ᠯᠠᠮᠠᠵᠠᠪᠤᠨ ᠣᠳᠽᠠᠷ (1941 —) ᠤᠤᠯᠤᠨ ᠵᠢᠷᠢᠮ ᠠᠢᠮᠠᠬ ᠤᠨ ᠺᠠᠢᠯᠦ ᠰᠢᠶᠠᠨ ᠤ ᠵᠢᠷᠭᠠᠯᠠᠩᠲᠦ ᠰᠣᠮᠣ ᠪᠡᠷ ᠨᠣᠲᠣᠬ ᠲᠠᠢ᠃ 1964 ᠤᠨ ᠳ᠋ᠦ ᠦᠪᠦᠷ ᠮᠣᠩᠭᠣᠯ ᠤᠨ ᠪᠠᠬᠰᠢ ᠶᠢᠨ ᠲᠡᠭᠡᠲᠦ ᠰᠣᠷᠭᠠᠭᠣᠯᠢ ᠶᠢᠨ ᠮᠣᠩᠭᠣᠯ ᠬᠡᠯᠡ ᠣᠳᠬᠠ ᠵᠣᠬᠢᠶᠠᠯ ᠤᠨ ᠰᠠᠯᠪᠣᠷᠢ ᠡᠴᠡ ᠰᠣᠷᠣᠯᠭᠠ ᠲᠡᠬᠦᠰᠦᠭᠡᠳ ᠠᠵᠢᠯ ᠳ᠋ᠦ ᠭᠠᠷᠪᠠ᠃ ᠭᠣᠴᠢᠨ ᠬᠡᠳᠦᠨ ᠵᠢᠯ ᠪᠢᠴᠢᠭᠤᠨ ᠠᠵᠢᠯ ᠳ᠋ᠦ ᠰᠢᠮᠲᠠᠭᠠᠳ 2001 ᠤᠨ ᠳ᠋ᠦ ᠠᠵᠢᠯᠤᠨ ᠠᠮᠠᠷᠠᠯᠲᠠ ᠪᠠᠨ ᠠᠪᠣᠪᠠ᠃
ᠯ᠊ · ᠣᠳᠽᠠᠷ ᠪᠣᠯ ᠰᠢᠯᠦᠭᠴᠢ᠂ ᠵᠣᠬᠢᠶᠠᠯᠴᠢ᠂ ᠣᠷᠴᠢᠭᠣᠯᠣᠬᠴᠢ᠃ ᠲᠣᠮᠲᠠᠲᠣ ᠣᠯᠣᠰᠤᠨ ᠵᠣᠬᠢᠶᠠᠯᠴᠢᠳᠤᠨ ᠡᠪᠯᠡᠯ ᠤᠨ ᠭᠡᠰᠢᠬᠦᠨ᠃ 《 ᠯ᠊ · ᠣᠳᠽᠠᠷᠤᠨ ᠰᠢᠯᠦᠭᠤᠨ ᠰᠣᠩᠭᠣᠮᠠᠯ》 ᠨᠢ ᠲᠦᠷᠦᠶᠢᠨ ᠱᠠᠩᠨᠠᠯᠢ ᠬᠦᠷᠲᠡᠵᠦ᠂ 《 ᠯ᠊· ᠣᠳᠽᠠᠷᠤᠨ ᠣᠳᠬᠠ ᠣᠶᠠᠩᠭᠠᠶᠢᠨ ᠲᠣᠪᠴᠢᠶᠠ》 ᠨᠢ ᠦᠪᠦᠷ ᠮᠣᠩᠭᠣᠯ ᠤᠨ ᠦᠪᠡᠷᠲᠡᠭᠡᠨ ᠵᠠᠰᠠᠬᠣ ᠣᠷᠣᠨ ᠤ 《 ᠲᠠᠪᠣᠨ ᠨᠢᠭᠡ ᠶ᠋ᠢᠨ ᠢᠨᠵᠸᠨ᠋ᠸᠷᠢᠩ》 ᠤ᠋ᠨ ᠱᠠᠩᠢ ᠬᠦᠷᠲᠡᠵᠡᠢ᠃ 2009 ᠤᠨ ᠳ᠋ᠦ ᠦᠪᠦᠷ ᠮᠣᠩᠭᠣᠯᠤᠨ ᠦᠪᠡᠷᠲᠡᠭᠡᠨ ᠵᠠᠰᠠᠬᠣ ᠣᠷᠣᠨᠤ ᠨᠠᠮᠤᠨ ᠬᠣᠷᠢᠶᠠ ᠵᠠᠰᠠᠬᠤᠨ ᠣᠷᠲᠣᠨ ᠡᠴᠡ ᠯ᠊ · ᠣᠳᠽᠠᠷ ᠲᠦ᠍ ᠣᠳᠬᠠ ᠣᠷᠠᠯᠢᠬᠤᠨ ᠭᠠᠷᠮᠠᠭᠠᠢ ᠵᠢᠳᠬᠦᠯᠲᠡᠨ ᠤ ᠢᠷᠠᠭᠣ ᠠᠯᠲᠠᠷᠢ ᠣᠯᠭᠣᠵᠦ᠂ ᠠᠯᠲᠠᠨ ᠮᠸᠳᠠᠯ ᠶ᠋ᠢᠡᠷ ᠱᠠᠩᠨᠠᠪᠠ᠃

ᠲᠦᠯᠦᠭᠡᠯᠡᠬᠦ ᠪᠦᠲᠦᠭᠡᠯ
《 ᠡᠪᠡᠰᠦ ᠲᠡᠯᠡᠬᠡᠢ ᠬᠣᠶᠠᠷ》
《 ᠯ᠊ · ᠣᠳᠽᠠᠷᠤᠨ ᠰᠢᠯᠦᠭᠤᠨ ᠰᠣᠩᠭᠣᠮᠠᠯ》
《 ᠯ᠊ · ᠣᠳᠽᠠᠷᠤᠨ ᠰᠢᠨᠡ ᠰᠢᠯᠦᠭᠤᠨ ᠰᠣᠩᠭᠣᠮᠠᠯ》
《 ᠯ᠊ · ᠣᠳᠽᠠᠷᠤᠨ ᠣᠷᠣᠰᠢᠯ》
《 ᠬᠠᠮᠠᠷ ᠴᠠᠭᠠᠨ ᠦᠨᠡᠭᠡ》
《ᠯ᠊ · ᠣᠳᠽᠠᠷᠤᠨ ᠣᠳᠬᠠ ᠣᠶᠠᠩᠭᠠᠶᠢᠨ ᠲᠣᠪᠴᠢᠶᠠ》(ᠲᠠᠪᠣᠨ ᠪᠣᠳᠢ)
《ᠰᠢᠯᠦᠭᠤᠨ ᠲᠠᠯᠠᠢ ᠶᠢᠨ ᠱᠶ᠋ᠷᠦ ᠰᠣᠪᠣᠳ》 (ᠣᠷᠴᠢᠭᠣᠯᠭᠠ)
ᠣᠯᠠᠭᠠᠨ ᠮᠣᠷᠢᠨ ᠵᠢᠯᠤᠨ ᠵᠣᠨᠤ ᠡᠬᠢᠨᠤ ᠨᠢᠭᠡᠨ ᠰᠠᠢᠬᠠᠨ ᠦᠲᠡᠰᠢ ᠣᠲᠠᠰᠣ ᠲᠣᠰᠪᠠ᠃
— ᠰᠠᠢᠨᠤᠤ !
— ᠰᠠᠢᠨ ᠰᠠᠢᠨ᠃ ᠰᠠᠢᠨᠤᠤ!
— ᠪᠢ ᠪᠣᠯ 《 ᠦᠪᠦᠷ ᠮᠣᠩᠭᠣᠯᠤᠨ ᠡᠳᠦᠷᠤᠨ ᠰᠣᠨᠢᠨ 》 ᠤ᠋ 《ᠲᠠᠯᠠᠶᠢᠨ ᠲᠣᠶᠠᠭᠠ》 ᠶ᠋ᠢᠨ ᠨᠠᠢᠷᠠᠭᠣᠯᠣᠬᠴᠢ᠃ ᠪᠢᠳᠡ ᠣᠲᠣ ᠶᠠᠬ《 ᠲᠠᠯᠠᠶᠢᠨ ᠲᠣᠶᠠᠭᠠ 》 ᠶ᠋ᠢᠨ ᠶ᠋ᠢᠡᠨ ᠬᠡᠪᠯᠡᠯ ᠡᠬᠢᠯᠡᠭᠰᠡᠨ 80 ᠵᠢᠯᠤᠨ ᠣᠢ ᠪᠠᠨ ᠲᠡᠮᠲᠡᠭᠯᠡᠨ ᠲᠣᠷᠠᠰᠬᠠᠵᠦ ᠪᠠᠢᠨᠠ᠃ ᠪᠠᠬᠰᠢ ᠲᠠ ᠮᠠᠨ ᠤ ᠰᠣᠨᠢᠨ ᠲᠡᠭᠡᠷᠡ ᠴᠦᠬᠡᠨ ᠪᠣᠰᠣ ᠰᠢᠯᠦᠭ ᠵᠣᠬᠢᠶᠠᠯ ᠶ᠋ᠢᠡᠨ ᠨᠡᠢᠲᠡᠯᠡᠬᠦᠯᠵᠦ ᠪᠠᠢᠬᠰᠠᠨ ᠬᠦᠮᠦᠨ᠃ ᠬᠠᠮᠣᠬ ᠠᠩᠬᠠ ᠶᠠᠮᠠᠷ ᠵᠣᠬᠢᠶᠠᠯ ᠶ᠋ᠢᠡᠨ ᠠᠯᠢ ᠵᠢᠯ ᠮᠠᠨᠤ ᠰᠣᠨᠢᠨ ᠲᠡᠭᠡᠷᠡ ᠨᠡᠢᠲᠡᠯᠡᠬᠦᠯᠦᠭᠰᠡᠨ ᠶ᠋ᠢᠡᠨ ᠴᠡᠭᠡᠵᠢᠯᠡᠵᠦ ᠪᠠᠢᠨᠠᠤᠤ?
— ᠴᠡᠭᠡᠵᠢᠯᠡᠵᠦ ᠪᠠᠢᠨᠠ᠃ 1958 ᠤᠨᠤ 4 ᠰᠠᠷᠠᠶᠢᠨ 9 ᠤ᠋ ᠡᠳᠦᠷᠤᠨ 《 ᠲᠠᠯᠠᠶᠢᠨ ᠲᠣᠶᠠᠭᠠ》 ᠶ᠋ᠢᠨ ᠨᠢᠭᠣᠷ ᠲᠡᠭᠡᠷᠡ 《ᠲᠦᠩᠯᠢᠶᠣᠣ ᠬᠣᠲᠠᠶᠢᠨ ᠰᠦᠨᠢ》 ᠭᠡᠬᠦ ᠰᠢᠯᠦᠭ ᠰᠢᠣᠬᠠᠨ ᠶᠠᠭᠣᠮᠠ ᠪᠠᠨ ᠨᠡᠢᠲᠡᠯᠡᠬᠦᠯᠦᠭᠰᠡᠨ᠃ ᠳᠡᠮᠡᠢ ᠣᠲᠠᠬᠰᠠᠨ ᠦᠭᠡᠢ ᠮᠦᠨ ᠲᠡᠷᠡ ᠵᠢᠯᠤᠨ 5 ᠳ᠋ᠣᠭᠠᠷ ᠬᠣᠭᠣᠴᠠᠭᠠᠶᠢᠨ《ᠦᠨᠢᠷ ᠴᠡᠴᠡᠭ》 ᠰᠡᠳᠬᠦᠯ ᠲᠡᠭᠡᠷᠡ 《ᠭᠠᠯᠠᠭᠣ ᠢᠷᠡᠬᠦ ᠳ᠋ᠦ》 ᠭᠡᠬᠦ ᠬᠡᠳᠦᠨ ᠮᠦᠷ ᠰᠢᠯᠦᠭ ᠰᠢᠣᠬᠠᠨ ᠶᠠᠭᠣᠮᠠ ᠪᠠᠨ ᠨᠡᠢᠲᠡᠯᠡᠬᠦᠯᠪᠡ᠃ ᠲᠡᠷᠡ ᠦᠶᠡ ᠳ᠋ᠦ ᠪᠢ ᠠᠩᠬᠠ ᠲᠣᠮᠲᠠᠲᠣᠶᠢᠨ ᠭᠣᠷᠪᠠᠲᠣᠭᠠᠷ ᠤᠨᠤ ᠰᠣᠷᠣᠬᠴᠢ ᠪᠠᠢᠬᠰᠠᠨ ᠶᠣᠮ᠃ ᠲᠡᠷᠡ ᠪᠠᠶᠠᠷᠯᠠᠬᠰᠠᠨ ᠭᠡᠵᠦ᠂ ᠪᠠᠶᠠᠷᠯᠠᠭᠠᠳ ᠬᠦᠯ ᠪᠠᠷᠣᠬ ᠭᠠᠵᠠᠷ ᠬᠦᠷᠬᠦ ᠦᠭᠡᠢ ᠰᠢᠣᠬᠠᠨ ᠪᠠᠢᠪᠠ᠃ ᠪᠢ ᠡᠨᠡ ᠨᠠᠰᠣᠨ ᠳ᠋ᠠᠭᠠᠨ ᠰᠢᠯᠦᠭ ᠵᠣᠬᠢᠶᠠᠯ ᠪᠢᠴᠢᠭᠰᠡᠨ ᠯᠠ᠃ ᠭᠡᠪᠡᠴᠦ ᠨᠡᠢᠲᠡᠯᠡᠬᠦᠯᠦᠭᠡᠳ ᠲᠡᠭᠡᠵᠦ ᠶᠡᠬᠡ ᠪᠠᠶᠠᠷᠯᠠᠬᠰᠠᠨ ᠰᠢᠯᠦᠭ ᠵᠣᠬᠢᠶᠠᠯ ᠭᠡᠵᠦ ᠲᠡᠷᠡ ᠬᠣᠶᠠᠷ ᠵᠣᠬᠢᠶᠠᠯ ᠡᠴᠡ ᠦᠭᠡᠷᠡ ᠦᠭᠡᠢ᠃ ᠲᠡᠭᠡᠭᠡᠳ ᠰᠠᠶᠢ ᠲᠡᠷᠡ ᠬᠣᠶᠠᠷ ᠵᠣᠬᠢᠶᠠᠯᠤᠨ ᠨᠡᠢᠲᠡᠯᠡᠭᠲᠡᠭᠰᠡᠨ ᠤᠨ ᠵᠢᠯ ᠰᠠᠷᠠ ᠡᠳᠦᠷᠢ ᠣᠲᠣ ᠪᠣᠯᠲᠠᠯᠠ ᠴᠡᠭᠡᠵᠢᠯᠡᠭᠰᠡᠭᠡᠷ ᠪᠠᠢᠬᠣ ᠦᠭᠡᠢᠤᠤ! ᠣᠲᠣ ᠦᠵᠡᠪᠡᠯ ᠲᠡᠷᠡ ᠬᠡᠳᠦᠨ ᠮᠦᠷ ᠶᠠᠭᠣᠮᠠ ᠨᠣᠭᠣᠳᠢ ᠰᠢᠯᠦᠭ ᠭᠡᠵᠦ ᠬᠡᠯᠡᠬᠦ ᠳ᠋ᠦ ᠲᠦᠪᠡᠭᠲᠡᠢ ᠪᠣᠯᠪᠠᠴᠣ ᠲᠡᠷᠡ ᠨᠢ ᠶᠠᠭᠠᠬᠢᠬᠣᠶᠢᠨ ᠠᠷᠭᠠ ᠦᠭᠡᠢ ᠣᠯᠲᠣᠢ ᠮᠢᠨᠦ ᠣᠷᠠᠨ ᠵᠣᠬᠢᠶᠠᠯᠤᠨ ᠵᠠᠮᠤᠨ ᠵᠠᠬᠠ ᠪᠡᠷ ᠠᠯᠬᠣᠵᠦ ᠪᠠᠢᠬᠰᠠᠨ ᠬᠠᠮᠣᠬ ᠠᠩᠬᠠᠨᠤ ᠣᠯᠠ ᠮᠦᠷ ᠪᠣᠯᠬᠣ ᠶᠣᠮ᠃
— ᠪᠠᠬᠰᠢ ᠲᠠ ᠡᠬᠦᠨ ᠶ᠋ᠢᠡᠨ ᠡᠮᠬᠢᠯᠡᠭᠡᠳ ᠮᠠᠨᠤ ᠰᠣᠨᠢᠨ ᠳ᠋ᠦ ᠦᠭᠬᠦ ᠦᠭᠡᠢᠤᠤ?
— ᠪᠢ ᠣᠷᠣᠯᠲᠣᠵᠦ ᠦᠵᠡᠶᠡ᠃ ᠭᠡᠪᠡᠴᠦ ᠬᠡᠯᠡᠬᠦᠶᠢᠨ ᠠᠷᠭᠠ ᠦᠭᠡᠢ ᠰᠢᠦ! ᠁
ᠦᠲᠡᠯᠬᠦ ᠨᠠᠰᠣᠨ ᠳ᠋ᠦ ᠦᠭᠡ ᠦᠰᠦᠭ ᠲᠠᠢ ᠣᠷᠣᠯᠲᠣᠨᠠ ᠭᠡᠭᠴᠢ ᠪᠠᠰᠠ ᠴᠦ᠍ ᠠᠮᠠᠷ ᠦᠭᠡᠢ ᠠᠵᠦ ! ᠭᠡᠪᠡᠴᠦ 《ᠲᠠᠯᠠᠶᠢᠨ ᠲᠣᠶᠠᠭᠠ》 ᠨᠠᠮᠠᠶᠢ ᠦᠭᠡᠢᠯᠡᠵᠦ ᠪᠠᠢᠨᠠ ᠭᠡᠵᠦ ᠪᠣᠲᠣᠪᠠᠯ ᠪᠢᠴᠢᠬᠦ ᠦᠭᠡᠢ ᠶᠣᠮ ᠪᠣᠯ ᠶᠠᠭᠣ ᠨᠢᠭᠡᠨ ᠳ᠋ᠦ ᠣᠰᠣᠯᠲᠠᠬᠣ ᠰᠢᠬ ᠰᠠᠨᠠᠬᠲᠠᠭᠠᠳ ᠪᠠᠢᠨᠠ! ᠲᠡᠢᠮᠦ ᠡ᠂ ᠪᠢ ᠴᠢᠨᠢ 《ᠲᠠᠯᠠᠶᠢᠨ ᠲᠣᠶᠠᠭᠠ》 ᠶ᠋ᠢᠨ ᠭᠡᠷᠡᠯ ᠭᠡᠭᠡᠶᠢ ᠨᠦᠮᠦᠷᠴᠦ ᠣᠷᠠᠨ ᠵᠣᠬᠢᠶᠠᠯᠤᠨ ᠵᠠᠮ ᠳ᠋ᠦ ᠠᠯᠬᠣᠵᠦ ᠣᠷᠣᠬᠰᠠᠨ ᠬᠦᠮᠦᠨ ᠰᠢᠦ! ᠪᠢᠴᠢᠬᠦ ᠦᠭᠡᠢ ᠪᠣᠯ ᠣᠰᠣᠯᠲᠠᠨᠠ᠂ ᠰᠣᠨᠢᠨ ᠳ᠋ᠦ ᠪᠢᠰᠢ᠂ ᠰᠣᠶᠣᠯ ᠳ᠋ᠠᠭᠠᠨ ᠣᠰᠣᠯᠲᠠᠨᠠ᠃
《ᠲᠠᠯᠠᠶᠢᠨ ᠲᠣᠶᠠᠭᠠ》 ᠨᠠᠮᠠᠶᠢ ᠦᠭᠡᠢᠯᠡᠵᠦ ᠪᠠᠢᠨᠠ! ᠲᠠᠶᠠᠬ ᠲᠣᠯᠣᠬᠰᠠᠨ ᠨᠠᠮᠠ ᠶᠢ ᠮᠠᠷᠲᠠᠭᠠ ᠦᠭᠡᠢ ᠴᠡᠭᠡᠵᠢᠯᠡᠵᠦ ᠪᠠᠢᠨᠠ᠃ ᠡᠨᠡ ᠪᠣᠯ ᠰᠣᠨᠢᠨ ᠤ ᠴᠡᠭᠡᠵᠢᠯᠡᠬᠦᠢ ᠪᠢᠰᠢ᠂ ᠰᠣᠶᠣᠯᠤᠨ ᠴᠡᠭᠡᠵᠢᠯᠡᠬᠦᠢ! ᠬᠦᠮᠦᠨᠤ ᠴᠡᠭᠡᠵᠢᠯᠡᠬᠦᠢ ᠪᠢᠰᠢ᠂ ᠬᠦᠮᠦᠨ ᠰᠣᠶᠣᠯᠤᠨ ᠴᠡᠭᠡᠵᠢᠯᠡᠬᠦᠢ!
《ᠲᠠᠯᠠᠶᠢᠨ ᠲᠣᠶᠠᠭᠠ》 ᠨᠠᠮᠠᠶᠢ ᠦᠭᠡᠢᠯᠡᠵᠦ ᠪᠠᠢᠨᠠ! ᠲᠠᠷ ᠨᠢ ᠪᠠᠷᠠᠬᠰᠠᠨ ᠨᠠᠮᠠᠶᠢ ᠮᠠᠷᠲᠠᠭᠠᠨ ᠦᠭᠡᠢ ᠦᠭᠡᠢᠯᠡᠵᠦ ᠪᠠᠢᠨᠠ! ᠡᠨᠡ ᠪᠣᠯ ᠬᠦᠮᠦᠨ ᠰᠣᠶᠣᠯᠤᠨ ᠦᠭᠡᠢᠯᠡᠯ᠃ ᠬᠦᠮᠦᠨ ᠰᠣᠶᠣᠯᠤᠨ ᠬᠦᠢ ᠬᠣᠯᠪᠣᠭᠠᠰᠣ ᠪᠣᠯ ᠦᠯᠦ ᠲᠠᠰᠣᠷᠠᠬᠣ ᠦᠨᠡᠨ ᠪᠦᠬᠡ ᠬᠣᠯᠪᠣᠭᠠᠰᠣ ᠶᠣᠮ! ᠬᠦᠮᠦᠨ ᠰᠣᠶᠣᠯ ᠤᠨ ᠦᠭᠡᠢᠯᠡᠯ ᠪᠣᠯ ᠬᠦᠮᠦᠨ ᠰᠣᠶᠣᠯᠤᠨ ᠬᠠᠯᠠᠮᠵᠢ᠃ ᠬᠦᠮᠦᠨ ᠰᠣᠶᠣᠯ ᠤᠨ ᠬᠠᠯᠠᠮᠵᠢᠶᠢᠨ ᠲᠠᠪᠲᠠᠮᠵᠢ ᠪᠡᠷ ᠲᠠᠮᠵᠢᠵᠦ᠂ ᠰᠣᠶᠣᠯ ᠢᠷᠭᠡᠨᠰᠢᠯ ᠭᠡᠬᠦᠨᠡ ᠣᠯᠠᠮ ᠪᠠᠲᠠᠷᠠᠩᠭᠣᠢ ᠪᠣᠯᠲᠠᠬ ᠣᠴᠢᠷ ᠲᠠᠢ!
ᠮᠢᠨᠦ ᠦᠪᠦᠷ ᠮᠣᠩᠭᠣᠯ ᠤᠨ ᠡᠳᠦᠷ ᠤᠨ ᠰᠣᠨᠢᠨ ᠲᠡᠭᠡᠷᠡ ᠨᠡᠢᠲᠡᠯᠡᠬᠦᠯᠦᠭᠰᠡᠨ ᠠᠩᠬᠠᠨᠤ ᠵᠣᠬᠢᠶᠠᠯ ᠨᠡᠢᠲᠡᠯᠡᠭᠲᠡᠭᠡᠳ ᠣᠲᠣ ᠨᠢᠭᠡᠨᠲᠡ ᠵᠢᠷᠠᠨ ᠬᠡᠲᠦᠨ ᠵᠢᠯ ᠪᠣᠯᠪᠠ᠃ ᠪᠠᠶᠠᠷᠯᠠᠭᠣᠰᠢᠲᠠᠢ ᠨᠢ ᠵᠢᠷᠠᠨ ᠬᠡᠳᠦᠨ ᠵᠢᠯᠤᠨ ᠲᠣᠲᠣᠷᠠ ᠢᠯᠠᠩᠭᠣᠶᠠ ᠠᠵᠢᠯᠤᠨ ᠠᠮᠠᠷᠠᠯᠲᠠ ᠪᠠᠨ ᠠᠪᠣᠬᠰᠠᠨᠤ ᠲᠠᠷᠠᠭᠠᠬᠢ ᠰᠡᠬᠦᠯᠴᠢᠶᠢᠨ ᠵᠢᠯᠤ᠋ᠤᠨ ᠶ᠋ᠢᠡᠷ ᠡᠷᠬᠢᠮ ᠰᠣᠨᠢᠨᠤ ᠬᠢᠨ ᠨᠠᠮᠠ ᠡᠴᠡ ᠬᠡᠳᠦᠨ ᠣᠲᠠᠭᠠ ᠰᠣᠷᠪᠣᠯᠵᠢᠯᠠᠭᠠ ᠠᠪᠴᠣ ᠪᠠᠢᠬᠰᠠᠨᠢ ᠬᠡᠯᠡᠬᠦ ᠦᠭᠡᠢ᠂ ᠪᠠᠰᠠ ᠡᠳᠦᠢ ᠲᠡᠳᠦᠢ ᠰᠣᠶᠣᠯᠤᠨ ᠲᠡᠮᠲᠡᠭᠯᠡᠯᠤᠨ ᠵᠣᠬᠢᠶᠠᠯᠤ᠋ᠤᠨ ᠢ ᠮᠠᠨᠢ ᠬᠠᠭᠣᠲᠠᠰᠣ ᠬᠠᠷᠠᠮᠯᠠᠯ ᠦᠭᠡᠢ ᠨᠡᠢᠲᠡᠯᠡᠵᠦ ᠦᠭᠴᠦ ᠪᠠᠢᠬᠰᠠᠨ ᠨᠢ ᠶᠠᠮᠠᠷ ᠶᠡᠬᠡ ᠰᠣᠶᠣᠯᠤᠨ ᠬᠠᠢᠷᠠ ᠬᠠᠯᠠᠮᠵᠢ ᠪᠣᠢ! ᠲᠡᠳᠡᠭᠡᠷ ᠵᠣᠬᠢᠶᠠᠯᠤ᠋ᠤᠨᠤᠨ ᠵᠠᠷᠢᠮ ᠨᠢ ᠲᠦᠪᠤᠨ ᠷᠠᠳᠢᠣ᠋ ᠨᠡᠪᠲᠡᠷᠡᠬᠦᠯᠭᠡᠶᠢᠨ ᠬᠣᠷᠢᠶᠠᠨᠤ ᠮᠣᠩᠭᠣᠯ ᠬᠡᠯᠡᠨᠤ ᠨᠠᠢᠷᠠᠭᠣᠯᠣᠬᠴᠢᠳᠤᠨ ᠬᠠᠷᠠᠭᠠᠨ ᠳ᠋ᠦ ᠣᠷᠣᠵᠦ ᠲᠡᠯᠡᠬᠡᠢ ᠳ᠋ᠦ ᠰᠠᠴᠣᠬᠲᠠᠵᠦ ᠪᠠᠢᠬᠰᠠᠨᠢ ᠡᠨᠲᠡ ᠲᠡᠮᠲᠡᠭᠯᠡᠶᠡ᠃ ᠶᠠᠭᠣ ᠴᠦ᠍ ᠭᠡᠰᠡᠨ ᠮᠢᠨᠦ ᠪᠡᠶᠡ ᠣᠷᠠᠨ ᠵᠣᠬᠢᠶᠠᠯᠤᠨ ᠵᠠᠮ ᠳ᠋ᠦ ᠠᠯᠬᠣᠵᠦ ᠣᠷᠣᠬᠰᠠᠨ ᠲᠡᠷᠡ ᠡᠳᠦᠷ ᠡᠴᠡ ᠪᠠᠨ ᠡᠬᠢᠯᠡᠭᠡᠳ᠂ ᠦᠲᠡᠯᠦᠭᠡ ᠨᠠᠰᠣᠨᠤ ᠬᠢᠵᠠᠭᠠᠷ ᠲᠦ᠍ ᠠᠯᠬᠣᠵᠦ ᠣᠷᠣᠬᠰᠠᠨ ᠡᠨᠡ ᠡᠳᠦᠷ ᠲᠦ᠍ ᠲᠣᠯᠲᠠᠯᠠ ᠦᠪᠦᠷ ᠮᠣᠩᠭᠣᠯᠤᠨ ᠡᠳᠦᠷᠤᠨ ᠰᠣᠨᠢᠨᠤ ᠰᠣᠶᠣᠯᠤᠨ ᠬᠡᠰᠢᠭᠢ ᠶᠡᠬᠡᠬᠡᠨ ᠬᠦᠷᠲᠡᠵᠦ ᠶᠠᠪᠣᠬᠰᠠᠨ ᠶᠣᠮ᠃ ᠲᠡᠷᠡ ᠶᠡᠬᠡ ᠬᠡᠰᠢᠭ ᠡᠴᠡ ᠣᠲᠣ ᠴᠦ᠍ ᠪᠠᠰᠠ ᠬᠦᠷᠲᠡᠭᠰᠡᠭᠡᠷ! ᠡᠢᠮᠦ ᠡᠴᠡ ᠡᠨᠡ ᠬᠦ ᠣᠬᠣᠷᠬᠠᠨ ᠵᠣᠬᠢᠶᠠᠯ ᠳ᠋ᠠᠭᠠᠨ ᠡᠷᠬᠢᠮ ᠰᠣᠨᠢᠨᠤ ᠬᠡᠳᠦᠨ ᠦᠶᠡ ᠶᠢᠨ ᠨᠠᠢᠷᠠᠭᠣᠯᠣᠬᠴᠢ᠂ ᠰᠣᠷᠪᠣᠯᠵᠢᠯᠠᠬᠴᠢ᠂ ᠴᠢᠨᠠᠬᠰᠢᠯᠠᠪᠠᠯ ᠲᠠᠷᠣᠭᠠ ᠨᠠᠷ ᠲᠦ᠍ ᠴᠢᠩ ᠰᠡᠳᠬᠢᠯᠤᠨ ᠪᠠᠶᠠᠷ ᠲᠠᠯᠠᠷᠬᠠᠯ ᠶ᠋ᠢᠡᠨ ᠲᠡᠪᠰᠢᠬᠦᠯᠵᠦ ᠪᠠᠢᠨᠠ᠃ ᠲᠠᠨᠠᠷᠤᠨ ᠰᠣᠶᠣᠯᠤᠨ ᠭᠠᠪᠢᠶᠠ ᠵᠢᠳᠬᠦᠯᠢ ᠲᠠᠨᠢ ᠬᠦᠮᠦᠨ ᠠᠷᠠᠳ ᠴᠢᠨᠢ ᠮᠠᠷᠲᠠᠬᠣ ᠦᠭᠡᠢ᠂ ᠲᠡᠦᠬᠡ ᠰᠣᠶᠣᠯ ᠮᠠᠨᠢ ᠮᠠᠷᠲᠠᠬᠣ ᠦᠭᠡᠢ!《ᠲᠠᠯᠠᠶᠢᠨ ᠲᠣᠶᠠᠭᠠ》 ᠨᠠᠮᠠ ᠶᠢ ᠦᠭᠡᠢᠯᠡᠵᠦ ᠪᠠᠢᠨᠠ! ᠲᠠᠨᠢᠬᠣ ᠲᠠᠨᠢᠬᠣ ᠦᠭᠡᠢ ᠲᠠᠨᠠᠷᠢ ᠪᠠᠨ ᠪᠢ ᠦᠭᠡᠢᠯᠡᠵᠦ ᠪᠠᠢᠨᠠ! ᠪᠢ ᠨᠢᠭᠡᠨ ᠪᠢᠴᠢᠭᠤᠨ ᠬᠦᠮᠦᠨᠤ ᠬᠣᠪᠢ ᠡᠴᠡ ᠲᠠᠨᠠᠷ ᠶ᠋ᠢᠡᠨ ᠦᠭᠡᠢᠯᠡᠵᠦ ᠪᠠᠢᠨᠠ! ᠲᠠᠨᠠᠷ ᠰᠠᠢᠨ ᠪᠠᠢᠨᠠᠤᠤ! ᠪᠢᠯᠢᠭᠤᠨ ᠨᠢᠲᠦ ᠲᠠᠢ ᠲᠠᠨᠠᠷ ᠪᠣᠯ ᠪᠢᠴᠢᠭᠤᠨ ᠬᠦᠮᠦᠨᠤ ᠡᠷᠬᠢᠮ ᠬᠦᠮᠦᠰ ᠶᠣᠮ ᠡ!
ᠦᠰᠬᠦ ᠨᠠᠰᠣᠨ ᠳ᠋ᠦ ᠨᠠᠮᠠᠶᠢ ᠣᠷᠮᠠ ᠪᠡᠷ ᠲᠡᠳᠬᠦᠭᠰᠡᠨ ᠮᠡᠷᠭᠡᠳ᠂ ᠦᠲᠡᠯᠬᠦ ᠨᠠᠰᠣᠨ ᠳ᠋ᠦ ᠨᠠᠮᠠᠶᠢ ᠲᠠᠷᠣᠮ ᠶ᠋ᠢᠡᠷ ᠲᠡᠳᠬᠦᠭᠰᠡᠨ ᠴᠡᠴᠡᠳ! ᠮᠢᠨᠦ ᠬᠠᠢᠷᠠᠲᠠᠢ ᠡᠷᠬᠢᠮ ᠬᠦᠮᠦᠰ ᠡ᠂ ᠲᠠᠨᠠᠷᠢ ᠪᠢ ᠮᠠᠷᠲᠠᠬᠣ ᠦᠭᠡᠢ ᠰᠢᠦ!
《ᠲᠠᠯᠠ ᠶᠢᠨ ᠲᠣᠶᠠᠭᠠ》 ᠣᠯᠠᠮ ᠭᠡᠷᠡᠯ ᠰᠠᠴᠣᠷᠠᠬᠣ ᠪᠣᠯᠲᠣᠭᠠᠢ!