ᠠᠯᠳᠠᠷᠳᠤ ᠲᠠᠭᠤᠴᠢᠳ ᠤ᠋ᠨ LIVE ᠲᠠᠭᠤᠤ ᠵᠢᠨ ᠦᠳᠡᠰᠢᠯᠡᠬᠡ 5 ᠰᠠᠷ᠎ᠠ ᠵᠢᠨ 23 ᠤ᠋ ᠤᠷᠤᠢ ᠬᠦᠬᠡᠬᠤᠳᠠ ᠳ᠋ᠤ ᠶᠠᠪᠤᠭᠳᠠᠪᠠ᠃ ᠤᠯᠤᠰ ᠤ᠋ᠨ ᠲᠡᠮᠦᠷ ᠵᠠᠮ ᠤ᠋ᠨ ᠬᠥᠬᠡᠬᠣᠲᠠ ᠲᠣᠪᠴᠢᠶ᠎ᠠ ᠰᠣᠶᠣᠯ ᠵᠢᠭᠤᠯᠴᠢᠯᠠᠯ ᠤ᠋ᠨ ᠠᠵᠤ ᠦᠢᠯᠡᠰ ᠤ᠋ᠨ ᠬᠥᠭᠵᠢᠯᠲᠡ ᠳ᠋ᠤ ᠬᠦᠴᠦᠨ ᠨᠡᠮᠡᠷᠢᠯᠡᠵᠦ᠂ ᠳᠠᠭᠤᠤ ᠵᠢᠨ ᠪᠠᠬᠠᠳᠠᠳ ᠤ᠋ᠨ ᠭᠤᠢᠳᠠ ᠰᠠᠢᠬᠠᠨ ᠳᠠᠭᠤᠤ ᠵᠢᠨ ᠦᠳᠡᠰᠢᠯᠡᠭᠡ ᠰᠣᠨᠢᠷᠬᠠᠬᠤ ᠬᠡᠷᠡᠭᠴᠡᠭᠡ ᠢ᠋ᠢ ᠬᠠᠩᠭᠠᠬᠤ ᠢ᠋ᠢᠨ ᠲᠥᠯᠥᠭᠡ ᠲᠤᠰᠬᠠᠢᠯᠠᠨ 3 ᠡᠬᠡᠯᠵᠢ ᠵᠢᠨ《ᠳᠠᠭᠤᠤ ᠵᠢᠨ ᠪᠠᠬᠠᠳᠠᠳ ᠤ᠋ᠨ ᠲᠤᠰᠬᠠᠢ ᠭᠠᠯᠲᠤ ᠲᠡᠷᠭᠡ》 ᠵᠢ ᠨᠡᠮᠡᠵᠦ ᠲᠤᠬᠢᠷᠠᠭᠤᠯᠤᠨ᠂ ᠬᠣᠲᠠ ᠠᠯᠤᠰᠯᠠᠨ ᠲᠣᠭᠯᠠᠯᠲᠠ ᠰᠣᠨᠢᠷᠬᠠᠬᠤ ᠳᠠᠭᠤᠤ ᠵᠢᠨ ᠪᠠᠬᠠᠳᠠᠳ ᠲᠤ᠌ ᠨᠠᠷᠢᠨ ᠣᠨᠣᠴᠠᠲᠠᠢ ᠦᠢᠯᠡᠴᠢᠯᠡᠭᠡ ᠬᠠᠨᠭᠭᠠᠪᠠ᠃
5 ᠰᠠᠷ᠎ᠠ ᠢ᠋ᠢᠨ 23 ᠤ᠋ ᠤᠷᠤᠢ ᠵᠢᠨ ᠲᠣᠮᠣ᠌ ᠬᠡᠯᠪᠡᠷᠢ ᠢ᠋ᠢᠨ ᠲᠣᠭᠯᠠᠯᠲᠠ ᠢ᠋ᠢᠨ ᠠᠵᠢᠯᠯᠠᠭ᠎ᠠ ᠳ᠋ᠤ ᠴᠢᠭᠯᠡᠭᠦᠯᠦᠨ᠂ ᠤᠯᠤᠰ ᠤ᠋ᠨ ᠲᠡᠮᠦᠷ ᠵᠠᠮ ᠤ᠋ᠨ ᠬᠥᠬᠡᠬᠣᠲᠠ ᠲᠣᠪᠴᠢᠶ᠎ᠠ ᠬᠥᠬᠡᠬᠣᠲᠠ ᠢ᠋ᠢᠨ ᠵᠡᠬᠦᠨ ᠦᠷᠳᠡᠭᠡ — ᠣᠷᠳᠣᠰ ᠬᠦᠷᠬᠦ C4497 ᠡᠬᠡᠯᠵᠢ ᠵᠢᠨ ᠬᠦᠳᠡᠯᠬᠡᠬᠦ ᠬᠦᠴᠦᠨᠳᠤ ᠭᠠᠯᠳᠤ ᠲᠡᠷᠭᠡ ᠲᠤᠬᠢᠷᠠᠭᠤᠯᠵᠤ᠂ 23:05 ᠳ᠋ᠤ ᠬᠥᠬᠡᠬᠣᠲᠠ ᠢ᠋ᠢᠨ ᠵᠡᠭᠦᠨ ᠥᠷᠲᠡᠭᠡ ᠡᠴᠡ ᠬᠦᠳᠡᠯᠵᠤ᠂ ᠬᠥᠬᠡᠬᠣᠲᠠ ᠥᠷᠲᠡᠭᠡ ᠪᠠ ᠳ᠋ᠦᠩᠱᠧᠩ ᠵᠡᠭᠦᠨ ᠥᠷᠲᠡᠭᠡ ᠪᠡᠷ ᠥᠩᠭᠡᠷᠡᠨ᠂ ᠳᠠᠷᠠᠭ᠎ᠠ ᠡᠳᠦᠷ ᠤ᠋ᠨ ᠬᠢᠨᠢ 01:24 ᠳ᠋ᠤ ᠣᠷᠳᠣᠰ ᠥᠷᠲᠡᠭᠡ ᠳ᠋ᠤ ᠬᠦᠷᠦᠨ᠎ᠡ; ᠬᠥᠬᠡᠬᠣᠲᠠ — ᠤᠯᠠᠭᠠᠨᠴᠠᠪ ᠬᠦᠷᠬᠦ D6974 ᠡᠬᠡᠯᠵᠢ ᠢ᠋ᠢᠨ ᠬᠦᠳᠡᠯᠬᠡᠬᠦ ᠬᠦᠴᠦᠨᠳᠤ ᠭᠠᠯᠳᠤ ᠲᠡᠷᠭᠡ ᠲᠤᠬᠢᠷᠠᠭᠤᠯᠵᠤ᠂ 23:45 ᠳ᠋ᠤ ᠬᠥᠬᠡᠬᠣᠲᠠ ᠥᠷᠲᠡᠭᠡ ᠡᠴᠡ ᠬᠦᠳᠡᠯᠵᠤ᠂ ᠳᠠᠷᠠᠭ᠎ᠠ ᠡᠳᠦᠷ ᠤ᠋ᠨ ᠬᠢᠨᠢ 00:25 ᠳ᠋ᠤ ᠤᠯᠠᠭᠠᠨᠴᠠᠪ ᠥᠷᠲᠡᠭᠡ ᠳ᠋ᠤ ᠬᠦᠷᠦᠨ᠎ᠡ᠃ ᠪᠠᠰᠠ ᠬᠥᠬᠡᠬᠣᠲᠠ ᠡᠴᠡ ᠬᠦᠳᠡᠯᠵᠤ ᠪᠤᠭᠤᠲᠤ ᠪᠡᠷ ᠳᠠᠮᠵᠢᠨ ᠪᠠᠶᠠᠨᠨᠠᠭᠤᠷ ᠬᠦᠷᠬᠦ D6971 ᠡᠬᠡᠯᠵᠢ ᠢ᠋ᠢᠨ ᠬᠥᠳᠡᠯᠭᠡᠬᠦ ᠬᠦᠴᠦᠨᠲᠦ ᠭᠠᠯᠳᠤ ᠲᠡᠷᠭᠡ ᠲᠤᠬᠢᠷᠠᠭᠤᠯᠵᠤ᠂ 23:11ᠳ᠋ᠤ ᠬᠥᠬᠡᠬᠣᠲᠠ ᠢ᠋ᠢᠨ ᠵᠡᠭᠦᠨ ᠦᠷᠲᠡᠭᠡ ᠡᠴᠡ ᠬᠦᠳᠡᠯᠵᠤ᠂ ᠬᠥᠬᠡᠬᠣᠲᠠ ᠦᠷᠲᠡᠭᠡ ᠪᠣᠯᠣᠨ ᠪᠤᠭᠤᠲᠤ ᠦᠷᠲᠡᠭᠡ ᠪᠡᠷ ᠥᠩᠭᠡᠷᠡᠨ᠂ ᠳᠠᠷᠠᠭ᠎ᠠ ᠡᠳᠦᠷ ᠤ᠋ᠨ ᠬᠢᠨᠢ 01:36 ᠳ᠋ᠤ ᠪᠠᠶᠠᠨᠨᠠᠭᠤᠷ ᠦᠷᠲᠡᠭᠡ ᠳ᠋ᠤ ᠬᠦᠷᠦᠨ᠎ᠡ᠃
ᠬᠣᠲᠠ ᠠᠯᠤᠰᠯᠠᠭᠰᠠᠨ ᠳᠠᠭᠤᠤ ᠵᠢᠨ ᠪᠠᠬᠠᠳᠠᠳ ᠤ᠋ᠨ ᠪᠤᠴᠠᠬᠤ ᠠᠶᠠᠨ ᠳ᠋ᠤ ᠳᠦᠬᠦᠮ ᠦᠵᠡᠭᠦᠯᠬᠦ ᠶ᠋ᠢᠨ ᠲᠥᠯᠥᠭᠡ᠂ ᠤᠯᠤᠰ ᠤ᠋ᠨ ᠲᠡᠮᠦᠷ ᠵᠠᠮ ᠤ᠋ᠨ ᠬᠥᠬᠡᠬᠣᠲᠠ ᠲᠣᠪᠴᠢᠶ᠎ᠠ ᠪᠠᠰᠠ ᠵᠢᠮᠲᠤ ᠲᠡᠮᠤᠷ ᠵᠠᠮ ᠤ᠋ᠨ ᠰᠠᠯᠠᠭ᠎ᠠ ᠮᠥᠴᠢᠷ ᠲᠠᠢ ᠬᠠᠮᠵᠢᠯᠴᠠᠨ ᠠᠵᠢᠯᠯᠠᠵᠤ᠂ ᠲᠣᠭᠯᠠᠯᠲᠠ ᠶ᠋ᠢᠨ ᠲᠠᠯᠠᠪᠠᠶ ᠠ᠋ᠴᠠ ᠭᠠᠯᠲᠤ ᠲᠡᠷᠭᠡᠨ ᠥᠷᠲᠡᠭᠡ ᠬᠦᠷᠬᠦ ᠵᠦᠭᠡᠭᠡᠪᠦᠷᠢ ᠶ᠋ᠢᠨ ᠠᠵᠢᠯᠯᠠᠬᠤ ᠴᠠᠭ ᠢ᠋ ᠤᠷᠲᠤᠳᠬᠠᠨ᠂ ᠳᠠᠭᠤᠤ ᠵᠢᠨ ᠪᠠᠬᠠᠳᠠᠳ ᠤ᠋ᠨ ᠲᠥᠪᠯᠡᠷᠡᠨ ᠶᠠᠪᠤᠵᠤ ᠰᠠᠭᠤᠬᠤ ᠬᠥᠮᠥᠨ ᠤ᠋ ᠲᠣᠭ᠎ᠠ ᠢ᠋ᠢ ᠤᠷᠢᠳᠴᠢᠯᠠᠨ ᠡᠵᠡᠮᠰᠢᠵᠦ᠂ ᠳᠠᠭᠤᠤ ᠵᠢᠨ ᠪᠠᠬᠠᠳᠠᠳ ᠤ᠋ᠨ ᠲᠡᠷᠭᠡ ᠬᠦᠯᠢᠶᠡᠬᠦ ᠣᠷᠣᠨ ᠲᠣᠭᠣᠷᠢᠭ᠋ᠢ ᠲᠣᠭᠲᠠᠭᠠᠵᠤ᠂ ᠲᠤᠰᠬᠠᠢ ᠬᠥᠮᠥᠨ ᠲᠣᠬᠢᠷᠠᠭᠤᠯᠤᠨ ᠬᠥᠲᠥᠯᠥᠨ ᠵᠢᠯᠤᠭᠣᠳᠬᠤ ᠦᠢᠯᠡᠴᠢᠯᠡᠭᠡ ᠬᠠᠡᠭᠭᠠᠪᠠ᠃