ᠦᠪᠦᠷ ᠮᠤᠨᠭᠭᠤᠯ ᠤ᠋ᠨ ᠮᠦᠽᠧᠢ ᠡᠴᠡ ᠤᠢᠯᠠᠭᠠᠭᠰᠠᠨ ᠢ᠋ᠶ᠋ᠡᠷ᠂ ᠠᠩᠬᠠᠳᠤᠭᠠᠷ ᠬᠤᠭᠤᠴᠠᠭᠠᠨ ᠤ᠋ ᠳᠤᠮᠳᠠᠳᠤ ᠤᠯᠤᠰ ᠤ᠋ᠨ ᠰᠣᠶᠣᠯ ᠤ᠋ᠨ ᠪᠦᠳᠦᠬᠡᠯᠴᠢ ᠦᠢᠯᠡᠳᠬᠦᠨ ᠤ᠋ ᠴᠤᠭ᠍ᠯᠠᠭᠠ ᠮᠠᠢᠮᠠᠢ 5 ᠰᠠᠷ᠎ᠠ ᠶ᠋ᠢᠨ 15 — 21 ᠤ᠋ ᠡᠳᠦᠷ ᠪᠣᠯᠲᠠᠯ᠎ᠠ ᠪᠡᠭᠡᠵᠢᠩ ᠤ᠋ᠨ ᠴᠤᠤᠶᠠᠩ ᠴᠡᠴᠡᠷᠯᠢᠭ ᠲᠦ᠍ ᠶᠠᠪᠤᠭᠳᠠᠵᠦ᠂ ᠥᠪᠥᠷ ᠮᠣᠩᠭᠣᠯ ᠤ᠋ᠨ ᠮᠦᠽᠧᠶ 100 ᠭᠠᠷᠤᠢ ᠵᠤᠢᠯ ᠤ᠋ᠨ ᠦᠪᠡᠷᠮᠢᠴᠡ ᠤᠨᠴᠠᠯᠢᠭ ᠲᠠᠢ ᠰᠤᠶᠤᠯ ᠤ᠋ᠨ ᠪᠦᠳᠦᠬᠡᠯᠴᠢ ᠦᠢᠯᠡᠳᠬᠦᠨ ᠢ᠋ᠶ᠋ᠡᠨ 《ᠳᠣᠷᠣᠨᠠᠳᠠᠬᠢᠨ ᠤ᠋ ᠱᠢᠨ᠎ᠡ ᠭᠤᠤ᠎ᠠ ᠵᠦᠶ》 ᠶ᠋ᠢᠨ ᠭᠤᠤᠯ ᠦᠵᠡᠭᠦᠯᠭᠡ ᠶ᠋ᠢᠨ ᠲᠣᠭᠣᠷᠢᠭ ᠲᠦ᠍ ᠳᠡᠯᠬᠡᠨ ᠪᠤᠷᠤᠯᠠᠭᠤᠯᠪᠡ᠃
ᠥᠪᠥᠷ ᠮᠣᠩᠭᠣᠯ ᠤ᠋ᠨ ᠮᠦᠽᠧᠶ ᠪᠦᠷᠭᠦᠳ ᠤ᠋ᠨ ᠵᠢᠩᠰᠠᠳᠦ ᠠᠯᠲᠠᠨ ᠲᠢᠲᠢᠮ᠂ ᠪᠤᠭᠤ ᠶ᠋ᠢᠨ ᠡᠪᠡᠷᠲᠦ ᠠᠯᠲᠠᠨ ᠰᠠᠵᠢᠯᠠᠭᠤᠷ ᠵᠢᠴᠢ ᠶᠤᠧᠠᠨ ᠤᠯᠤᠰ ᠤ᠋ᠨ ᠵᠢᠶᠦ᠋ᠨ ᠶᠣᠣ ᠶ᠋ᠢᠨ ᠬᠦᠯᠢᠰ ᠵᠡᠷᠭᠡ ᠰᠣᠩᠭᠣᠳᠠᠭ ᠲᠡᠦᠬᠡ ᠶ᠋ᠢᠨ ᠳᠤᠷᠠᠰᠭᠠᠯᠲᠤ ᠵᠦᠶ᠋ᠯᠡᠰ ᠤ᠋ᠨ IP ᠪᠡᠷ ᠥᠪᠥᠷ ᠮᠣᠩᠭᠣᠯ ᠣᠷᠣᠨ ᠤ᠋ ᠲᠡᠦᠬᠡ ᠰᠣᠶᠣᠯ ᠤ᠋ᠨ ᠰᠤᠳᠠᠰᠤ ᠶ᠋ᠢ ᠣᠲᠣ ᠴᠠᠭ ᠤ᠋ᠨ ᠤᠷᠤᠰᠭᠠᠯ ᠳ᠋ᠦ ᠨᠡᠢᠴᠡᠬᠦᠯᠦᠭᠰᠡᠨ ᠪᠦᠲᠦᠭᠡᠯᠴᠢ ᠲᠥᠰᠦᠪᠯᠡᠯ ᠯᠤᠭᠡ ᠭᠦᠨᠵᠡᠭᠡᠶ ᠠᠭᠤᠰᠤᠯᠴᠠᠭᠤᠯᠪᠠ᠃ ᠡᠭᠦᠪᠡᠷ ᠪᠥᠬᠥ᠌ ᠤᠯᠤᠰ ᠤ᠋ᠨ ᠰᠣᠶᠣᠯ ᠤ᠋ᠨ ᠱᠢᠨᠡᠶ᠋ᠢ ᠡᠭᠦᠳᠬᠦ᠌ ᠲᠠᠪᠴᠠᠩ ᠳᠡᠭᠡᠷ᠎ᠡ ᠥᠪᠥᠷ ᠮᠣᠩᠭᠣᠯ ᠤ᠋ᠨ ᠥᠪᠡᠷᠮᠢᠴᠡ ᠰᠣᠶᠣᠯ ᠢᠷᠭᠡᠨᠱᠢᠯ ᠤ᠋ᠨ ᠠᠭᠤᠯᠤᠭ᠍ᠳᠠᠬᠤᠨ ᠪᠣᠯᠤᠨ ᠣᠷᠣᠨ ᠪᠦᠰᠡ ᠶ᠋ᠢᠨ ᠰᠣᠶᠣᠯ ᠤ᠋ᠨ ᠦᠪᠡᠷᠮᠢᠴᠡ ᠰᠤᠳᠤᠨ ᠰᠢᠨᠵᠢ ᠶ᠋ᠢ ᠳᠡᠯᠭᠡᠨ ᠦᠵᠡᠭᠦᠯᠵᠠᠢ᠃
ᠲᠤᠬᠠᠶ ᠶ᠋ᠢᠨ ᠲᠠᠯᠠᠪᠠᠢ ᠳ᠋ᠤ ᠪᠦᠷᠭᠦᠳ ᠤ᠋ᠨ ᠵᠢᠩᠰᠠᠳᠦ ᠠᠯᠲᠠᠨ ᠲᠢᠲᠢᠮ ᠤ᠋ᠨ ᠨᠣᠮ ᠤ᠋ᠨ ᠱᠣᠱᠢᠭ᠎ᠠ᠂ ᠡᠷᠳᠡᠨᠢ ᠰᠢᠬᠢᠳᠬᠡᠭᠡᠷᠢᠲᠦ ᠭᠠᠷᠤᠳᠢ ᠵᠢᠨ ᠳᠠᠷᠤᠭᠤᠯᠭ᠎ᠠ ᠵᠢᠨ ᠲᠦᠷᠰᠦᠳᠦ ᠬᠥᠯᠳᠡᠭᠡᠭᠦᠷ ᠤ᠋ᠨ ᠨᠠᠭᠠᠯᠲᠠ᠂ ᠶᠤᠧᠠᠨ ᠤᠯᠤᠰ ᠤ᠋ᠨ ᠵᠢᠶᠦ᠋ᠨ ᠶᠣᠣ ᠶ᠋ᠢᠨ ᠬᠦᠯᠢᠰ ᠤ᠋ᠨ ᠦᠵᠡᠮᠦᠷᠢ ᠵᠢᠨ ᠡᠳ᠋ᠯᠡᠯ᠂ ᠪᠤᠭᠤ ᠶ᠋ᠢᠨ ᠡᠪᠡᠷᠲᠦ ᠠᠯᠲᠠᠨ ᠰᠠᠵᠢᠯᠠᠭᠤᠷᠳᠤ ᠬᠥᠯᠳᠡᠭᠡᠭᠦᠷ ᠤ᠋ᠨ ᠨᠠᠭᠠᠯᠲᠠ ᠵᠡᠷᠭᠡ ᠣᠯᠠᠨ ᠵᠦᠶ᠋ᠯ ᠤ᠋ᠨ ᠦᠢᠯᠡᠳᠬᠦᠨ ᠬᠥᠮᠦᠰ ᠤ᠋ᠨ ᠬᠦᠷᠢᠶᠡᠯᠡᠯ ᠢ᠋ ᠣᠯᠤᠭᠰᠠᠨ ᠪᠠᠢᠨ᠎ᠠ᠃ ᠲᠣᠰ ᠤᠳᠠᠭ᠎ᠠ ᠵᠢᠨ ᠳᠡᠯᠬᠡᠨ ᠪᠤᠷᠤᠯᠠᠭᠤᠯᠭ᠎ᠠ ᠳ᠋ᠦ᠂ ᠥᠪᠥᠷ ᠮᠣᠩᠭᠣᠯ ᠤ᠋ᠨ ᠮᠦᠽᠧᠶ ᠪᠠᠰᠠ ᠳᠠᠯᠪᠢᠭᠤᠷ ᠳᠡᠬᠡᠷᠡᠬᠢ ᠰᠤᠶᠤᠯ ᠤ᠋ᠨ ᠦᠵᠡᠮᠵᠢ᠂ ᠲᠠᠯ᠎ᠠ ᠨᠤᠲᠤᠭ ᠤ᠋ᠨ ᠰᠣᠶᠣᠯ ᠤᠯᠠᠮᠵᠢᠯᠠᠯ ᠭᠡᠬᠦ᠌ 2 ᠶᠡᠬᠡ ᠱᠢᠷᠢᠰ ᠰᠣᠶᠣᠯ ᠤ᠋ᠨ ᠪᠦᠳᠦᠬᠡᠯᠴᠢ ᠪᠢᠴᠢᠭ ᠤ᠋ᠨ ᠬᠡᠷᠡᠭ᠌ᠰᠡᠯ ᠵᠢᠴᠢ ᠲᠠᠯ᠎ᠠ ᠨᠤᠲᠤᠭ ᠤ᠋ᠨ ᠨᠠᠨᠳᠢᠨ ᠪᠡᠯᠡᠭ ᠤ᠋ᠨ ᠱᠢᠷᠢᠰ ᠴᠢᠮᠡᠭ᠌ᠯᠡᠯ ᠢ᠋ ᠭᠠᠷᠭᠠᠵᠠᠢ᠃ ᠡᠭᠦᠨ ᠡᠴᠡ ᠭᠠᠳᠠᠨ᠎ᠠ᠂ ᠤᠯᠠᠮᠵᠢᠯᠠᠯᠲᠤ ᠠᠷᠠᠰᠤ ᠱᠢᠷᠢ ᠶ᠋ᠢᠨ ᠤᠷᠠᠯᠢᠭ᠂ ᠠᠷᠠᠳ ᠤ᠋ᠨ ᠵᠠᠩ ᠦᠢᠯᠡ ᠶ᠋ᠢᠨ ᠬᠡ ᠤᠭᠠᠯᠵᠠ ᠵᠡᠷᠭᠡ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠰᠣᠳᠣᠨ ᠪᠦᠲᠦᠭᠡᠯ ᠢ᠋ ᠴᠤᠭ᠍ᠯᠠᠭᠤᠯᠵᠤ᠂ ᠵᠠᠯᠠᠭᠤᠴᠤᠳ ᠤ᠋ᠨ ᠲᠤᠷ᠎ᠠ ᠳᠠᠭᠠᠰᠢᠶᠠᠯ ᠳ᠋ᠦ ᠨᠡᠢᠴᠡᠬᠦᠯᠦᠭᠰᠡᠨ ᠬᠡᠪ ᠲᠦᠷᠰᠦ ᠪᠡᠷ ᠪᠣᠳᠠᠰ ᠤ᠋ᠨ ᠪᠤᠰᠤ ᠰᠣᠶᠣᠯ ᠤ᠋ᠨ ᠥᠪ ᠢ᠋ ᠠᠮᠢᠳᠤᠯᠢᠭ ᠤᠯᠠᠮᠵᠢᠯᠠᠭᠰᠠᠨ ᠪᠠᠢᠨ᠎ᠠ᠃