪᠠᠢᠭᠰᠠᠨ ᠪᠠᠢᠭᠠᠯᠢ ᠵᠢᠨ ᠬᠠᠳᠤᠯᠠᠩ ᠪᠡᠯᠴᠢᠬᠡᠷ ᠲᠦ᠍ ᠪᠤᠷᠤ ᠴᠠᠷᠭᠠᠰᠤ ᠲᠠᠷᠢᠭᠠᠳ ᠮᠤ᠌ ᠪᠦᠷᠢ ᠵᠢᠨ ᠤᠨᠠᠯᠲᠠ ᠨᠢ 800 ᠺᠢᠯᠦᠭᠷᠠᠮ ᠢ᠋ ᠲᠠᠪᠠᠵᠤ᠂ ᠬᠦᠷᠢᠶᠡᠯᠡᠩ ᠲᠤᠭᠤᠷᠢᠭ ᠤ᠋ᠨ ᠪᠡᠯᠴᠢᠭᠡᠷ ᠤ᠋ᠨ ᠳᠠᠭᠠᠭᠠᠴᠠ ᠬᠡᠳᠦᠨ ᠠᠷᠪᠠᠨ ᠳᠠᠬᠢᠨ ᠵᠢᠡᠷ ᠨᠡᠮᠡᠭᠳᠡᠨ᠂ ᠲᠤᠬᠠᠢ ᠵᠢᠨ ᠭᠠᠵᠠᠷ ᠤ᠋ᠨ 130 ᠲᠦᠮᠡᠨ ᠮᠠᠯ ᠤ᠋ᠨ ᠲᠡᠵᠢᠭᠡᠯ ᠡᠪᠡᠰᠤᠨ ᠤ᠋ ᠠᠰᠠᠭᠤᠳᠠᠯ ᠢ᠋ ᠰᠢᠢᠳᠪᠦᠷᠢᠯᠡᠭᠰᠡᠨ ᠵᠢᠡᠷ ᠪᠠᠷᠠᠬᠤ ᠦᠬᠡᠢ ᠪᠦᠬᠦ ᠬᠤᠰᠢᠭᠤᠨ ᠤ᠋ 1560 ᠲᠦᠮᠡᠨ ᠮᠤ᠌ ᠪᠠᠢᠭᠠᠯᠢ ᠵᠢᠨ ᠪᠡᠯᠴᠢᠭᠡᠷ ᠤ᠋ᠨ ᠳᠠᠷᠤᠭᠠᠰᠤ ᠶ᠋ᠢ ᠪᠦᠳᠦᠮᠵᠢᠳᠠᠢ ᠬᠦᠩᠭᠡᠷᠡᠭᠦᠯᠪᠡ》 ᠭᠡᠵᠤ ᠠᠷᠤ ᠬᠤᠷᠴᠢᠨ ᠬᠤᠰᠢᠭᠤᠨ ᠤ᠋ ᠡᠪᠡᠰᠤᠨ ᠤ᠋ ᠦᠢᠯᠡᠰ ᠤ᠋ᠨ ᠵᠢᠱ᠌ᠢᠶ᠎ᠡ ᠦᠵᠡᠭᠦᠯᠬᠦ ᠬᠦᠷᠢᠶᠡᠯᠡᠩ ᠲᠤᠭᠤᠷᠢᠭ ᠤ᠋ᠨ ᠬᠠᠮᠢᠶᠠᠷᠤᠯᠲᠠ ᠵᠢᠨ ᠵᠦᠪᠯᠡᠯ ᠤ᠋ᠨ ᠡᠷᠬᠢᠯᠡᠭᠴᠢ ᠰᠦᠩ ᠱᠸᠨ ᠺᠦᠨ ᠬᠡᠯᠡᠨ᠎ᠡ᠃
ᠠᠷᠤ ᠬᠤᠷᠴᠢᠨ ᠬᠤᠰᠢᠭᠤ ᠤᠢᠷ᠎ᠠ ᠢ᠋ᠢᠨ ᠵᠢᠯ ᠳ᠋ᠤ ᠡᠪᠡᠰᠦᠨ ᠤ᠋ ᠦᠶ᠋ᠯᠡᠰ ᠤ᠋ᠨ ᠴᠢᠨᠠᠷ ᠰᠠᠢᠲᠠᠶ ᠬᠥᠭ᠌ᠵᠢᠯᠲᠡ ᠢ᠋ᠢ ᠠᠬᠢᠭᠤᠯᠬᠤ ᠲᠠᠯ᠎ᠠ ᠪᠡᠷ ᠲᠡᠭᠷᠢ ᠵᠢᠨ ᠴᠢᠷᠠᠢ ᠬᠠᠷᠠᠵᠤ ᠬᠠᠳᠤᠯᠠᠩ ᠬᠤᠷᠢᠶᠠᠵᠦ ᠪᠠᠢᠬᠰᠠᠨ ᠪᠠᠢᠳᠠᠯ ᠵᠢᠡᠨ ᠬᠤᠪᠢᠷᠠᠭᠤᠯᠵᠦ᠂ ᠰᠢᠨᠵᠢᠯᠡᠬᠦ ᠤᠬᠠᠭᠠᠨᠴᠢ ᠪᠡᠷ ᠪᠤᠷᠤ ᠴᠠᠷᠭᠠᠰᠤ ᠲᠠᠷᠢᠵᠤ᠂ ᠡᠪᠡᠰᠤᠨ ᠤ᠋ ᠤᠨᠠᠯᠲᠠ ᠢ᠋ᠢ ᠨᠡᠮᠡᠭ᠌ᠳᠡᠭᠦᠯᠤᠨ ᠬᠡᠪᠴᠢᠶᠡᠵᠢᠯ ᠤ᠋ᠨ ᠲᠦᠪᠱᠢᠨ ᠢ᠋ᠢᠡᠨ ᠳᠡᠭᠡᠭ᠌ᠰᠢᠯᠡᠭᠦᠯᠵᠦ᠍᠂ ᠮᠠᠯᠴᠢᠨ ᠲᠠᠷᠢᠶᠠᠴᠢᠨ ᠤ᠋ ᠣᠷᠣᠯᠭ᠎ᠠ ᠢ᠋ᠢ ᠨᠡᠮᠡᠭ᠌ᠳᠡᠭᠦᠯᠦᠭᠰᠡᠨ ᠵᠢᠡᠷ ᠪᠠᠷᠠᠬᠤ ᠦᠬᠡᠢ ᠨᠤᠳᠤᠭ ᠪᠡᠯᠴᠢᠬᠡᠷ ᠤ᠋ᠨ ᠠᠮᠢ ᠠᠬᠤᠶ ᠵᠢ ᠴᠦ᠍ ᠰᠠᠢᠵᠢᠷᠠᠭᠤᠯᠪᠠ᠃ ᠠᠷᠤ ᠬᠤᠷᠴᠢᠨ ᠬᠤᠰᠢᠭᠤ ᠪᠤᠯ ᠪᠦᠬᠦ ᠤᠯᠤᠰ ᠲᠡᠬᠢ ᠲᠡᠵᠢᠭᠡᠯ ᠡᠪᠡᠰᠤ ᠶ᠋ᠢ ᠵᠠᠯᠭᠠᠯᠳᠤᠭᠤᠯᠤᠨ ᠲᠠᠷᠢᠭᠰᠠᠨ ᠬᠡᠪᠴᠢᠶ᠎ᠡ ᠪᠡᠷ ᠬᠠᠮᠤᠭ ᠤ᠋ᠨ ᠶᠡᠬᠡ ᠰᠠᠭᠤᠷᠢᠨ ᠪᠠᠢᠵᠤ᠂ ᠲᠠᠷᠢᠮᠠᠯ ᠤ᠋ᠨ ᠲᠠᠯᠠᠪᠠᠢ ᠨᠢ 56 ᠲᠦᠮᠡᠨ ᠮᠤ᠌ ᠶ᠋ᠢ ᠳᠠᠪᠠᠨ᠂ ᠵᠢᠯ ᠤ᠋ᠨ ᠲᠠᠸᠠᠷ ᠤ᠋ᠨ ᠡᠪᠡᠰᠤᠨ ᠤ᠋ ᠭᠠᠷᠤᠯᠲᠠ 50 ᠲᠦᠮᠡᠨ ᠲᠤᠨ ᠢ᠋ ᠳᠠᠪᠠᠵᠤ᠂ ᠪᠦᠬᠦ ᠤᠯᠤᠰ ᠤ᠋ᠨ ᠲᠠᠸᠠᠷ ᠤ᠋ᠨ ᠡᠪᠡᠰᠤᠨ ᠤ᠋ ᠶᠡᠷᠤᠩᠬᠡᠢ ᠭᠠᠷᠤᠯᠲᠠ ᠵᠢᠨ 16.7% ᠵᠢ ᠡᠵᠡᠯᠡᠨ᠂ 《ᠳᠤᠮᠳᠠᠳᠤ ᠤᠯᠤᠰ ᠤ᠋ᠨ ᠡᠪᠡᠰᠤᠨ ᠤ᠋ ᠬᠤᠲᠠ》 ᠬᠡᠮᠡᠨ ᠠᠯᠳᠠᠷᠰᠢᠭᠰᠠᠨ ᠪᠦᠭᠡᠳ ᠪᠤᠰᠤᠳ ᠭᠠᠵᠠᠷ ᠲᠤ᠌ ᠲᠤᠯᠢ ᠪᠤᠯᠬᠤᠢᠴᠠ ᠨᠠᠨᠳᠢᠨ ᠲᠤᠷᠰᠢᠯᠭ᠎ᠠ ᠬᠠᠩᠭᠠᠪᠠ᠃
ᠦᠪᠦᠷ ᠮᠤᠩᠭᠤᠯ ᠪᠤᠯ ᠮᠠᠯ ᠠᠵᠤ ᠠᠬᠤᠢ ᠲᠠᠷᠢᠶᠠᠯᠠᠩ ᠤ᠋ᠨ ᠲᠤᠮᠤ ᠤᠷᠤᠨ᠂ ᠲᠤᠮᠳᠠᠴᠢ ᠪᠠᠷ ᠵᠢᠯ ᠪᠦᠷᠢ 1.4 ᠳ᠋ᠦᠩᠰᠢᠭᠤᠷ ᠭᠠᠷᠤᠢ ᠮᠠᠯ ᠤᠨᠤᠭ᠎ᠠ ᠲᠠᠵᠢᠬᠡᠵᠤ᠂ ᠲᠡᠵᠢᠭᠡᠯ ᠡᠪᠡᠰᠤᠨ ᠤ᠋ ᠬᠡᠷᠡᠭᠴᠡᠭᠡ ᠪᠡᠷ ᠮᠠᠰᠢ ᠶᠡᠬᠡ ᠪᠠᠢᠳᠠᠭ᠃ ᠤᠯᠠᠭᠠᠨᠬᠠᠳᠠ ᠡᠴᠡ ᠭᠠᠳᠠᠨ᠎ᠠ ᠬᠦᠬᠡᠬᠤᠲᠠ᠂ ᠪᠠᠶᠠᠨᠨᠠᠭᠤᠷ᠂ ᠲᠦᠩᠯᠢᠶᠤᠤ᠂ ᠬᠢᠩᠭᠠᠨ ᠵᠡᠷᠭᠡ ᠭᠠᠵᠠᠷ ᠤ᠋ᠨ ᠬᠢᠨ ᠴᠦ᠍ ᠤᠷᠤᠨ ᠨᠤᠳᠤᠭ ᠤ᠋ᠨ ᠪᠤᠳᠠᠲᠤ ᠪᠠᠢᠳᠠᠯ ᠳ᠋ᠠᠭᠠᠨ ᠲᠤᠬᠢᠷᠠᠭᠤᠯᠤᠨ ᠰᠦᠯ ᠰᠠᠢᠳᠠᠢ ᠡᠪᠡᠰᠤ ᠲᠠᠷᠢᠬᠤ᠂ ᠨᠤᠲᠤᠭ ᠪᠡᠯᠴᠢᠭᠡᠷ ᠢ᠋ ᠵᠠᠰᠠᠨ ᠰᠡᠷᠭᠦᠭᠡᠬᠦ᠂ ᠬᠦᠬᠡ ᠳᠠᠷᠤᠰᠢ ᠲᠠᠷᠤᠰᠢᠭᠤᠯᠬᠤ ᠵᠡᠷᠭᠡ ᠠᠷᠭ᠎ᠠ ᠵᠠᠮ ᠵᠢᠡᠷ ᠤᠳᠤᠬᠢᠴᠢᠯᠠᠭᠰᠠᠨ ᠡᠪᠡᠰᠤᠨ ᠤ᠋ ᠦᠢᠯᠡᠰ ᠢ᠋ ᠬᠦᠭᠵᠢᠭᠦᠯᠵᠤ᠂ ᠡᠪᠡᠰᠤ ᠮᠠᠯ ᠢ᠋ ᠨᠢᠭᠡ ᠴᠤᠭᠴᠠᠵᠢᠭᠤᠯᠤᠬᠰᠠᠨ ᠬᠦᠭᠵᠢᠯᠲᠡ ᠶ᠋ᠢ ᠠᠬᠢᠭᠤᠯᠵᠤ ᠪᠠᠢᠨ᠎ᠠ᠃
ᠬᠢᠶᠠᠭ ᠡᠪᠡᠰᠤ ᠪᠤᠯ ᠮᠠᠨ ᠤ᠋ ᠤᠷᠤᠨ ᠤ᠋ ᠪᠠᠢᠭᠠᠯᠢ ᠵᠢᠨ ᠪᠡᠯᠴᠢᠭᠡᠷ ᠲᠡᠬᠢ ᠰᠦᠯ ᠰᠠᠢᠲᠠᠢ ᠲᠡᠵᠢᠭᠡᠯ ᠡᠪᠡᠰᠤᠨ ᠤ᠋ ᠨᠢᠭᠡ ᠪᠦᠭᠡᠳ ᠮᠠᠭᠤᠲᠠᠭᠰᠠᠨ ᠨᠤᠲᠤᠭ ᠪᠡᠯᠴᠢᠭᠡᠷ ᠢ᠋ ᠰᠡᠷᠭᠦᠭᠡᠬᠦ ᠪᠠ ᠡᠭᠦᠷᠢᠳᠡ ᠵᠢᠨ ᠴᠢᠨᠠᠷᠲᠠᠢ ᠲᠠᠷᠢᠮᠠᠯ ᠪᠡᠯᠴᠢᠭᠡᠷ ᠤ᠋ᠨ ᠪᠦᠳᠦᠬᠡᠨ ᠪᠠᠢᠭᠤᠯᠤᠯᠳᠠ ᠳ᠋ᠤ ᠲᠤᠬᠢᠷᠠᠭᠰᠠᠨ ᠬᠠᠮᠤᠭ ᠤ᠋ᠨ ᠰᠠᠢᠨ ᠨᠤᠲᠤᠭ ᠤ᠋ᠨ ᠡᠭᠦᠯᠳᠡᠷ ᠤ᠋ᠨ ᠡᠪᠡᠰᠤ ᠪᠤᠯᠤᠨ᠎ᠠ᠃ ᠬᠢᠶᠠᠭ ᠡᠪᠡᠰᠤ ᠲᠠᠷᠢᠭᠠᠳ ᠮᠤ᠌ ᠪᠦᠷᠢ ᠵᠢᠨ ᠤᠷᠤᠯᠭ᠎ᠠ ᠶ᠋ᠢ 1000 ᠭᠠᠷᠤᠢ ᠲᠦᠭᠦᠷᠢᠭ ᠨᠡᠮᠡᠭᠳᠡᠭᠦᠯᠪᠡ᠂ ᠡᠨᠡ ᠪᠤᠯ ᠪᠡᠭᠡᠵᠢᠩ ᠦᠪᠤᠷ ᠮᠤᠩᠭᠤᠯ ᠤ᠋ᠨ ᠬᠠᠮᠳᠤᠷᠠᠯᠴᠠᠭᠠᠨ ᠤ᠋ ᠬᠢᠶᠠᠭ ᠡᠪᠡᠰᠤ ᠲᠠᠷᠢᠵᠤ ᠤᠷᠭᠤᠭᠤᠯᠬᠤ ᠲᠦᠷᠦᠯ ᠵᠦᠢᠯ ᠤ᠋ᠨ ᠪᠤᠳᠠᠳᠠᠢ ᠦᠷ᠎ᠠ ᠪᠦᠳᠦᠮᠵᠢ ᠶᠤᠮ᠃ ᠲᠤᠰ ᠲᠦᠷᠦᠯ ᠵᠦᠢᠯ ᠵᠢᠡᠷ ᠲᠠᠮᠵᠢᠨ ᠨᠢᠳᠤᠨᠤᠨ ᠤ᠋ ᠵᠢᠯ ᠤ᠋ᠨ ᠡᠴᠤᠰ ᠪᠤᠯᠲᠠᠯ᠎ᠠ ᠲᠦᠩᠯᠢᠶᠤᠤ ᠬᠤᠲᠠ ᠵᠢᠨ ᠬᠤᠷᠴᠢᠨ ᠵᠡᠭᠦᠨ ᠭᠠᠷᠤᠨ ᠬᠤᠢᠲᠤ ᠬᠤᠰᠢᠭᠤ ᠪᠤᠯᠤᠨ ᠤᠯᠠᠭᠠᠨᠴᠠᠪ ᠬᠤᠲᠠ ᠵᠢᠨ ᠴᠠᠬᠠᠷ ᠪᠠᠷᠠᠭᠤᠨ ᠭᠠᠷᠤᠨ ᠬᠤᠢᠲᠤ ᠬᠤᠰᠢᠭᠤᠨ ᠳ᠋ᠤ ᠨᠡᠢᠳᠡ 4 ᠲᠦᠮᠡᠨ ᠮᠤ᠌ ᠬᠢᠶᠠᠭ ᠡᠪᠡᠰᠤ ᠲᠠᠷᠢᠵᠠᠢ᠃ ᠲᠤᠭ᠎ᠠ ᠪᠠᠷᠢᠮᠲᠠ ᠳ᠋ᠤ ᠢᠯᠡᠷᠡᠭᠦᠯᠦᠭᠰᠡᠨ ᠵᠢᠡᠷ᠂ ᠬᠢᠶᠠᠭ ᠡᠪᠡᠰᠤ ᠶ᠋ᠢ ᠲᠤᠷᠰᠢᠨ ᠲᠠᠷᠢᠬᠤ ᠲᠤᠭᠤᠷᠢᠭ ᠤ᠋ᠨ ᠮᠤ᠌ ᠪᠦᠷᠢ ᠵᠢᠨ ᠡᠪᠡᠰᠤᠨ ᠤ᠋ ᠤᠨᠠᠯᠲᠠ ᠨᠢ ᠤᠯᠠᠮᠵᠢᠯᠠᠯᠲᠤ ᠲᠡᠵᠢᠭᠡᠯ ᠡᠪᠡᠰᠤᠨ ᠤ᠋ ᠤᠨᠠᠯᠲᠠ ᠡᠴᠡ ᠮᠡᠳᠡᠭᠳᠡᠮ᠎ᠡ ᠦᠨᠳᠦᠷ ᠪᠠᠢᠵᠤ᠂ ᠬᠦᠷᠦᠰᠤ ᠰᠢᠷᠤᠢ ᠵᠢᠨ PH ᠬᠡᠮᠵᠢᠭᠳᠡᠯ ᠢᠳᠡᠭ ᠢᠳᠡᠭ ᠵᠢᠡᠷ ᠳᠤᠷᠤᠭᠰᠢᠯᠠᠨ᠂ ᠤᠷᠭᠤᠮᠠᠯ ᠤ᠋ᠨ ᠬᠤᠴᠢᠯᠭ᠎ᠠ ᠮᠡᠳᠡᠭᠳᠡᠬᠦᠢᠴᠡ ᠳᠡᠭᠡᠭᠰᠢᠯᠡᠵᠤ᠂ ᠲᠠᠴᠢᠷ ᠬᠤᠵᠢᠷᠯᠢᠭ ᠭᠠᠵᠠᠷ ᠴᠤ᠌ ᠠᠭᠠᠵᠢᠮ ᠵᠢᠡᠷ ᠰᠡᠷᠭᠦᠪᠡ᠃
ᠡᠪᠡᠰᠤᠨ ᠦᠷ᠎ᠡ ᠪᠤᠯ ᠡᠪᠡᠰᠤᠨ ᠤ᠋ ᠦᠢᠯᠡᠰ ᠤ᠋ᠨ ᠬᠦᠭᠵᠢᠯᠲᠡ ᠵᠢᠨ 《ᠴᠢᠫ》 ᠮᠦᠨ᠃ ᠤᠢᠷ᠎ᠠ ᠵᠢᠨ ᠵᠢᠯ ᠳ᠋ᠤ ᠮᠠᠨ ᠤ᠋ ᠤᠷᠤᠨ ᠡᠪᠡᠰᠤᠨ ᠤ᠋ ᠲᠦᠷᠦᠯ ᠤ᠋ᠨ ᠦᠷ᠎ᠡ ᠡᠳ᠋ ᠤ᠋ᠨ ᠡᠬᠢ ᠪᠠᠶᠠᠯᠢᠭ ᠢ᠋ ᠬᠢᠨᠠᠨ ᠲᠣᠭ᠍ᠲᠠᠭᠠᠵᠤ ᠦᠨᠡᠯᠡᠬᠦ᠌ ᠶ᠋ᠢ ᠲᠦᠷᠭᠡᠳᠭᠡᠨ᠂ ᠡᠪᠡᠰᠤᠨ ᠦᠷ᠎ᠡ ᠪᠣᠢᠵᠢᠭᠤᠯᠬᠤ ᠳ᠋ᠤ ᠨᠠᠩ ᠡᠯᠪᠡᠭ ᠪᠠᠶᠠᠯᠢᠭ ᠤᠳᠤᠮᠯᠠᠯ ᠤ᠋ᠨ ᠮᠠᠲ᠋ᠧᠷᠢᠶᠠᠯ ᠬᠠᠩᠭᠠᠪᠡ᠃ ᠥᠪᠡᠷᠲᠡᠭᠡᠨ ᠵᠠᠰᠠᠬᠤ ᠣᠷᠣᠨ ᠤ᠋ ᠡᠪᠡᠰᠤᠨ ᠦᠷ᠎ᠡ ᠪᠣᠢᠵᠢᠭᠤᠯᠬᠤ ᠪᠦᠯᠬᠦᠮ ᠪᠠᠰᠠ ᠱᠢᠯᠢᠳᠡᠭ ᠰᠠᠢᠨ ᠤᠷᠤᠨ ᠨᠤᠲᠤᠭ ᠤ᠋ᠨ ᠡᠪᠡᠰᠦᠨ ᠦᠷ᠎ᠡ ᠵᠢ ᠰᠣᠩᠭᠣᠨ ᠪᠣᠢᠵᠢᠭᠤᠯᠬᠤ ᠡᠷᠴᠢᠮ ᠵᠢᠡᠨ ᠴᠢᠩᠭᠠᠷᠠᠭᠤᠯᠤᠨ᠂ ᠣᠶᠤᠨᠴᠢ ᠪᠡᠷ ᠦᠷ᠎ᠡ ᠪᠣᠢᠵᠢᠭᠤᠯᠬᠤ ᠮᠡᠷᠭᠡᠵᠢᠯ ᠤ᠋ᠨ ᠬᠡᠷᠡᠭ᠌ᠯᠡᠯᠲᠡ ᠶ᠋ᠢ ᠴᠢᠩᠭᠠᠳᠭᠠᠵᠤ᠂ ᠪᠦᠬᠦ᠌ ᠤᠯᠤᠰ ᠲᠠᠬᠢ ᠲᠦᠷᠦᠬᠦᠨ ᠤ᠋ ᠪᠠᠢᠷᠢ ᠰᠠᠭᠤᠷᠢ ᠪᠠᠨ ᠦᠷᠭᠦᠯᠵᠢᠯᠡᠨ ᠪᠠᠲᠤᠯᠠᠪᠠ᠃
ᠣᠳᠣᠬᠠᠨ ᠳ᠋ᠤ ᠥᠪᠥᠷ ᠮᠣᠩᠭᠣᠯ ᠤ᠋ᠨ ᠰᠣᠩᠭᠣᠨ ᠪᠣᠢᠵᠢᠭᠤᠯᠤᠭ᠍ᠰᠠᠨ ᠡᠪᠡᠰᠦᠨ ᠤ᠋ ᠡᠭᠦᠯᠳᠡᠷ 313 ᠪᠠᠢᠵᠤ ᠂ ᠡᠪᠡᠰᠦᠨ ᠤ᠋ ᠲᠥᠷᠥᠯ ᠵᠦᠶ᠋ᠯ ᠤ᠋ᠨ ᠲᠣᠭ᠎ᠠ ᠬᠡᠮᠵᠢᠶ᠎ᠡ ᠪᠡᠷ ᠪᠥᠬᠥ᠌ ᠤᠯᠤᠰ ᠲᠦ᠍ ᠲᠦᠷᠦᠭᠦᠯᠡᠵᠤ ᠪᠤᠢ᠃ ᠡᠪᠡᠰᠦᠨ ᠦᠷ᠎ᠡ ᠵᠢᠨ ᠰᠠᠭᠤᠷᠢᠨ ᠢ᠋ 52 ᠲᠦᠮᠡᠨ ᠮᠥ᠍ ᠪᠠᠢᠭᠤᠯᠤᠨ᠂ ᠡᠪᠡᠰᠦᠨ ᠦᠷ᠎ᠡ ᠵᠢᠨ ᠭᠠᠷᠤᠯᠲᠠ 《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠡᠬᠢᠨ ᠤ᠋ ᠦᠶ᠎ᠡ ᠵᠢᠨ ᠬᠢ ᠡᠴᠡ 6 ᠳᠠᠬᠢᠨ ᠨᠡᠮᠡᠭ᠌ᠳᠡᠵᠤ᠂ ᠡᠪᠡᠰᠤᠨ ᠤ᠋ ᠠᠵᠤ ᠦᠢᠯᠡᠰ ᠤ᠋ᠨ ᠬᠦᠭᠵᠢᠯᠳᠡ ᠳ᠋ᠤ ᠪᠠᠳᠤ ᠰᠠᠭᠤᠷᠢ ᠵᠢ ᠲᠠᠯᠪᠢᠪᠠ᠃
ᠡᠨᠡ ᠵᠢᠯ ᠤ᠋ᠨ 1 ᠰᠠᠷ᠎ᠠ ᠵᠢᠨ 15 ᠤ᠋ ᠡᠳᠦᠷ᠂ ᠦᠪᠡᠷᠲᠡᠭᠡᠨ ᠵᠠᠰᠠᠬᠤ ᠤᠷᠤᠨ ᠤ᠋ ᠤᠢ ᠰᠢᠭᠤᠢ ᠪᠠ ᠨᠤᠲᠤᠭ ᠪᠡᠯᠴᠢᠭᠡᠷ ᠤ᠋ᠨ ᠦᠷ᠎ᠡ ᠴᠢᠬᠢ ᠵᠢᠨ ᠶᠡᠷᠦᠩᠬᠡᠢ ᠦᠷᠲᠡᠭᠡ ᠲᠦᠷᠦᠭᠦᠯᠡᠨ ᠤᠷᠤᠨ ᠨᠤᠲᠤᠭ ᠤ᠋ᠨ ᠪᠠᠷᠢᠮᠵᠢᠶ᠎ᠠ ᠪᠤᠯᠬᠤ 《ᠡᠪᠡᠰᠤᠨ ᠦᠷ᠎ᠡ ᠵᠢᠨ ᠦᠢᠯᠡᠳᠪᠦᠷᠢᠯᠡᠯ ᠤ᠋ᠨ ᠰᠠᠭᠤᠷᠢᠨ ᠤ᠋ ᠪᠦᠲᠦᠭᠡᠨ ᠪᠠᠢᠭᠤᠯᠤᠯᠲᠠ ᠵᠢᠨ ᠮᠡᠷᠭᠡᠵᠢᠯ ᠤ᠋ᠨ ᠳᠦᠷᠢᠮ》 ᠢ᠋ ᠵᠢᠩᠬᠢᠨᠢ ᠪᠡᠷ ᠨᠡᠢᠲᠡᠯᠡᠵᠤ᠂ 2 ᠰᠠᠷ᠎ᠠ ᠵᠢᠨ 15 ᠤ᠋ ᠡᠳᠦᠷ ᠡᠴᠡ ᠬᠡᠷᠡᠭᠵᠢᠬᠦᠯᠵᠤ ᠡᠬᠢᠯᠡᠪᠡ᠃ ᠡᠨᠡ ᠨᠢ ᠪᠦᠬᠦ ᠤᠷᠤᠨ ᠤ᠋ ᠡᠪᠡᠰᠦᠨ ᠦᠷ᠎ᠡ ᠵᠢᠨ ᠦᠶ᠋ᠯᠡᠳᠪᠦᠷᠢᠯᠡᠯ ᠤ᠋ᠨ ᠪᠥᠬᠥ᠌ ᠶᠠᠪᠤᠴᠠ ᠵᠢᠨ ᠬᠠᠮᠢᠶᠠᠷᠤᠯᠲᠠ ᠶ᠋ᠢ ᠤᠯᠠᠮ ᠵᠢᠷᠤᠮᠵᠢᠭᠤᠯᠵᠤ᠂ ᠡᠪᠡᠰᠦᠨ ᠦᠷ᠎ᠡ ᠵᠢᠨ ᠶᠠᠰᠤ ᠴᠢᠨᠠᠷ ᠬᠢᠭᠡᠳ ᠦᠶ᠋ᠯᠡᠳᠪᠦᠷᠢᠯᠡᠬᠦ᠌ ᠴᠢᠳᠠᠪᠤᠷᠢ ᠶ᠋ᠢ ᠳᠡᠭᠡᠭ᠌ᠰᠢᠯᠡᠭᠦᠯᠦᠨ᠂ ᠡᠪᠡᠰᠦᠨ ᠦᠷ᠎ᠡ ᠵᠢᠨ ᠦᠶ᠋ᠯᠡᠰ ᠤ᠋ᠨ ᠶᠠᠰᠤ ᠴᠢᠨᠠᠷ ᠪᠠ ᠦᠷ᠎ᠡ ᠠᠱᠢᠭ ᠢ᠋ ᠲᠠᠬᠡᠭᠰᠢᠯᠡᠬᠦᠯᠬᠦ ᠳ᠋ᠤ ᠪᠠᠷᠢᠮᠵᠢᠶᠠᠵᠢᠭᠤᠯᠤᠯᠳᠠ ᠵᠢᠨ ᠲᠤᠯᠭᠠᠭᠤᠷᠢᠯᠠᠯ ᠬᠠᠩᠭᠠᠪᠠ᠃
ᠤᠳᠤ ᠡᠪᠡᠰᠤᠨ ᠤ᠋ ᠦᠢᠯᠡᠰ ᠨᠢᠭᠡᠨᠲᠡ ᠦᠪᠦᠷ ᠮᠤᠩᠭᠤᠯ ᠤ᠋ᠨ ᠰᠦ ᠵᠢᠨ ᠦᠢᠯᠡᠰ᠂ ᠡᠷᠳᠡᠨᠢ ᠰᠢᠰᠢ ᠵᠢᠨ ᠦᠢᠯᠡᠰ᠂ ᠮᠢᠬᠨᠠ ᠤ᠋ ᠬᠤᠨᠢ ᠵᠢᠨ ᠦᠢᠯᠡᠰ ᠤ᠋ᠨ ᠳᠠᠷᠠᠭᠠᠬᠢ ᠳᠦᠷᠪᠡᠳᠡᠬᠢ ᠮᠢᠩᠭᠠᠨ ᠳ᠋ᠦᠩᠰᠢᠭᠤᠷ ᠳᠡᠰ ᠤ᠋ᠨ ᠮᠠᠯ ᠠᠵᠤ ᠠᠬᠤᠢ ᠲᠠᠷᠢᠶᠠᠯᠠᠩ ᠤ᠋ᠨ ᠠᠵᠤ ᠦᠢᠯᠡᠰ ᠪᠤᠯᠵᠤ᠂ 2025 ᠤᠨ ᠳ᠋ᠤ ᠲᠡᠷᠢᠮᠠᠯ ᠡᠪᠡᠰᠤᠨ ᠤ᠋ ᠪᠦᠬᠦ ᠲᠠᠯᠠᠪᠠᠢ 2090 ᠲᠦᠮᠡᠨ ᠮᠤ᠌ ᠶ᠋ᠢ ᠳᠠᠪᠠᠨ᠂ ᠲᠠᠷᠢᠮᠠᠯ ᠡᠪᠡᠰᠤ᠂ ᠪᠠᠢᠭᠠᠯᠢ ᠵᠢᠨ ᠡᠪᠡᠰᠤ ᠪᠠ ᠲᠡᠵᠢᠭᠡᠯ ᠳ᠋ᠤ ᠬᠡᠷᠡᠭᠯᠡᠬᠦ ᠡᠰᠢ ᠰᠦᠷᠡᠯ ᠤ᠋ᠨ ᠶᠡᠷᠦᠩᠬᠡᠢ ᠭᠠᠷᠤᠯᠲᠠ 7500 ᠲᠦᠮᠡᠨ ᠲᠤᠨ ᠢ᠋ ᠳᠠᠪᠠᠭᠰᠠᠨ ᠪᠦᠬᠡᠳ ᠡᠪᠡᠰᠤᠨ ᠤ᠋ ᠠᠵᠤ ᠦᠢᠯᠡᠰ ᠤ᠋ᠨ ᠭᠤᠤᠯᠳᠠᠯᠭ᠎ᠠ ᠲᠠᠢ ᠳᠠᠭᠠᠭᠤᠯᠤᠭᠴᠢ ᠠᠵᠤ ᠠᠬᠤᠢᠯᠠᠯ 66 ᠪᠤᠯᠤᠨ ᠨᠡᠮᠡᠭᠳᠡᠵᠤ᠂ ᠡᠬᠦᠨ ᠳ᠋ᠤ 16 ᠠᠵᠤ ᠠᠬᠤᠢᠯᠠᠯ ᠨᠢ ᠤᠯᠤᠰ ᠤ᠋ᠨ ᠳᠡᠰ ᠤ᠋ᠨ ᠭᠤᠤᠯᠳᠠᠯᠭ᠎ᠠ ᠲᠠᠢ ᠳᠠᠭᠠᠭᠤᠯᠤᠭᠴᠢ ᠠᠵᠤ ᠠᠬᠤᠢᠯᠠᠯ ᠵᠢᠡᠷ ᠴᠤᠯᠭᠤᠷᠠᠵᠠᠢ᠃
ᠠᠮᠵᠢᠯᠳᠠ ᠵᠢᠨ ᠡᠷᠴᠢᠨ ᠳ᠋ᠤ ᠵᠢᠯᠤᠭᠤ ᠰᠤᠩᠭᠠᠨ ᠤᠷᠤᠭᠰᠢᠯᠠᠨ᠎ᠠ᠃ 2026 ᠤᠨ ᠳ᠋ᠤ ᠦᠪᠤᠷ ᠮᠤᠩᠭᠤᠯ ᠡᠪᠡᠰᠤᠨ ᠤ᠋ ᠦᠷ᠎ᠡ ᠡᠳ᠋ ᠤ᠋ᠨ ᠡᠬᠢ ᠪᠠᠶᠠᠯᠢᠭ ᠢ᠋ ᠬᠠᠮᠠᠭᠠᠯᠠᠨ ᠠᠰᠢᠭᠯᠠᠬᠤ᠂ ᠡᠪᠡᠰᠤᠨ ᠦᠷ᠎ᠡ ᠵᠢᠨ ᠠᠵᠤ ᠦᠢᠯᠡᠰ ᠤ᠋ᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤ᠋ᠨ ᠰᠢᠨ᠎ᠡ ᠶ᠋ᠢ ᠡᠭᠦᠳᠬᠦ᠂ ᠡᠪᠡᠰᠤᠨ ᠦᠷ᠎ᠡ ᠵᠢᠨ ᠦᠢᠯᠡᠳᠪᠦᠷᠢᠯᠡᠯ ᠤ᠋ᠨ ᠬᠦᠴᠦᠨ ᠢ᠋ ᠳᠡᠭᠡᠭᠰᠢᠯᠡᠭᠦᠯᠬᠦ 《ᠭᠤᠷᠪᠠᠨ ᠢᠨᠵᠸᠨ᠋ᠸᠷᠢᠩ》 ᠢ᠋ ᠡᠬᠢᠯᠡᠬᠦᠯᠵᠤ᠂ ᠪᠦᠬᠦ ᠵᠢᠯ ᠳ᠋ᠤ ᠡᠪᠡᠰᠤᠨ ᠤ᠋ ᠲᠦᠷᠦᠯ ᠤ᠋ᠨ ᠦᠷ᠎ᠡ ᠡᠳ᠋ ᠤ᠋ᠨ ᠡᠬᠢ ᠪᠠᠶᠠᠯᠢᠭ ᠢ᠋ 4000 ᠬᠤᠪᠢ ᠴᠤᠭᠯᠠᠭᠤᠯᠤᠨ᠂ ᠡᠪᠡᠰᠤᠨ ᠦᠷ᠎ᠡ ᠵᠢᠨ ᠰᠠᠭᠤᠷᠢᠨ ᠢ᠋ 56 ᠲᠦᠮᠡᠨ ᠮᠤ᠌ ᠪᠠᠢᠭᠤᠯᠵᠤ᠂ ᠡᠪᠡᠰᠤᠨ ᠦᠷ᠎ᠡ ᠵᠢᠨ ᠦᠢᠯᠡᠳᠪᠦᠷᠢᠯᠡᠯ ᠤ᠋ᠨ ᠬᠦᠴᠦᠨ ᠢ᠋ 1200 ᠲᠦᠮᠡᠨ ᠮᠤ᠌ ᠳ᠋ᠤ ᠬᠦᠷᠭᠡᠬᠦ ᠪᠡᠷ ᠪᠤᠢ᠃ ᠡᠭᠦᠨ ᠡᠴᠡ ᠭᠠᠳᠠᠨ᠎ᠠ᠂ ᠲᠡᠵᠢᠭᠡᠯ ᠡᠪᠡᠰᠤᠨ ᠤ᠋ ᠬᠠᠩᠭᠠᠯᠭ᠎ᠠ ᠵᠢᠨ ᠴᠢᠳᠠᠪᠤᠷᠢ ᠶ᠋ᠢ ᠦᠷᠭᠦᠯᠵᠢᠯᠡᠨ ᠳᠡᠭᠡᠭᠰᠢᠯᠡᠬᠦᠯᠵᠤ᠂ ᠡᠯᠡᠰᠦᠷᠬᠡᠭᠵᠢᠵᠤ ᠮᠠᠭᠤᠲᠠᠭᠰᠠᠨ ᠪᠠᠢᠭᠠᠯᠢ ᠵᠢᠨ ᠨᠤᠲᠤᠭ ᠪᠡᠯᠴᠢᠭᠡᠷ ᠢ᠋ 1000 ᠲᠦᠮᠡᠨ ᠮᠤ᠌ ᠡᠴᠡ ᠳᠡᠭᠡᠭᠰᠢ ᠵᠠᠰᠠᠨ ᠰᠡᠷᠬᠦᠭᠡᠬᠦ᠂ ᠪᠠᠢᠭᠠᠯᠢ ᠵᠢᠨ ᠲᠡᠵᠢᠭᠡᠯ ᠡᠪᠡᠰᠤᠨ ᠤ᠋ ᠭᠠᠷᠤᠯᠲᠠ ᠶ᠋ᠢ 3000 ᠲᠦᠮᠡᠨ ᠲᠤᠨ ᠡᠴᠡ ᠳᠡᠭᠡᠭᠰᠢ ᠪᠠᠢᠯᠭᠠᠬᠤ ᠶ᠋ᠢ ᠪᠠᠲᠤᠯᠠᠬᠤ ᠪᠠᠷ ᠬᠦᠴᠦᠯᠡᠨ ᠠᠵᠢᠯᠯᠠᠵᠦ ᠪᠠᠢᠨ᠎ᠠ᠃