— ᠮᠤᠩᠭᠤᠯ ᠦᠨᠳᠦᠰᠦᠲᠡᠨ ᠦ ᠠᠯᠳᠠᠷᠳᠤ ᠰᠤᠷᠪᠤᠯᠵᠢ ᠪᠢᠴᠢᠭ᠎ᠦᠨ ᠰᠤᠳᠤᠯᠭᠠᠲᠠᠨ ᠴᠤᠢ᠎ᠵᠢ ᠭᠤᠸᠠᠢ᠎ᠶ᠋ᠢ ᠲᠤᠷᠠᠳᠭᠠᠬᠤ ᠨᠢ
ᠪᠢ ᠭᠤᠴᠢ ᠲᠦᠴᠢᠨ ᠵᠢᠯ ᠰᠤᠷᠪᠤᠯᠵᠢᠯᠠᠭ᠍ᠴᠢ ᠶᠠᠪᠤᠵᠤ᠂ ᠤᠯᠠᠨ ᠬᠦᠮᠦᠰ᠎ᠢ ᠰᠤᠷᠪᠤᠯᠵᠢᠯᠠᠨ ᠪᠢᠴᠢᠵᠦ᠍ ᠰᠤᠨᠢᠨ ᠰᠡᠳᠭᠦᠯ ᠲᠡᠭᠡᠷ᠎ᠡ ᠨᠡᠢᠳᠡᠯᠡᠭᠦᠯᠦᠭ᠌ᠰᠡᠨ ᠪᠤᠯᠪᠠᠴᠤ᠌᠂ ᠦᠪᠡᠷ᠎ᠦᠨ ᠵᠢᠠᠨ ᠬᠠᠮᠤᠭ᠎ᠤᠨ ᠰᠠᠢᠨ ᠤᠢᠯᠠᠭᠠᠯᠴᠠᠵᠤ ᠮᠡᠲᠡᠯᠴᠡᠳᠡᠭ᠂ ᠶᠠᠪᠤᠯᠴᠠᠵᠤ ᠰᠠᠭᠤᠯᠴᠠᠳᠠᠭ ᠪᠠᠢᠬ᠍ᠰᠠᠨ ᠨᠢᠭᠡ ᠬᠦᠮᠦᠨ ᠵᠢᠠᠨ ᠰᠡᠷᠡᠭᠦᠨ ᠲᠤᠩᠭᠠᠯᠠᠭ ᠠᠬᠤᠢ ᠳ᠋ᠤᠨᠢ ᠰᠤᠷᠪᠤᠯᠵᠢᠯᠠᠵᠤ ᠪᠢᠴᠢᠶ᠎ᠡ ᠭᠡᠳ ᠪᠢᠴᠢᠵᠦ᠍ ᠴᠢᠲᠠᠭ᠎ᠠ ᠦᠭᠡᠢ ᠶᠡᠷᠦ᠎ᠨᠢ ᠰᠡᠳᠭᠢᠯ ᠲᠤᠨᠳᠠᠭᠤᠷ ᠰᠠᠨᠠᠭ᠍ᠲᠠᠭᠠᠳ ᠪᠠᠢᠲᠠᠭ᠃ ᠤᠳᠤ ᠪᠢ 《 ᠬᠡᠷᠡᠭ᠎ᠡᠴᠡ ᠭᠠᠷᠴᠤ᠌ ᠴᠡᠷᠢᠭ ᠡᠴᠡ ᠪᠠᠭᠤᠬ᠍ᠰᠠᠨ》 ᠪᠤᠯᠪᠠᠴᠤ᠌᠂ ᠡᠨᠡ ᠬᠦ᠌ ᠬᠠᠷᠠᠮᠰᠠᠯ ᠢ ᠶᠠᠭᠠᠬᠢᠬ᠍ᠰᠠᠨ ᠴᠤ᠌ ᠨᠦᠬᠦᠯ ᠦᠭᠡᠢ ᠪᠤᠯᠬᠤ ᠦᠭᠡᠢ ᠭᠡᠵᠦ᠍ ᠬᠦᠱᠢᠭᠦᠨ ᠪᠢᠷ᠎ᠢ ᠬᠦᠲᠡᠯᠭᠡᠵᠦ᠍ ᠪᠠᠢᠬᠤ ᠨᠢ ᠡᠨᠡ᠃ ᠮᠢᠨᠤ ᠪᠢᠴᠢᠶ᠎ᠡ ᠭᠡᠰᠡᠨ ᠡᠨᠡ ᠬᠦᠮᠦᠨ ᠪᠤᠯ ᠮᠤᠩᠭᠤᠯ ᠦᠨᠳᠦᠰᠦᠲᠡᠨ᠎ᠦ ᠠᠯᠳᠠᠷᠳᠤ ᠰᠤᠷᠪᠤᠯᠵᠢ ᠪᠢᠴᠢᠭ᠎ᠤᠨ ᠰᠤᠳᠤᠯᠭᠠᠲᠠᠨ ᠴᠤᠢ᠎ᠵᠢ ᠭᠤᠸᠠᠢ ᠪᠤᠯᠤᠨ᠎ᠠ᠃ ᠮᠢᠨᠤ ᠰᠤᠷᠪᠤᠯᠵᠢᠯᠠᠭ᠎ᠠ ᠨᠢ ᠡᠴᠤᠰ ᠰᠡᠭᠦᠯ᠎ᠳᠡᠭᠡᠨ ᠲᠤᠷᠠᠳᠭᠠᠯ ᠪᠤᠯᠵᠤ ᠬᠤᠴᠤᠷᠤᠨ᠎ᠠ ᠭᠡᠮᠡᠨ ᠰᠠᠨᠠᠬ᠍ᠰᠠᠨ ᠦᠭᠡᠢ᠃

ᠴᠤᠢ᠎ᠵᠢ ᠭᠤᠸᠠᠢ ᠶ᠋ᠢ ᠪᠢ ᠦᠪᠡᠷ᠎ᠦᠨ ᠵᠢᠠᠨ ᠬᠠᠮᠤᠭ᠎ᠤᠨ ᠰᠠᠢᠨ ᠤᠢᠯᠠᠭᠠᠯᠴᠠᠵᠤ ᠮᠡᠲᠡᠯᠴᠡᠳᠡᠭ᠂ ᠶᠠᠪᠤᠯᠴᠠᠵᠤ ᠰᠠᠭᠤᠯᠴᠠᠳᠠᠭ ᠪᠠᠢᠬ᠍ᠰᠠᠨ ᠨᠢᠭᠡ ᠬᠦᠮᠦᠨ ᠭᠡᠲᠡᠭ ᠦᠨ ᠤᠴᠢᠷ ᠨᠢ ᠪᠢᠳᠡ ᠬᠡᠳᠤᠨ ᠵᠢᠯ ᠨᠢᠭᠡ ᠪᠠᠢᠭᠤᠯᠭ᠎ᠠ᠎ᠳᠦ᠂ ᠲᠡᠷᠡ ᠪᠠᠢᠳᠤᠭᠠᠢ ᠨᠢᠭᠡ ᠠᠯᠪᠠᠨ ᠭᠡᠷ᠎ᠲᠦ ᠱᠢᠷᠡᠭᠡ ᠡᠰᠡᠷᠭᠦᠯᠡᠨ ᠰᠠᠭᠤᠭᠠᠳ ᠬᠠᠮᠳᠤ ᠠᠵᠢᠯᠯᠠᠵᠤ ᠪᠠᠢᠬ᠍ᠰᠠᠨ ᠦᠩᠭᠡᠷᠡᠯᠳᠡ ᠲᠠᠢ᠃ ᠪᠢᠳᠡ ᠬᠡᠳᠤᠨ ᠵᠢᠯ ᠬᠠᠮᠳᠤ ᠠᠵᠢᠯᠯᠠᠵᠤ᠂ ᠴᠢᠨᠤ ᠮᠢᠨᠤ ᠦᠭᠡᠢ ᠡᠭᠡᠨᠡᠭ᠌ᠰᠢᠨ ᠲᠠᠰᠤᠯᠴᠠᠵᠤ ᠪᠢᠯᠡ᠃ ᠲᠡᠭᠡᠬᠦᠯᠡᠷ ᠲᠡᠭᠦᠨ ᠦ ᠪᠠᠢᠳᠠᠯ᠎ᠢ ᠰᠠᠢᠨ ᠮᠡᠳᠡᠨ᠎ᠡ᠃ ᠴᠤᠢ᠎ᠵᠢ᠂ ᠪᠦᠲᠦᠨ ᠨᠡᠷ᠎ᠡ ᠨᠢ ᠴᠤᠢᠵᠢᠺᠠᠸᠠ ᠭᠡᠳᠡᠭ᠃ ᠲᠡᠭᠦᠨ᠎ᠦ ᠲᠦᠭᠦᠮ ᠨᠠᠮᠳᠠᠷ ᠭᠡᠪᠡᠯ᠂ ᠴᠤᠢ᠎ᠵᠢ 1941 ᠤᠨ᠎ᠤ 10 ᠰᠠᠷ᠎ᠠ ᠶ᠋ᠢᠨ 4 ᠳ᠋ᠦ ᠪᠠᠭᠠᠷᠢᠨ ᠵᠡᠭᠦᠨ ᠬᠤᠱᠢᠭᠤᠨ ᠤ ᠴᠠᠭᠠᠨ ᠤᠰᠤ ᠨᠤᠳᠤᠭ (ᠤᠳᠤ᠎ᠶ᠋ᠢᠨ ᠪᠠᠭᠠᠷᠢᠨ ᠪᠠᠷᠠᠭᠤᠨ ᠬᠤᠱᠢᠭᠤᠨ᠎ᠤ ᠵᠢᠷᠭᠠᠯ᠎ᠤᠨ ᠵᠠᠮ ᠰᠤᠮᠤ) ᠲᠸ᠋ ᠮᠡᠨᠳᠦᠯᠡᠵᠡᠢ᠃ ᠲᠡᠷᠡ ᠪᠠᠭ᠎ᠠ ᠠᠴᠠ ᠪᠠᠨ ᠰᠤᠷᠭᠠᠭᠤᠯᠢ ᠰᠤᠶᠤᠯ᠎ᠤᠨ ᠮᠦᠷ᠎ᠢ ᠬᠦᠭᠡᠭᠡᠵᠦ᠍᠂ ᠨᠤᠲᠤᠭ᠎ᠤᠨ ᠵᠢᠠᠨ ᠪᠠᠭ᠎ᠠ ᠰᠤᠷᠭᠠᠭᠤᠯᠢ᠂ ᠠᠩᠬ᠎ᠠ ᠲᠤᠮᠲᠠᠳᠤ ᠪᠠᠨ ᠲᠡᠭᠦᠰᠭᠡᠵᠤ᠌᠂ 1960 ᠤᠨ᠎ᠳᠤ ᠤᠯᠠᠭᠠᠨᠬᠠᠳᠠ᠎ᠶ᠋ᠢᠨ ᠮᠤᠩᠭᠤᠯ ᠲᠤᠮᠲᠠᠳᠤ ᠰᠤᠷᠭᠠᠭᠤᠯᠢ᠎ᠠᠴᠠ ᠦᠨᠳᠦᠷ ᠲᠤᠮᠲᠠᠳᠤ ᠪᠠᠨ ᠲᠡᠭᠦᠰᠭᠡᠵᠤ ᠦᠪᠦᠷ ᠮᠤᠩᠭᠤᠯ᠎ᠤᠨ ᠶᠡᠬᠡ ᠰᠤᠷᠭᠠᠭᠤᠯᠢ᠎ᠶ᠋ᠢᠨ ᠮᠤᠩᠭᠤᠯ ᠬᠡᠯᠡ ᠪᠢᠴᠢᠭ᠎ᠦᠨ ᠰᠠᠯᠪᠤᠷᠢ ᠳᠤ ᠱᠢᠯᠭᠠᠭᠤᠯᠤᠨ ᠤᠷᠤᠵᠤ᠂ 1965 ᠤᠨ ᠤ ᠨᠠᠮᠤᠷ ᠠᠵᠢᠯ᠎ᠤᠨ ᠢᠯᠡᠭᠡᠯᠲᠡ ᠠᠪᠴᠤ᠌ ᠪᠠᠶᠠᠨᠨᠠᠭᠤᠷ ᠠᠢᠮᠠᠭ᠎ᠤᠨ ᠷᠠᠳᠢᠤ᠋ ᠨᠡᠪᠲᠡᠷᠡᠭᠦᠯᠭᠡ᠎ᠶ᠋ᠢᠨ ᠬᠤᠷᠢᠶ᠎ᠠ᠎ᠳᠤ ᠰᠤᠷᠪᠤᠯᠵᠢᠯᠠᠭ᠍ᠴᠢ ᠨᠠᠢᠷᠠᠭᠤᠯᠤᠭ᠍ᠴᠢ ᠪᠡᠷ ᠠᠵᠢᠯᠯᠠᠵᠤ ᠦᠩᠭᠡᠷᠡᠵᠡᠢ᠃ ᠪᠠᠭᠠᠷᠢᠨ ᠪᠠᠷᠠᠭᠤᠨ ᠬᠤᠱᠢᠭᠤᠨ᠎ᠳᠤ ᠪᠠᠢᠬᠤ ᠦᠶ᠎ᠡ᠎ᠳᠦ ᠪᠢ ᠲᠡᠭᠦᠨ ᠲᠠᠢ ᠴᠤᠭ ᠬᠦᠳᠡᠭᠡ ᠪᠠᠭᠤᠭᠠᠳ ᠴᠠᠭᠠᠨ ᠤᠰᠤ ᠶ᠋ᠢᠨ ᠬᠦᠳᠡᠭᠡ ᠭᠡᠷ ᠲᠤᠨᠢ ᠬᠤᠨᠤᠵᠤ ᠴᠤ᠌ ᠦᠩᠭᠡᠷᠡᠭ᠌ᠰᠡᠨ᠃ ᠠᠪᠤ ᠨᠢ ᠨᠤᠲᠤᠭ ᠤᠰᠤᠨ᠎ᠳᠠᠭᠠᠨ ᠨᠡᠷᠡᠲᠡᠢ ᠰᠠᠢᠨ ᠮᠠᠯ ᠤᠨ ᠡᠮᠴᠢ᠂ ᠡᠵᠢ ᠨᠢ ᠬᠡᠦᠬᠡᠳ ᠪᠠᠭᠠᠴᠤᠳ᠎ᠢ ᠦᠵᠡᠪᠡᠯ 《ᠬᠦᠭᠡᠷᠦᠬᠦᠢ!》 ᠭᠡᠳ ᠯᠠ ᠡᠩᠬᠦᠷᠡᠢᠯᠡᠵᠦ᠍ ᠲᠠᠭᠤᠳᠠᠳᠠᠭ ᠦᠷᠦᠪᠴᠢ ᠡᠨᠡᠷᠢᠩᠭᠦᠢ ᠨᠠᠰᠤᠳᠠᠨ᠃ ᠴᠤᠢ᠎ᠵᠢ ᠭᠤᠸᠠᠢ ᠠᠬ᠎ᠠ ᠲᠡᠬᠦᠦ ᠭᠤᠷᠪᠠᠭᠤᠯᠠ᠂ ᠶᠡᠬᠡ ᠲᠡᠭᠦᠦ ᠳᠤᠷᠵᠢ 《 ᠵᠤᠤ ᠤᠳᠠ᠎ᠶ᠋ᠢᠨ ᠰᠤᠨᠢᠨ》 ᠤ᠋ ᠨᠠᠢᠷᠠᠭᠤᠯᠤᠭ᠍ᠴᠢ᠂ ᠪᠠᠭ᠎ᠠ ᠲᠡᠭᠦᠦ ᠲᠡᠭ᠌ᠵᠢᠷᠡᠬᠦ᠌ ᠨᠢ ᠪᠠᠭᠠᠷᠢᠨ ᠪᠠᠷᠠᠭᠤᠨ ᠬᠤᠱᠢᠭᠤᠨ᠎ᠤ ᠮᠤᠩᠭᠤᠯ ᠡᠮᠨᠡᠯᠭᠡ᠎ᠶ᠋ᠢᠨ ᠬᠤᠷᠢᠶ᠎ᠠ᠎ᠶ᠋ᠢᠨ ᠡᠮᠴᠢ᠃
1971 ᠤᠨ ᠤ ᠡᠬᠢᠨ ᠵᠢᠡᠷ ᠪᠢ ᠪᠠᠭᠠᠷᠢᠨ ᠪᠠᠷᠠᠭᠤᠨ ᠬᠤᠱᠢᠭᠤᠨ᠎ᠤ ᠨᠠᠮ᠎ᠤᠨ ᠬᠤᠷᠢᠶ᠎ᠠ᠎ᠶ᠋ᠢᠨ ᠤᠬᠠᠭᠤᠯᠬᠤ ᠬᠡᠯᠲᠡᠰ᠎ᠦᠨ ᠰᠤᠨᠢᠨ ᠮᠡᠳᠡᠭᠡᠨ᠎ᠦ ᠲᠤᠭᠤᠢᠯᠠᠩ᠎ᠳᠤ ᠠᠵᠢᠯ᠎ᠤᠨ ᠬᠤᠪᠢᠶᠠᠷᠢ ᠠᠪᠤᠭᠠᠳ ᠤᠴᠢᠬᠤ ᠳ᠋ᠦ ᠲᠤᠷᠠᠪᠳᠤᠷᠬᠠᠨ ᠬᠡᠪ ᠳᠤᠮᠳᠠ᠎ᠶ᠋ᠢᠨ ᠪᠡᠶ᠎ᠡ ᠲᠠᠢ᠂ ᠡᠮᠦᠰᠭᠡᠯ ᠵᠡᠭᠦᠲᠡᠯ ᠲᠡᠷᠢ ᠲᠡᠭ᠌ᠰᠢ ᠴᠡᠪᠡᠷ ᠴᠡᠮᠴᠡᠭᠡᠷ᠂ ᠱᠢᠷᠠᠪᠳᠤᠷᠬᠠᠨ ᠴᠢᠷᠠᠢ ᠲᠠᠢ᠂ ᠨᠢᠳᠤᠨ ᠱᠢᠯ ᠵᠡᠭᠦᠭ᠌ᠰᠡᠨ᠂ ᠪᠢᠴᠢᠭ᠎ᠦᠨ ᠬᠦᠮᠦᠨ᠎ᠦ ᠨᠠᠮᠪᠠ ᠲᠠᠢ ᠨᠢᠭᠡᠨ ᠬᠦᠮᠦᠨ ᠨᠠᠮ᠎ᠠ ᠶ᠋ᠢ ᠬᠦᠯᠢᠶᠡᠨ ᠠᠪᠤᠪᠠ᠃ ᠡᠨᠡ ᠬᠦᠮᠦᠨ ᠴᠤᠢ᠎ᠵᠢ ᠭᠤᠸᠠᠢ ᠪᠠᠢᠯ᠎ᠠ᠃ ᠴᠤᠢ᠎ᠵᠢ ᠭᠤᠸᠠᠢ ᠴᠤ᠌ ᠲᠡᠷᠡ ᠦᠶᠡᠰ᠎ᠲᠦ ᠪᠠᠶᠠᠨᠨᠠᠭᠤᠷ ᠠᠢᠮᠠᠭ ᠠᠴᠠ ᠲᠦᠷᠦᠭ᠌ᠰᠡᠨ ᠨᠤᠲᠤᠭ ᠪᠠᠭᠠᠷᠢᠨ ᠪᠠᠷᠠᠭᠤᠨ ᠬᠤᠱᠢᠭᠤᠨ ᠳᠠᠭᠠᠨ ᠠᠵᠢᠯ ᠱᠢᠯᠵᠢᠵᠤ ᠢᠷᠡᠭᠡᠳ ᠤᠳᠠᠭ᠎ᠠ ᠦᠭᠡᠢ ᠠᠵᠢ᠃ ᠲᠡᠷᠡ ᠪᠠᠷ ᠨᠡᠯᠢᠶᠡᠳ ᠬᠡᠳᠦᠨ ᠵᠢᠯ ᠰᠤᠨᠢᠨ ᠮᠡᠳᠡᠭᠡᠨ ᠦ ᠲᠤᠰᠭᠠᠢ ᠮᠡᠷᠭᠡᠵᠢᠯ ᠵᠢᠠᠷ ᠠᠵᠢᠯᠯᠠᠬ᠍ᠰᠠᠨ ᠠᠬᠠᠮᠠᠳ ᠨᠦᠬᠦᠷ ᠪᠤᠯᠬᠤᠷ ᠮᠠᠨ ᠤ ᠰᠤᠨᠢᠨ ᠮᠡᠳᠡᠭᠡᠨ᠎ᠦ ᠲᠤᠭᠤᠢᠯᠠᠩ ᠤᠨ ᠲᠠᠷᠤᠭ᠎ᠠ ᠪᠠᠷ ᠲᠤᠮᠢᠯᠠᠭ᠍ᠲᠠᠭ᠍ᠰᠠᠨ ᠪᠠᠢᠨ᠎ᠠ᠃ ᠴᠤᠢ᠎ᠵᠢ ᠭᠤᠸᠠᠢ ᠪᠤᠯ ᠲᠠᠷᠤᠤ ᠬᠦᠩᠭᠡᠮᠰᠦᠭ ᠠᠪᠤᠷᠢ ᠲᠠᠢ᠂ ᠡᠶᠡᠯᠰᠡᠭ ᠵᠦᠭᠡᠯᠡᠨ ᠵᠠᠩ ᠲᠠᠢ ᠬᠦᠮᠦᠨ ᠪᠢᠯᠡ᠃ ᠭᠠᠷ ᠲᠤᠤᠷ᠎ᠠ ᠨᠢ ᠵᠠᠩ ᠵᠢᠦ ᠴᠢᠨ᠂ ᠰᠤᠷᠭᠠᠯᠳᠤ᠂ ᠦᠰᠭᠦᠪᠤᠶᠠᠨ᠂ ᠨᠠᠮ᠎ᠠ ᠲᠠᠢ ᠴᠦᠮ ᠬᠤᠷᠢᠨ ᠬᠡᠳᠦᠳᠡᠢ ᠱᠢᠷ ᠭᠡᠰᠡᠨ ᠲᠦᠷᠪᠡᠨ ᠵᠠᠯᠠᠭᠤ ᠪᠠᠢᠯ᠎ᠠ᠂ ᠶᠡᠷᠦ᠎ᠨᠢ ᠪᠢᠴᠢᠵᠤ ᠵᠢᠷᠤᠬᠤ᠎ᠳᠠᠭᠠᠨ ᠵᠡᠭᠡᠭ᠌ᠰᠡᠨ ᠭᠡᠲᠡᠭ ᠪᠤᠯᠪᠠᠴᠤ᠌᠂ ᠰᠤᠨᠢᠨ ᠮᠡᠳᠡᠭᠡᠨ᠎ᠦ ᠤᠬᠠᠭᠠᠨ᠎ᠤ ᠲᠤᠰᠭᠠᠢ ᠪᠤᠯᠪᠠᠰᠤᠷᠠᠯ ᠬᠦᠷᠳᠡᠭᠡ ᠦᠭᠡᠢ 《ᠡᠮᠨᠢᠭ》 ᠦ᠋ᠳ ᠪᠠᠢᠵᠠᠢ᠃ ᠴᠤᠢ᠎ᠵᠢ ᠭᠤᠸᠠᠢ ᠮᠠᠨᠤᠰ ᠢ ᠲᠤᠲᠤᠮᠳᠠᠵᠤ ᠴᠤᠭ ᠰᠤᠷᠪᠤᠯᠵᠢᠯᠠᠭ᠎ᠠ ᠬᠢᠨ᠎ᠡ᠂ ᠶᠠᠮᠠᠷ ᠭᠤᠤᠯ ᠰᠡᠳᠦᠪ᠎ᠢ ᠠᠳᠭᠤᠬᠤ ᠲᠤᠬᠠᠢ᠂ ᠶᠠᠭᠠᠬᠢᠵᠤ ᠪᠢᠴᠢᠬᠦ᠌ ᠲᠠᠯ᠎ᠠ ᠪᠡᠷ ᠵᠢᠭᠠᠵᠤ ᠲᠤᠬᠢᠵᠤ ᠦᠭ᠌ᠭᠦᠨ᠎ᠡ᠂ ᠦᠪᠡᠷ᠎ᠦᠨ ᠪᠡᠶ᠎ᠡ ᠪᠠᠷ ᠵᠢᠠᠨ ᠦᠯᠢᠭᠡᠷᠯᠡᠵᠦ᠍ ᠡᠬᠡ ᠪᠢᠴᠢᠭ ᠪᠢᠴᠢᠨ᠎ᠡ᠂ ᠪᠠᠰᠠ ᠮᠠᠨᠤᠰ᠎ᠤᠨ ᠪᠢᠴᠢᠭ᠌ᠰᠡᠨ ᠲᠦᠬᠦᠬᠡᠢ ᠪᠤᠯᠴᠢᠷᠬᠠᠢ ᠶᠠᠭᠤᠮᠠᠰ᠎ᠢ ᠵᠠᠰᠠᠵᠤ ᠵᠠᠯᠠᠵᠤ ᠦᠭ᠌ᠭᠦᠨ᠎ᠡ᠃ ᠡᠨᠡ ᠬᠦ᠌ ᠠᠭᠤᠯᠭ᠎ᠠ ᠠ᠋ᠴᠠ ᠠᠪᠴᠤ᠌ ᠬᠡᠯᠡᠪᠡᠯ᠂ ᠴᠤᠢ᠎ᠵᠢ ᠭᠤᠸᠠᠢ ᠪᠤᠯ ᠨᠠᠮᠠᠶ᠋ᠢ ᠲᠠᠭᠠᠭᠤᠯᠵᠤ ᠰᠤᠨᠢᠨ ᠮᠡᠳᠡᠭᠡᠨ᠎ᠦ ᠵᠠᠮ ᠳᠤ ᠬᠦᠲᠦᠯᠦᠨ ᠤᠷᠤᠭᠤᠯᠤᠬ᠍ᠰᠠᠨ ᠤᠤᠭᠠᠨ ᠪᠠᠭ᠍ᠰᠢ ᠮᠢᠨᠢ ᠪᠢᠯᠡ᠃
ᠪᠢ ᠮᠦᠨ ᠴᠤᠢ᠎ᠵᠢ ᠭᠤᠸᠠᠢ ᠪᠠᠷ ᠲᠠᠮᠵᠢᠵᠤ ᠬᠤᠵᠢᠮ ᠨᠢ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠵᠠᠰᠠᠭ᠎ᠤᠨ ᠤᠷᠳᠤᠨ ᠤ ᠳᠡᠳ᠋ ᠲᠡᠷᠢᠭᠦᠯᠡᠭ᠌ᠴᠢ ᠰᠠᠭᠤᠬ᠍ᠰᠠᠨ ᠸᠠᠩ ᠹᠸᠩ ᠴᠢ ᠲᠠᠷᠤᠭ᠎ᠠ ᠲᠠᠢ ᠰᠠᠢᠬᠠᠨ ᠲᠠᠨᠢᠯᠴᠠᠭ᠍ᠰᠠᠨ ᠶᠤᠮ᠃ ᠲᠤᠬᠠᠢ ᠵᠢᠨ ᠦᠶ᠎ᠡ᠎ᠳᠦ᠂ ᠸᠠᠩ ᠹᠸᠩ ᠴᠢ ᠪᠠᠭᠠᠷᠢᠨ ᠪᠠᠷᠠᠭᠤᠨ ᠬᠤᠱᠢᠭᠤᠨ᠎ᠤ ᠨᠠᠮ᠎ᠤᠨ ᠬᠤᠷᠢᠶ᠎ᠠ᠎ᠶ᠋ᠢᠨ ᠤᠬᠠᠭᠤᠯᠬᠤ ᠬᠡᠯᠲᠡᠰ ᠲᠸ᠋ ᠲᠠᠷᠤᠭᠠᠯᠠᠵᠤ ᠪᠠᠢᠪᠠ᠃ ᠸᠠᠩ ᠹᠸᠩ ᠴᠢ᠂ ᠴᠤᠢ᠎ᠵᠢ ᠦᠨᠲᠦᠷ ᠲᠤᠮᠳᠠᠳᠤ᠎ᠳᠠᠭᠠᠨ ᠨᠢᠭᠡ ᠠᠩᠭᠢ᠎ᠶ᠋ᠢᠨ ᠬᠠᠮᠳᠤ ᠰᠤᠷᠤᠭ᠍ᠴᠢ ᠪᠠᠢᠬ᠍ᠰᠠᠨ ᠪᠦᠭᠡᠳ ᠲᠡᠳᠡ ᠬᠤᠶᠠᠭᠤᠯᠠ᠎ᠶ᠋ᠢᠨ ᠬᠠᠷᠢᠴᠠᠭ᠎ᠠ ᠶᠡᠬᠡ ᠰᠠᠢᠨ᠂ ᠸᠠᠩ ᠹᠸᠩ ᠴᠢ ᠬᠠᠶᠠ ᠮᠠᠨ ᠤ ᠠᠯᠪᠠᠨ ᠭᠡᠷ ᠲᠸ᠋ ᠤᠷᠤᠵᠤ ᠢᠷᠡᠭᠡᠳ ᠵᠢᠭᠠᠬᠠᠨ ᠰᠠᠭᠤᠵᠤ ᠶᠠᠭᠠᠷᠠᠯᠳᠠᠢ ᠶᠠᠪᠤᠭᠠᠳ ᠦᠭ᠌ᠭᠦᠨ᠎ᠡ᠃ ᠵᠢᠯ ᠴᠠᠭᠠᠨ ᠰᠠᠷ᠎ᠠ ᠮᠠᠨᠤᠰ᠎ᠢ ᠭᠡᠷ ᠲᠡᠭᠡᠨ ᠵᠠᠯᠠᠵᠤ ᠬᠠᠨᠵᠤᠨ ᠲᠡᠭᠡᠷ᠎ᠡ ᠱᠢᠷᠡᠭᠡ ᠲᠤᠭᠤᠷᠢᠨ ᠰᠠᠭᠤᠯᠴᠠᠭᠠᠳ᠂ ᠬᠤᠷᠤᠭᠤ ᠵᠢᠮᠡᠯᠴᠡᠨ ᠠᠷᠢᠬᠢ ᠤᠤᠭᠤᠵᠤ ᠨᠠᠷᠭᠢᠵᠤ ᠨᠠᠢᠷᠯᠠᠬ᠍ᠰᠠᠨ ᠤᠳᠠᠭ᠎ᠠ ᠲᠠᠢ᠃ ᠬᠤᠵᠢᠮ ᠨᠢ ᠸᠠᠩ ᠹᠸᠩ ᠴᠢ ᠵᠡᠷᠭᠡ ᠲᠤᠱᠢᠶᠠᠯ ᠲᠠᠰᠤᠷᠠᠯ ᠦᠭᠡᠢ ᠲᠡᠪᠱᠢᠵᠤ᠂ ᠪᠠᠭᠠᠷᠢᠨ ᠪᠠᠷᠠᠭᠤᠨ ᠬᠤᠱᠢᠭᠤᠨ᠎ᠤ ᠬᠤᠱᠢᠭᠤᠨ ᠲᠠᠷᠤᠭ᠎ᠠ᠂ ᠤᠯᠠᠭᠠᠨᠬᠠᠳᠠ ᠬᠤᠳᠠ᠎ᠶ᠋ᠢᠨ ᠨᠠᠮ᠎ᠤᠨ ᠬᠤᠷᠢᠶᠠᠨ᠎ᠤ ᠤᠬᠠᠭᠤᠯᠬᠤ ᠬᠡᠯᠲᠡᠰ᠎ᠦᠨ ᠲᠠᠷᠤᠭ᠎ᠠ᠂ ᠤᠯᠠᠭᠠᠨᠬᠠᠳᠠ ᠬᠤᠳᠠ᠎ᠶ᠋ᠢᠨ ᠳᠡᠳ᠋ ᠬᠤᠳᠠ᠎ᠶ᠋ᠢᠨ ᠲᠠᠷᠤᠭ᠎ᠠ᠂ ᠪᠤᠭᠤᠳᠤ ᠬᠤᠳᠠ ᠶ᠋ᠢᠨ ᠬᠤᠳᠠ᠎ᠶ᠋ᠢᠨ ᠲᠠᠷᠤᠭ᠎ᠠ ᠪᠤᠯᠵᠤ᠂ ᠪᠦᠷ ᠰᠡᠭᠦᠯ᠎ᠳᠡᠭᠡᠨ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠳᠡᠳ᠋ ᠲᠡᠷᠢᠭᠦᠯᠡᠭ᠌ᠴᠢ᠂ ᠠᠷᠠᠳ᠎ᠤᠨ ᠲᠦᠯᠦᠭᠡᠯᠡᠭ᠌ᠴᠢᠳ᠎ᠦᠨ ᠶᠡᠬᠡ ᠬᠤᠷᠠᠯ ᠤᠨ ᠪᠠᠢᠩᠭᠤ᠎ᠶ᠋ᠢᠨ ᠬᠤᠷᠢᠶᠠᠨ᠎ᠤ ᠳᠡᠳ᠋ ᠡᠷᠬᠢᠯᠡᠭ᠌ᠴᠢ ᠰᠠᠭᠤᠬ᠍ᠰᠠᠨ ᠬᠤᠢᠨ᠎ᠠ ᠴᠤ᠌ ᠬᠡᠵᠢᠶ᠎ᠡ᠂ ᠬᠠᠮᠢᠭ᠎ᠠ ᠨᠢᠭᠡ ᠠᠭᠤᠯᠵᠠᠪᠠᠴᠤ᠌ ᠨᠠᠮ᠎ᠠ ᠲᠠᠢ ᠬᠤᠶᠠᠷ ᠦᠭᠡ ᠰᠤᠯᠢᠵᠤ᠂ ᠠᠵᠢᠯ ᠠᠮᠢᠳᠤᠷᠠᠯ᠎ᠤᠨ ᠪᠠᠢᠳᠠᠯ᠎ᠢ ᠬᠠᠯᠠᠮᠵᠢᠯᠠᠨ ᠠᠰᠠᠭᠤᠳᠠᠭ᠃ ᠪᠢ ᠬᠦᠬᠡᠬᠤᠳᠠ᠎ᠳᠤ ᠢᠷᠡᠭ᠌ᠰᠡᠨ᠎ᠤ ᠲᠠᠷᠠᠭ᠎ᠠ᠂ ᠨᠢᠭᠡ ᠵᠢᠯ᠎ᠦᠨ ᠴᠠᠭᠠᠨ ᠰᠠᠷ᠎ᠠ᠎ᠳᠤ ᠴᠤᠢ᠎ᠵᠢ ᠭᠤᠸᠠᠢ ᠨᠠᠮᠠᠶ᠋ᠢ ᠲᠠᠭᠠᠭᠤᠯᠵᠤ ᠸᠠᠩ ᠹᠸᠩ ᠴᠢ ᠲᠠᠷᠤᠭ᠎ᠠ᠎ᠶ᠋ᠢᠨ ᠭᠡᠷ ᠲᠤᠨᠢ ᠤᠴᠢᠬ᠍ᠰᠠᠨ ᠪᠠᠢᠬ᠍ᠰᠠᠨ᠃ ᠲᠡᠳ᠋ᠡᠡ ᠪᠤᠯ ᠮᠢᠨᠤ ᠠᠵᠢᠯ ᠦᠢᠯᠡᠰ᠎ᠦᠨ ᠵᠠᠮ᠎ᠳᠤ ᠮᠠᠰᠢ ᠶᠡᠬᠡ ᠠᠴᠢ ᠲᠤᠰᠠ ᠦᠵᠡᠬᠦᠯᠦᠭ᠌ᠰᠡᠨ᠂ 《ᠪᠤᠷᠬᠠᠨ᠎ᠠᠴᠠ ᠢᠯᠡᠭᠡᠭ᠌ᠰᠡᠨ ᠡᠷᠬᠢᠮ ᠬᠦᠮᠦᠰ》 ᠶᠤᠮᠰᠠᠨ᠃ ᠵᠠ᠂ ᠡᠬᠦᠨ᠎ᠢ ᠴᠤᠬᠤᠰ ᠲᠤᠷᠠᠳᠤᠭᠠᠳ ᠡᠨᠳᠡ ᠲᠠᠯᠪᠢᠶ᠎ᠠ᠃
ᠰᠤᠨᠢᠨ ᠮᠡᠳᠡᠭᠡᠨ᠎ᠦ ᠲᠤᠭᠤᠢᠯᠠᠩ᠎ᠤᠨ ᠬᠢ ᠭᠡᠵᠦ᠍ ᠪᠢᠳᠠ ᠵᠠᠯᠭᠠᠭ᠎ᠠ ᠪᠡᠷ ᠬᠦᠳᠡᠭᠡ ᠪᠠᠭᠤᠵᠤ ᠰᠤᠷᠪᠤᠯᠵᠢᠯᠠᠭ᠎ᠠ ᠬᠢᠨ᠎ᠡ᠃ ᠲᠡᠷᠡ ᠦᠶ᠎ᠡ᠎ᠳᠤ ᠮᠦᠨ ᠯᠠ ᠤᠨᠴᠠᠭᠠᠢ ᠴᠠᠭ ᠦᠶᠡᠪᠠᠢᠬ᠍ᠰᠠᠨ ᠪᠤᠯᠬᠤᠷ᠂ ᠨᠡᠢᠭᠡᠮ᠎ᠦᠨ ᠬᠦᠭ᠌ᠵᠢᠯᠳᠡ ᠰᠠᠭᠠᠷᠠᠤ᠂ ᠠᠵᠤ ᠠᠬᠤᠢ ᠬᠤᠴᠤᠷᠤᠩᠭᠤᠢ᠂ ᠲᠡᠷᠭᠡ ᠬᠦᠰᠭᠡ ᠴᠦᠬᠡᠨ᠂ ᠬᠦᠳᠡᠭᠡ ᠪᠠᠭᠤᠵᠤ ᠰᠤᠷᠪᠤᠯᠵᠢᠯᠠᠭ᠎ᠠ ᠬᠢᠬᠦ᠌ ᠭᠡᠪᠠᠯ ᠬᠤᠯᠠ ᠪᠤᠯ ᠠᠶᠠᠨᠴᠢᠳ᠎ᠤᠨ ᠮᠠᠱᠢᠨ᠎ᠳᠤ ᠰᠠᠭᠤᠨ᠎ᠠ᠂ ᠤᠢᠷ᠎ᠠ ᠵᠠᠭᠤᠷ᠎ᠠ ᠬᠤᠷᠢ ᠭᠤᠴᠢᠨ ᠭᠠᠵᠠᠷ ᠶᠤᠮ ᠪᠤᠯ ᠳᠤᠭᠤᠢ ᠪᠡᠷ ᠶᠤᠮ ᠤᠤ᠂ ᠡᠰᠡᠭᠦᠯ᠎ᠡ ᠦᠬᠡᠷ ᠬᠠᠰᠠᠭ᠂ ᠡᠯᠵᠢᠭᠡᠨ ᠲᠡᠷᠭᠡ ᠶᠠᠭᠤ ᠲᠠᠭᠠᠷᠠᠪᠠᠯ ᠶᠠᠭᠤᠨ ᠳ᠋ᠤᠨᠢ ᠤᠯᠵᠤ ᠰᠠᠭᠤᠭᠠᠳ᠂ ᠲᠡᠷᠡᠴᠢᠯᠡᠨ ᠭᠠᠬᠠᠢ ᠶᠠᠪᠠᠭᠠᠨ ᠵᠢᠠᠷ ᠭᠠᠷᠤᠭᠠᠳ ᠬᠦᠳᠡᠯᠳᠡᠭ᠃ ᠲᠡᠷᠡ ᠦᠶ᠎ᠡ᠎ᠳᠦ ᠪᠠᠭᠠᠷᠢᠨ ᠪᠠᠷᠠᠭᠤᠨ ᠬᠤᠱᠢᠭᠤᠨ᠎ᠤ ᠪᠠᠶᠠᠨᠬᠠᠨ ᠨᠢᠭᠡᠳᠦᠯ᠎ᠦᠨ ᠤᠯᠠᠭᠠᠨ ᠲᠤᠭ ᠪᠠᠷᠢᠭᠠᠳᠠ᠂ ᠪᠠᠶᠠᠨ᠌ᠡᠷᠳᠡᠨᠢ ᠨᠢᠭᠡᠳᠦᠯ᠎ᠦᠨ ᠪᠤᠯᠠᠭ ᠪᠠᠷᠢᠭᠠᠳᠠ ᠭᠡᠵᠦ᠍ ᠨᠡᠷᠡᠲᠡᠢ ᠬᠤᠶᠠᠷ ᠲᠡᠷᠢᠭᠦᠨ᠎ᠦ ᠨᠢᠭᠡᠴᠡ ᠪᠠᠢᠬ᠍ᠰᠠᠨ ᠶᠤᠮ᠃ ᠲᠡᠭᠡᠷ᠎ᠡ ᠱᠠᠳᠤᠨ᠎ᠠᠴᠠ ᠶᠠᠮᠠᠷ ᠱᠢᠨ᠎ᠡ ᠵᠢᠭᠠᠪᠤᠷᠢ᠂ ᠵᠤᠷᠢᠭ ᠰᠠᠨᠠᠭ᠎ᠠ ᠪᠠᠭᠤᠵᠤ ᠢᠷᠡᠪᠡᠯ᠂ 《ᠪᠤᠰᠤᠨ ᠪᠤᠰᠤᠨ ᠪᠤᠷᠤ ᠲᠠᠭ᠎ᠠ ᠪᠠᠨ》 ᠭᠡᠲᠡᠭ᠌ᠴᠢᠯᠡᠨ᠂ ᠤᠯᠠᠭᠠᠨ ᠲᠤᠭ᠂ ᠪᠤᠯᠠᠭ ᠢ ᠰᠤᠷᠪᠤᠯᠵᠢᠯᠠᠬᠤ ᠭᠡᠳ ᠲᠡᠷᠡ ᠲᠡᠢᠰᠢ ᠬᠡᠳᠤᠢ ᠴᠤ᠌ ᠤᠳᠠᠭ᠎ᠠ ᠭᠦᠶᠦᠯᠭᠡᠵᠦ᠍ ᠪᠠᠢᠯ᠎ᠠ? ᠴᠤᠢ᠎ᠵᠢ ᠭᠤᠸᠠᠢ ᠪᠢᠳᠠ ᠬᠤᠶᠠᠭᠤᠯᠠ᠎ᠶ᠋ᠢᠨ ᠰᠤᠷᠪᠤᠯᠵᠢᠯᠠᠭ᠎ᠠ ᠬᠢᠬᠦ᠌ ᠭᠡᠵᠦ᠍ ᠬᠠᠮᠳᠤ ᠬᠦᠳᠡᠭᠡ ᠪᠠᠭᠤᠬ᠍ᠰᠠᠨ ᠴᠤᠬᠤᠮ ᠨᠢᠭᠡ ᠵᠤᠭᠠᠳᠠᠢ ᠦᠯᠢᠭᠡᠷ ᠪᠠᠢᠳᠠᠭ ᠄
1971 ᠤᠨ᠎ᠤ 11 ᠰᠠᠷ᠎ᠠ ᠵᠢᠨ ᠲᠤᠮᠳᠠᠴᠢ ᠪᠡᠷ ᠪᠢᠯᠡ᠃ ᠴᠤᠢ᠎ᠵᠢ ᠭᠤᠸᠠᠢ ᠨᠠᠮᠠᠶ᠋ᠢ ᠲᠠᠭᠠᠭᠤᠯᠵᠤ᠂ ᠰᠤᠪᠤᠷᠭ᠎ᠠ ᠨᠢᠭᠡᠳᠦᠯ᠎ᠤᠨ ᠷᠠᠱᠢᠶᠠᠨ ᠠᠢᠯ ᠪᠠᠷᠢᠭᠠᠳᠠ᠎ᠶ᠋ᠢᠨ ᠮᠠᠯ ᠲᠠᠷᠢᠶᠠᠯᠠᠩ ᠤᠢ ᠱᠢᠭᠤᠢ᠎ᠶ᠋ᠢ ᠵᠡᠷᠭᠡ ᠪᠡᠷ ᠬᠦᠭ᠌ᠵᠢᠭᠦᠯᠦᠭ᠌ᠰᠡᠨ ᠲᠡᠷᠢᠭᠦᠨ᠎ᠦ ᠦᠢᠯᠡ ᠶᠠᠪᠤᠳᠠᠯ᠎ᠢ ᠰᠤᠷᠪᠤᠯᠵᠢᠯᠠᠨ ᠪᠢᠴᠢᠬᠦ᠌ ᠡᠭᠦᠷᠭᠡᠲᠠᠭᠠᠭᠠᠵᠤ᠂ ᠬᠤᠱᠢᠭᠤᠨ ᠲᠦᠪ ᠶᠡᠬᠡ ᠪᠠᠢᠱᠢᠩ᠎ᠠᠴᠠ ᠠᠶᠠᠨᠴᠢᠳ᠎ᠤᠨ ᠮᠠᠱᠢᠨ᠎ᠳᠤ ᠰᠠᠭᠤᠵᠤ ᠰᠤᠪᠤᠷᠭ᠎ᠠ ᠨᠢᠭᠡᠳᠦᠯ ᠲᠡᠭᠡᠷ᠎ᠡ ᠬᠦᠷᠦᠯ᠎ᠡ᠃ ᠨᠢᠭᠡᠳᠦᠯ᠎ᠤᠨ ᠰᠠᠭᠤᠭ᠎ᠠ ᠭᠠᠵᠠᠷ᠎ᠠᠴᠠ ᠷᠠᠱᠢᠶᠠᠨ ᠠᠢᠯ ᠪᠠᠷᠢᠭᠠᠳᠠ ᠬᠦᠷᠳᠡᠯ᠎ᠡ ᠵᠢᠷᠠ ᠲᠠᠯᠠᠨ ᠭᠠᠵᠠᠷ ᠵᠠᠢᠳᠠᠢ ᠶᠤᠮ ᠭᠡᠨ᠎ᠡ᠂ ᠲᠡᠢᠮᠦ᠍ ᠬᠤᠯᠠ ᠠᠯᠬᠤᠵᠤ ᠤᠴᠢᠬᠤ ᠠᠮᠠᠷ ᠦᠭᠡᠢ ᠭᠡᠵᠦ᠍ ᠪᠠᠬᠠᠨ ᠪᠡᠷᠬᠡᠱᠢᠶᠡᠵᠤ᠂ ᠲᠡᠷᠭᠡ ᠤᠨᠤᠭ᠎ᠠ ᠲᠠᠭᠠᠷᠠᠬᠤ ᠪᠤᠯᠪᠠ ᠤᠤ ᠭᠡᠵᠦ᠍ ᠭᠤᠷᠢᠳᠠᠵᠤ ᠪᠠᠢᠳᠠᠯ᠎ᠠ᠂ ᠨᠢᠭᠡᠳᠦᠯ᠎ᠤᠨ ᠨᠢᠭᠡ ᠺᠠᠳ᠋ᠷ ᠢᠷᠡᠭᠡᠳ᠄ 《ᠤᠯᠠᠭᠠᠨ ᠱᠤᠷᠤᠩ ᠪᠠᠷᠢᠭᠠᠳᠠ᠎ᠠᠴᠠ ᠲᠷᠠᠺᠲ᠋ᠤᠷ ᠢᠷᠡᠭᠡᠳ ᠦᠳᠡ᠎ᠶ᠋ᠢᠨ ᠬᠤᠢᠨ᠎ᠠ ᠪᠤᠴᠠᠬᠤ ᠭᠡᠵᠦ᠍ ᠪᠠᠢᠨ᠎ᠠ᠃ ᠲᠠ ᠬᠤᠶᠠᠭᠤᠯᠠ ᠰᠠᠭᠤᠭᠠᠳ ᠶᠠᠪᠤᠭᠠᠷᠠᠢ᠃ ᠲᠡᠨᠲᠡ ᠬᠦᠷᠴᠢᠬᠡᠪᠡᠯ ᠷᠠᠱᠢᠶᠠᠨ ᠠᠢᠯ ᠡᠴᠡ ᠤᠢᠷᠠᠬᠠᠨ ᠪᠤᠯᠴᠢᠬᠠᠨ᠎ᠠ》 ᠭᠡᠵᠦ᠍ ᠬᠡᠯᠡᠵᠦ᠍ ᠦᠭ᠌ᠪᠡ᠃ ᠦ᠂ ᠮᠠᠰᠢ ᠰᠠᠢᠨ ᠪᠤᠯᠤᠯ᠎ᠠ᠃ ᠲᠡᠷᠡ ᠦᠶᠡᠰ᠎ᠲᠦ ᠲᠷᠠᠺᠲ᠋ᠤᠷ ᠶᠤᠮ ᠤᠤ᠂ ᠮᠤᠷᠶ᠋ᠨ ᠲᠡᠷᠭᠡᠨ᠎ᠳᠦ ᠤᠯᠤᠭᠠᠳ ᠰᠠᠭᠤᠬᠤ ᠴᠢᠨᠢ ᠠᠮᠠᠷ ᠶᠤᠮ ᠤᠤ? ᠪᠢᠳᠡ ᠬᠤᠶᠠᠭᠤᠯᠠ ᠴᠢᠨᠢ ᠮᠠᠰᠢ ᠪᠠᠶᠠᠷᠯᠠᠵᠤ ᠲᠦᠭᠦᠷᠲᠡᠯ᠎ᠡ ᠶᠠᠭᠤᠮ᠎ᠠ ᠬᠡᠤᠮ᠎ᠠ ᠠᠴᠢᠶᠠᠯᠠᠬ᠍ᠰᠠᠨ ᠨᠦᠭᠦᠭᠡ ᠲᠷᠠᠺᠲ᠋ᠤᠷ᠎ᠤᠨ ᠠᠷᠤ᠎ᠶ᠋ᠢᠨ ᠴᠢᠷᠦᠭᠦᠯ᠎ᠳᠤᠨᠢ ᠭᠠᠷᠴᠤ᠌ ᠰᠠᠭᠤᠭᠠᠳ᠂ ᠦᠯᠦᠨ ᠲᠤᠭᠤᠰᠤ ᠮᠠᠨᠠᠷᠠᠭ᠍ᠰᠠᠨ ᠬᠦᠳᠡᠭᠡ ᠶ᠋ᠢᠨ ᠮᠤᠷᠤᠢ ᠰᠠᠷᠤᠢ ᠡᠩᠬᠦᠯ ᠲᠤᠩᠬᠤᠯ ᠵᠠᠮ ᠵᠢᠡᠷ ᠬᠤᠶᠠᠷ ᠴᠠᠭ ᠢᠯᠡᠬᠦᠦ ᠴᠤᠬ᠍ᠬᠢᠭᠤᠯᠵᠤ ᠨᠦᠳᠦᠭᠦᠯᠵᠦ᠍ ᠶᠠᠪᠤᠭᠠᠳ᠂ ᠲᠤᠭᠤᠰᠤ ᠱᠢᠷᠤᠢ᠎ᠳᠤ ᠲᠠᠷᠤᠬ᠍ᠳᠠᠬ᠍ᠰᠠᠨ ᠪᠢᠳᠡ ᠬᠤᠶᠠᠷ ᠲᠡᠱᠢᠩ ᠨᠠᠷᠠ ᠲᠠᠢ ᠤᠯᠠᠭᠠᠨ ᠱᠤᠷᠤᠩ ᠪᠠᠷᠢᠭᠠᠳᠠ᠎ᠳᠤ ᠬᠦᠷᠪᠡ᠃ 《ᠲᠤᠯᠤᠭ᠎ᠠ ᠨᠠᠢ᠍ᠮᠠᠨ ᠭᠠᠵᠠᠷ ᠵᠠᠮᠨᠠᠵᠤ ᠡᠮᠦᠨᠡᠳᠡᠢ ᠲᠠᠪᠠᠭ᠎ᠠ᠎ᠶ᠋ᠢ ᠭᠠᠷᠤᠬ᠍ᠰᠠᠭᠠᠷ ᠷᠠᠱᠢᠶᠠᠨ ᠠᠢᠯ ᠪᠠᠷᠢᠭᠠᠳᠠ ᠳᠤ ᠬᠦᠷᠴᠢᠬᠡᠨ᠎ᠡ》 ᠬᠡᠵᠤ ᠬᠦᠮᠦᠨ ᠬᠡᠯᠡᠵᠦ᠍ ᠦᠭ᠌ᠴᠦ ᠪᠠᠢᠨ᠎ᠠ᠃ ᠪᠢᠳᠡ ᠬᠤᠶᠠᠭᠤᠯᠠ ᠴᠠᠭ ᠭᠠᠷᠤᠢ ᠵᠠᠮᠨᠠᠵᠤ ᠲᠠᠪᠠᠭ᠎ᠠ᠎ᠠᠴᠠ ᠪᠠᠭᠤᠵᠤ ᠷᠠᠱᠢᠶᠠᠨ ᠠᠢᠯ ᠪᠠᠷᠢᠭᠠᠳᠠ ᠳᠤ ᠬᠦᠷᠬᠦ᠌᠎ᠳᠦ ᠤᠨᠠᠬᠤ ᠨᠠᠷᠠ ᠠᠭᠤᠯᠠᠨ ᠲᠤᠯᠤᠭᠠᠢ ᠱᠢᠬᠦᠷᠴᠤ᠌ ᠪᠠᠢᠯ᠎ᠠ᠃ ᠪᠠᠷᠢᠭᠠᠳᠠ᠎ᠶ᠋ᠢᠨ ᠠᠯᠪᠠᠨ ᠭᠡᠷ ᠲᠡᠭᠡᠷ᠎ᠡ ᠨᠢ ᠬᠦᠷᠪᠡᠯ ᠲᠡᠮᠤᠷ ᠴᠤᠤᠵᠢ᠎ᠶ᠋ᠢᠨ ᠰᠠᠬᠢᠭᠤᠯ ᠲᠠᠢ᠃ ᠬᠦᠮᠦᠨ᠎ᠡᠴᠡ ᠰᠤᠷᠠᠬᠤ ᠳᠤ᠂ ᠪᠠᠷᠢᠭᠠᠳᠠ᠎ᠶ᠋ᠢᠨ ᠨᠠᠮ᠎ᠤᠨ ᠡᠬᠦᠷᠦᠨ ᠱᠦᠵᠢ᠂ ᠪᠠᠷᠢᠭᠠᠳᠠ᠎ᠶ᠋ᠢᠨ ᠲᠠᠷᠤᠭ᠎ᠠ ᠨᠢ ᠴᠦᠮ ᠭᠠᠳᠠᠭ᠍ᠰᠢ ᠭᠠᠷᠤᠬ᠍ᠰᠠᠨ ᠶᠤᠮ ᠭᠡᠨ᠎ᠡ᠃ 《ᠱᠦᠵᠢ᠂ ᠲᠠᠷᠤᠭ᠎ᠠ ᠨᠢ ᠪᠠᠢᠬᠤ ᠦᠭᠡᠢ᠎ᠳᠦ᠂ ᠪᠠᠷᠢᠭᠠᠳᠠ᠎ᠶ᠋ᠢᠨ ᠤᠳᠤᠷᠢᠳᠭᠤ ᠪᠠᠭ᠎ᠤᠨ ᠭᠡᠱᠢᠭᠦᠳ ᠭᠡᠵᠦ᠍ ᠪᠠᠢᠯᠭᠦᠢ》 ᠭᠡᠳ ᠠᠰᠠᠭᠤᠪᠠᠯ᠂ 《ᠪᠠᠷᠢᠭᠠᠳᠠ᠎ᠶ᠋ᠢᠨ ᠰᠠᠩ ᠬᠠᠮᠢᠶᠠᠷᠤᠬ᠍ᠴᠢ ᠨᠢᠷᠪᠠ᠎ᠶ᠋ᠢᠨ ᠭᠡᠷ ᠲᠡᠨᠲᠡ ᠪᠤᠢ》 ᠭᠡᠵᠦ᠍ ᠵᠢᠭᠠᠵᠤ ᠦᠭ᠌ᠪᠡ᠃ ᠭᠡᠷ ᠲᠤᠨᠢ ᠬᠦᠷᠪᠡᠯ ᠲᠦᠴᠢᠭᠡᠳ ᠨᠠᠰᠤᠨ᠎ᠤ ᠬᠢᠵᠢᠶᠡᠯᠢ ᠬᠦᠮᠦᠨ ᠮᠠᠨ᠎ᠤ ᠦᠭᠡ᠎ᠶ᠋ᠢ ᠰᠤᠨᠤᠰᠴᠤ᠌ ᠪᠠᠷᠠᠯ ᠦᠭᠡᠢ ᠬᠠᠨᠵᠤᠨ᠎ᠠᠴᠠ ᠪᠠᠨ ᠪᠠᠭᠤᠮᠠᠬ᠍ᠴᠠ᠄ 《ᠬᠦᠢ᠂ ᠪᠢ ᠲᠡᠭᠦᠨ᠎ᠢ ᠬᠠᠮᠢᠶᠠᠷᠲᠠᠭ ᠬᠦᠮᠦᠨ ᠪᠢᠰᠢ᠃ ᠲᠠᠨᠤᠰ ᠬᠡᠨ᠎ᠢ ᠪᠠᠨ ᠡᠷᠢᠪᠡᠯ ᠡᠷᠢ!》 ᠭᠡᠴᠢᠬᠡᠭᠡᠳ ᠮᠠᠨᠢ ᠲᠡᠭ᠌ᠰᠢᠬᠡᠨ ᠬᠠᠷᠠᠵᠤ ᠴᠤ᠌ ᠦᠵᠡᠯ ᠦᠭᠡᠢ ᠬᠠᠨᠴᠤᠢ ᠰᠠᠵᠢᠨ ᠭᠠᠷᠤᠭᠠᠳ ᠶᠠᠪᠤᠴᠢᠬᠠᠯ᠎ᠠ᠃ ᠢᠷᠡᠭ᠌ᠰᠡᠨ ᠭᠡᠢᠴᠢᠨ ᠲᠠᠢ ᠮᠡᠨᠳᠦ ᠴᠤ᠌ ᠦᠭᠡᠢ ᠰᠠᠢᠨ ᠴᠤ᠌ ᠦᠭᠡᠢ ᠡᠢᠮᠦᠷᠬᠦᠦ ᠰᠤᠷᠲᠠᠯ ᠪᠤᠯᠪᠠᠰᠤᠷᠠᠯ ᠦᠭᠡᠢ ᠬᠦᠮᠦᠨ ᠪᠠᠰᠠ ᠪᠠᠢᠳᠠᠭ ᠶᠤᠮ ᠪᠠᠢᠨ᠎ᠠ᠃ ᠤᠷᠤᠬᠤ ᠭᠡᠷ ᠤᠭᠤᠴᠢᠬᠤ ᠠᠶᠠᠭ᠎ᠠ ᠦᠭᠡᠢ᠂ ᠤᠳᠤ ᠶᠠᠭᠠᠬᠢᠳᠠᠭ ᠪᠢᠯᠡ? ᠦᠲᠡᠰᠢ᠎ᠶ᠋ᠢᠨ ᠬᠦᠱᠢᠭᠡ ᠠᠯᠭᠤᠷᠬᠠᠨ ᠪᠠᠭᠤᠵᠤ ᠪᠠᠢᠯ᠎ᠠ᠃ ᠬᠡᠭᠡᠷ᠎ᠡ ᠬᠤᠨᠤᠬᠤ᠎ᠳᠠᠭᠠᠨ ᠬᠦᠷᠪᠡ ᠤᠤ? 《 ᠰᠠᠨᠳᠤᠷᠤᠬ᠍ᠰᠠᠨ ᠴᠠᠭ᠎ᠲᠤ ᠰᠠᠳᠤᠨ ᠵᠢᠠᠨ》 ᠭᠡᠭ᠌ᠴᠢ ᠪᠡᠷ ᠪᠢ ᠭᠡᠨᠡᠳᠳᠡ ᠡᠨᠡ ᠠᠢᠯ᠎ᠳᠤ ᠨᠢᠭᠡ ᠰᠠᠳᠤᠨ ᠪᠠᠢᠳᠠᠭ᠎ᠢ ᠰᠠᠨᠠᠵᠤ ᠤᠯᠤᠯ᠎ᠠ᠃ ᠮᠢᠨᠤ ᠡᠬᠡᠨᠡᠷ᠎ᠦᠨ ᠲᠦᠷᠬᠦᠮ᠎ᠦᠨ ᠨᠤᠲᠤᠭ ᠪᠤᠯ ᠮᠦᠨ ᠡᠨᠡ ᠰᠤᠪᠤᠷᠭ᠎ᠠ᠎ᠶ᠋ᠢᠨ ᠬᠤᠯᠪᠤᠭᠠᠯᠵᠢ᠎ᠶ᠋ᠢᠨ ᠠᠢᠯ᠎ᠤᠨ ᠬᠢ ᠶᠤᠮ᠃ ᠲᠡᠭᠦᠨ᠎ᠦ ᠶᠡᠬᠡ ᠠᠪᠠᠭ᠎ᠠ ᠡᠵᠢ ᠷᠢᠨᠴᠢᠨᠮᠠ ᠨᠠᠰᠤᠳᠠᠨ ᠶᠠᠭ ᠡᠨᠡ ᠷᠠᠱᠢᠶᠠᠨ ᠠᠢᠯ᠎ᠳᠦ ᠪᠠᠢᠳᠠᠭ᠂ ᠪᠠᠭ᠎ᠠ ᠬᠦᠦ ᠨᠢ ᠰᠠᠮᠪᠠᠯᠨᠤᠷᠪᠤ ᠭᠡᠵᠦ᠍ ᠪᠠᠭᠠᠷᠢᠨ ᠵᠡᠭᠦᠨ ᠬᠤᠱᠢᠭᠤᠨ᠎ᠤ ᠵᠡᠪᠰᠡᠭ᠌ᠲᠦ ᠬᠦᠴᠦᠨ᠎ᠦ ᠬᠡᠯᠲᠡᠰ᠎ᠲᠦ ᠰᠠᠯᠠᠭᠠᠨ ᠲᠠᠷᠤᠭ᠎ᠠ ᠪᠡᠷ ᠠᠵᠢᠯᠯᠠᠳᠠᠭ ᠭᠡᠨ᠎ᠡ ᠭᠡᠵᠦ᠍ ᠲᠡᠳᠡᠨᠤᠰ ᠰᠠᠳᠤᠨ ᠲᠦᠷᠦᠯ ᠬᠤᠭᠤᠷᠤᠨᠳᠤ ᠪᠠᠨ ᠬᠡᠯᠡᠭᠡᠳ ᠪᠠᠢᠬ᠍ᠰᠠᠨ᠎ᠢ ᠨᠢ ᠰᠠᠨᠠᠭᠠᠨ᠎ᠳᠤ ᠤᠷᠤᠪᠠ᠃ ᠠᠢᠯ᠎ᠤᠨ ᠬᠦᠮᠦᠨ᠎ᠡᠴᠡ ᠰᠤᠷᠠᠬᠤᠯᠠᠷ ᠶᠠᠭ ᠮᠦᠨ ᠭᠡᠬᠦ᠌ ᠪᠦᠭᠡᠳ ᠲᠡᠳᠡᠨᠡᠢᠬᠢᠨ ᠠᠢᠯ᠎ᠤᠨ ᠬᠠᠮᠤᠭ᠎ᠤᠨ ᠪᠠᠷᠠᠭᠤᠨ ᠬᠤᠢᠨ᠎ᠠ ᠵᠠᠬ᠎ᠠ᠎ᠳᠤ ᠰᠠᠭᠤᠲᠠᠭ ᠭᠡᠵᠦ᠍ ᠭᠡᠷ᠎ᠢ ᠨᠢ ᠵᠢᠭᠠᠵᠤ ᠦᠭ᠌ᠭᠦᠯ᠎ᠡ᠃ ᠠᠷᠭ᠎ᠠ ᠪᠠᠨ ᠪᠠᠷᠠᠵᠤ ᠠᠯᠠᠭ᠎ᠠ ᠪᠠᠨ ᠮᠠᠭᠠᠵᠢᠬᠤ᠎ᠳᠤ ᠬᠦᠷᠦᠭᠡᠳ 《ᠠᠪᠤᠷᠠᠭ᠍ᠴᠢ ᠤᠳᠤᠨ》 ᠵᠢᠠᠨ ᠬᠠᠢᠭᠠᠳ ᠬᠦᠷᠦᠯ᠎ᠡ᠃ ᠨᠠᠷᠠ ᠰᠠᠯᠬᠢᠨ᠎ᠳᠤ ᠴᠤᠬᠢᠭᠤᠯᠤᠬ᠍ᠰᠠᠨ ᠬᠦᠷᠡᠩ ᠪᠤᠷᠤ ᠴᠢᠷᠠᠢ ᠲᠠᠢ ᠮᠠᠷᠢᠶᠠᠯᠢᠭ ᠭᠡᠭ᠌ᠴᠢ᠎ᠶ᠋ᠢᠨ ᠪᠤᠭᠤᠷᠤᠯ ᠨᠠᠰᠤᠳᠠᠨ ᠡᠵᠢ ᠮᠠᠨᠢ ᠲᠤᠰ᠎ᠤᠨ ᠭᠠᠷᠴᠤ᠌ ᠢᠷᠡᠪᠡ᠃ ᠡᠨᠡ ᠬᠦᠮᠦᠨ ᠭᠠᠷᠴᠠᠭ᠎ᠠ ᠦᠭᠡᠢ ᠬᠠᠳᠠᠮ ᠠᠪᠠᠭ᠎ᠠ ᠡᠵᠢ ᠷᠢᠨᠴᠢᠨᠮᠠ ᠨᠠᠰᠤᠳᠠᠨ ᠪᠠᠢᠭ᠎ᠠ᠃ ᠪᠢᠳᠡ ᠮᠡᠨᠳᠦ ᠰᠠᠢᠬᠠᠨ ᠵᠢᠠᠨ ᠠᠰᠠᠭᠤᠯᠴᠠᠬ᠍ᠰᠠᠨ ᠬᠤᠢᠨ᠎ᠠ 《ᠪᠢ ᠪᠤᠯ ᠬᠡᠨ ᠬᠡᠨ᠎ᠦ ᠬᠦᠷᠭᠡᠨ》 ᠭᠡᠵᠦ᠍ ᠪᠡᠶ᠎ᠡ ᠭᠠᠷᠤᠯ ᠵᠢᠠᠨ ᠲᠠᠨᠢᠯᠴᠠᠭᠤᠯᠤᠭᠠᠳ᠂ 《ᠭᠠᠴᠢᠭ᠍ᠳᠠᠬᠤᠶ᠋ᠢᠨ ᠡᠷᠬᠡᠨ᠎ᠳᠦ ᠭᠠᠷ ᠬᠤᠭᠤᠰᠤᠨ ᠵᠢᠠᠷ ᠨᠠᠰᠤᠳᠠᠨ ᠲᠠᠨ᠎ᠢ ᠬᠠᠢᠭᠠᠳ ᠢᠷᠡᠯ᠎ᠡ》 ᠭᠡᠵᠦ᠍ ᠡᠪᠭᠦᠢᠷᠡᠨ ᠦᠨᠡᠨ ᠵᠢᠠᠨ ᠦᠴᠢᠪᠡ᠃ ᠲᠦᠷᠦᠯ ᠰᠠᠳᠤᠨ ᠪᠤᠯᠤᠨ᠎ᠠ ᠭᠡᠬᠦ᠌ ᠪᠡᠷ ᠬᠠᠱᠢᠯᠠ ᠠᠳᠠᠯᠢ ᠦᠭᠡᠢ᠂ ᠨᠠᠰᠤᠳᠠᠨ ᠮᠠᠰᠢ ᠬᠠᠯᠠᠭᠤᠮᠰᠤᠭ ᠵᠢᠠᠷ ᠮᠠᠨᠢ ᠲᠤᠲᠤᠭ᠍ᠰᠢ ᠤᠷᠢᠵᠤ᠄ 《ᠬᠦᠭᠡᠷᠦᠬᠦᠢ᠂ ᠭᠠᠳᠠᠬ᠍ᠰᠢ ᠶᠠᠪᠤᠬᠤ ᠬᠦᠮᠦᠨ ᠭᠡᠷ ᠵᠢᠠᠨ ᠡᠭᠦᠷᠦᠭᠡᠳ ᠶᠠᠪᠤᠳᠠᠭ ᠬᠦᠮᠦᠨ ᠬᠠᠮᠢᠭ᠎ᠠ ᠪᠠᠢᠬᠤ ᠪᠤᠢ᠃ ᠨᠡᠩ ᠬᠡᠯᠡᠬᠦ᠌᠎ᠳᠦ ᠬᠦᠷᠭᠡᠨ ᠬᠦᠮᠦᠨ ᠬᠦᠨᠳᠦᠳᠡᠢ ᠭᠡᠲᠡᠭ ᠶᠤᠮ ᠱᠢᠦ᠃ ᠬᠦᠷᠭᠡᠨ ᠢᠷᠡᠵᠦ᠍ ᠪᠠᠢᠬᠤ᠎ᠳᠤ ᠁》 ᠭᠡᠴᠢᠬᠡᠭ᠌ᠰᠡᠨ ᠱᠢᠨ᠎ᠡ ᠴᠠᠢ ᠴᠢᠨᠠᠵᠤ᠂ ᠱᠢᠷᠡᠭᠡᠨ᠎ᠳᠡᠭᠡᠨ ᠴᠠᠭᠠᠨ ᠢᠲᠡᠭᠡ᠂ ᠪᠤᠤᠪᠤ ᠪᠤᠭᠤᠷᠰᠤᠭ ᠲᠠᠯᠪᠢᠵᠤ ᠂ ᠱᠢᠷ᠎ᠠ ᠲᠤᠰᠤ ᠭᠦᠯᠲᠤᠬᠡᠨᠠᠭ᠌ᠰᠡᠨ ᠲᠤᠭᠤᠯ ᠲᠠᠩ ᠬᠢᠵᠦ᠍ ᠢᠲᠡᠭᠦᠯᠪᠡ᠃ ᠬᠤᠭᠤᠯᠠᠨ ᠤ ᠲᠠᠷᠠᠭ᠎ᠠ ᠠᠪᠠᠭ᠎ᠠ ᠡᠵᠢ ᠯᠤᠭᠡ ᠤᠢᠷ᠎ᠠ ᠲᠦᠷᠦᠯ᠂ ᠤᠷᠤᠭ ᠰᠠᠳᠤᠨ ᠤ ᠲᠤᠬᠠᠢ ᠪᠠᠬᠠᠨ ᠵᠤᠭᠤᠭ᠍ᠳᠠᠵᠤ ᠰᠠᠭᠤᠭᠠᠳ᠂ ᠬᠤᠯᠠ ᠵᠠᠮ ᠬᠦᠭᠡᠭᠡᠵᠦ᠍ ᠶᠠᠳᠠᠷᠠᠭ᠍ᠰᠠᠨ ᠴᠤᠢ᠎ᠵᠢ ᠪᠢᠳᠠ ᠬᠤᠶᠠᠷ ᠲᠡᠷᠡ ᠰᠦᠨᠢ ᠨᠢ ᠪᠦᠬᠡ ᠴᠤ᠌ ᠨᠤᠢᠷᠰᠤᠯᠠ᠃ ᠮᠠᠷᠭᠠᠰᠢ ᠦᠷᠯᠦᠭᠡ ᠨᠢ ᠠᠪᠠᠭ᠎ᠠ ᠡᠵᠢ ᠮᠢᠬ᠎ᠠ ᠬᠦᠰᠭᠦᠯᠡᠭ᠌ᠰᠡᠨ ᠠᠭ᠍ᠰᠢᠭᠤᠨ ᠲᠤᠲᠤᠷᠭ᠎ᠠ ᠪᠤᠳᠠᠭ᠎ᠠ ᠪᠠᠵᠠᠭᠠᠵᠤ ᠢᠲᠡᠭᠦᠯᠵᠡᠢ᠃ ᠲᠡᠷᠡ ᠦᠶᠡᠰ ᠲᠸ᠋ ᠬᠢᠷᠢ ᠪᠠᠷᠤᠭ᠎ᠤᠨ ᠠᠢᠯ ᠡᠢᠮᠦ᠍ ᠲᠠᠩᠰᠤᠭ ᠰᠠᠢᠬᠠᠨ ᠬᠤᠭᠤᠯᠠ ᠪᠡᠯᠡᠳᠬᠦ᠌ ᠨᠦᠬᠦᠴᠡᠯ ᠪᠠᠢᠬᠤ ᠦᠭᠡᠢ᠂ ᠦᠭ᠌ᠭᠢᠶᠡᠮᠦᠷᠴᠢ ᠨᠠᠰᠤᠳ᠋ᠠᠨ ᠮᠠᠨᠢ ᠴᠤᠬᠤᠮ ᠴᠤ᠌ ᠪᠠᠢᠳᠠᠭ ᠵᠢᠠᠨ ᠲᠡᠮᠲᠡᠷᠢᠵᠤ ᠠᠯᠢ ᠰᠠᠢᠨ ᠵᠢᠠᠨ ᠭᠠᠷᠭᠠᠵᠤ ᠮᠠᠨᠢ ᠲᠠᠢᠯᠠᠬ᠍ᠰᠠᠨ ᠪᠢᠯᠡ᠃ ᠭᠡᠪᠡᠴᠤ᠌ ᠬᠠᠷᠢᠭᠤ ᠳ᠋ᠤᠨᠢ ᠪᠢ ᠲᠠᠯ᠎ᠠ ᠪᠤᠤᠪᠤ᠎ᠶ᠋ᠢᠨ ᠴᠤ᠌ ᠠᠴᠢ ᠬᠠᠷᠢᠭᠤᠯᠤᠯᠳᠠ ᠦᠭ᠌ᠴᠦ ᠴᠢᠳᠠᠭ᠎ᠠ ᠦᠭᠡᠢ ᠨᠢ ᠬᠠᠷᠠᠮᠰᠠᠯᠳᠠᠢ᠃ ᠴᠤᠢ᠎ᠵᠢ ᠭᠤᠸᠠᠢ ᠪᠢᠳᠠ ᠬᠤᠶᠠᠷ ᠨᠠᠰᠤᠳᠠᠨ ᠡᠵᠢ᠎ᠳᠦ ᠴᠢᠩ ᠰᠡᠳᠭᠢᠯ᠎ᠡᠴᠡ ᠪᠠᠨ ᠲᠠᠯᠠᠷᠬᠠᠭᠠᠳ᠂ ᠲᠡᠨᠳᠠ᠎ᠠᠴᠠ ᠠᠶᠠᠷᠯᠠᠵᠤ ᠨᠢᠭᠡᠳᠦᠯ ᠵᠦᠭ ᠵᠢᠠᠨ ᠭᠠᠬᠠᠢ ᠶᠠᠪᠠᠭᠠᠨ ᠵᠢᠠᠷ ᠭᠠᠷᠤᠭᠠᠳ ᠬᠦᠳᠡᠯᠪᠡ᠃ ᠲᠠᠷᠤᠭ᠎ᠠ ᠲᠠᠭᠠᠭᠠᠮᠠᠯ ᠨᠢ ᠪᠠᠢᠬᠤ ᠦᠭᠡᠢ ᠶᠤᠮ ᠴᠢᠨᠢ ᠠᠷᠭ᠎ᠠ ᠦᠭᠡᠢ᠂ ᠮᠠᠨ᠎ᠤ ᠰᠤᠷᠪᠤᠯᠵᠢᠯᠠᠭ᠎ᠠ ᠲᠡᠭᠡᠵᠦ᠍ ᠬᠤᠭᠤᠰᠤᠳᠠᠪᠠ᠃ ᠴᠤᠢ᠎ᠵᠢ ᠭᠤᠸᠠᠢ ᠲᠡᠷᠡ ᠤᠳᠠᠭ᠎ᠠ ᠴᠤ᠋ ᠱᠢᠨ᠎ᠡ ᠠᠷᠠᠰᠤᠨ ᠭᠤᠳᠤᠯ ᠡᠮᠦᠰᠴᠤ᠌ ᠪᠠᠢᠬ᠍ᠰᠠᠨ ᠶᠤᠮ᠃ ᠬᠦᠳᠡᠭᠡ᠎ᠶ᠋ᠢᠨ ᠱᠢᠷ᠎ᠠ ᠵᠠᠮ ᠵᠢᠠᠷ ᠬᠠᠢᠷ ᠴᠢᠯᠠᠭᠤᠳᠤ ᠮᠦᠷᠭᠦᠭᠦᠯᠵᠦ᠍᠂ ᠬᠢᠷᠮᠠᠭ ᠴᠠᠰᠤᠨ᠎ᠳᠤ ᠨᠤᠷᠤᠭ᠍ᠲᠠᠭᠠᠳ ᠬᠠᠯᠳᠠᠷ ᠪᠤᠯᠳᠠᠷ ᠪᠤᠯᠤᠬ᠍ᠰᠠᠨ ᠠᠷᠠᠰᠤᠨ ᠭᠤᠳᠤᠯ ᠵᠢᠠᠨ ᠬᠠᠷᠠᠭᠠᠳ᠄ 《ᠡᠩ! ᠬᠠᠢᠷᠠᠨ ᠭᠤᠳᠤᠯᠢ ᠠᠯᠠᠭᠠᠳ ᠬᠠᠶᠠᠴᠢᠬᠠᠯ᠎ᠠ》 ᠭᠡᠵᠦ᠍ ᠴᠤᠢ᠎ᠵᠢ ᠭᠤᠸᠠᠢ ᠵᠠᠮ᠎ᠳᠠᠭᠠᠨ ᠬᠠᠷᠠᠮᠰᠠᠨ ᠬᠠᠷᠠᠮᠰᠠᠨ ᠬᠡᠯᠡᠵᠦ᠍ ᠪᠠᠢᠬ᠍ᠰᠠᠨ᠎ᠢ ᠨᠢ ᠰᠠᠨᠠᠵᠤ ᠪᠠᠢᠨ᠎ᠠ᠃ ᠲᠡᠷᠲᠡᠭᠡ ᠯᠢᠶᠤᠤ ᠤᠯᠤᠰ᠎ᠤᠨ ᠦᠶ᠎ᠡ᠎ᠶ᠋ᠢᠨ ᠴᠢᠩᠵᠸᠤ ᠵᠢᠨ ᠴᠠᠭᠠᠨ ᠰᠤᠪᠤᠷᠭ᠎ᠠ ᠭᠡᠵᠦ᠍ ᠭᠤᠴᠢ ᠲᠦᠴᠢᠨ ᠭᠠᠵᠠᠷ᠎ᠤᠨ ᠬᠤᠯᠠ᠎ᠠᠴᠠ ᠱᠤᠪᠬᠤ ᠤᠷᠤᠢ ᠨᠢ ᠬᠠᠷᠠᠭ᠍ᠳᠠᠬᠤ ᠪᠤᠯᠪᠠᠴᠤ᠌ ᠶᠠᠪᠤᠭᠠᠳ ᠶᠠᠪᠤᠭᠠᠳ ᠬᠦᠷᠲᠡᠭ ᠦᠭᠡᠢ᠂ 《ᠬᠤᠯᠠ᠎ᠶ᠋ᠢᠨ ᠵᠠᠮ᠎ᠳᠤ ᠬᠤᠶᠠᠷ ᠴᠢᠬᠢ ᠬᠦᠨᠳᠦ》 ᠭᠡᠭ᠌ᠴᠢ ᠪᠡᠷ᠂ ᠦᠷᠯᠦᠭᠡ᠎ᠶ᠋ᠢᠨ ᠨᠠᠢ᠍ᠮᠠ ᠶᠢᠰᠦᠨ ᠴᠠᠭ᠎ᠲᠤ ᠮᠤᠷᠳᠠᠵᠤ ᠭᠠᠷᠤᠬ᠍ᠰᠠᠨ ᠪᠢᠲᠠ ᠦᠳᠡ᠎ᠶ᠋ᠢᠨ ᠬᠤᠢᠨᠠᠬᠢ ᠬᠤᠶᠠᠷ᠂ ᠭᠤᠷᠪᠠᠨ ᠴᠠᠭ᠎ᠲᠤ ᠰᠠᠶᠢ ᠨᠢᠭᠡᠳᠦᠯ ᠲᠡᠭᠡᠷ᠎ᠡ ᠶᠡᠬᠡ ᠵᠦᠲᠡᠷᠡᠵᠦ᠍ ᠬᠦᠷᠦᠭ᠌ᠰᠡᠨ ᠪᠢᠯᠡ ᠁
ᠢᠩᠭᠢᠵᠦ᠍ ᠪᠢᠳᠠ ᠰᠤᠨᠢᠨ ᠮᠡᠳᠡᠭᠡᠨ᠎ᠦ ᠲᠤᠭᠤᠢᠯᠠᠩ᠎ᠳᠤ ᠬᠡᠳᠦᠨ ᠵᠢᠯ ᠬᠠᠮᠳᠤ ᠠᠵᠢᠯᠯᠠᠵᠤ᠂ ᠬᠦᠳᠡᠭᠡ ᠭᠠᠲᠠᠭ᠎ᠠ ᠰᠤᠷᠪᠤᠯᠵᠢᠯᠠᠨ ᠭᠦᠶᠦᠵᠦ᠍᠂ ᠬᠦᠢᠳᠡᠨ᠎ᠳᠦ ᠬᠦᠷᠦᠵᠦ᠍ ᠬᠠᠯᠠᠭᠤᠨ᠎ᠳᠤ ᠬᠠᠯᠠᠵᠤ ᠶᠠᠪᠤᠬ᠍ᠰᠠᠨ ᠶᠤᠮ᠃ 1974 ᠤᠨ᠎ᠳᠤ ᠪᠢ ᠠᠵᠢᠯ ᠱᠢᠯᠵᠢᠵᠤ ᠶᠠᠪᠤᠬ᠍ᠰᠠᠨᠤ ᠲᠠᠷᠠᠭ᠎ᠠ ᠤᠳᠠᠭ᠎ᠠ ᠦᠭᠡᠢ᠂ ᠬᠤᠱᠢᠭᠤᠨ ᠤ ᠰᠤᠨᠢᠨ ᠮᠡᠳᠡᠭᠡᠨ᠎ᠦ ᠲᠤᠭᠤᠢᠯᠠᠩ ᠲᠠᠷᠠᠵᠤ᠂ ᠴᠤᠢ᠎ᠵᠢ ᠭᠤᠸᠠᠢ ᠵᠤᠤ ᠤᠳᠠ᠎ᠶ᠋ᠢᠨ ᠷᠠᠳᠢᠤ᠋ ᠨᠡᠪᠲᠡᠷᠡᠭᠦᠯᠭᠡ᠎ᠶ᠋ᠢᠨ ᠬᠤᠷᠢᠶ᠎ᠠ᠎ᠶ᠋ᠢᠨ ᠪᠠᠭᠠᠷᠢᠨ ᠪᠠᠷᠠᠭᠤᠨ ᠬᠤᠱᠢᠭᠤᠨ᠎ᠳᠤ ᠰᠠᠭᠤᠭ᠎ᠠ ᠰᠤᠷᠪᠤᠯᠵᠢᠯᠠᠭ᠍ᠴᠢ ᠪᠤᠯᠤᠬ᠍ᠰᠠᠨ ᠪᠢᠯᠡ᠃
ᠮᠢᠨᠤ ᠰᠠᠭᠤᠬ᠍ᠳᠠᠯ᠎ᠳᠤ ᠴᠤᠢ᠎ᠵᠢ ᠭᠤᠸᠠᠢ ᠪᠤᠯ ᠨᠤᠮ ᠶᠡᠬᠡ ᠤᠩᠱᠢᠳᠠᠭ᠃ ᠬᠠᠶᠠ ᠯᠠ ᠬᠤᠱᠢᠭᠤᠨ᠎ᠤ ᠨᠤᠮ᠎ᠤᠨ ᠰᠠᠩ ᠠ᠋ᠴᠠ ᠵᠤᠵᠠᠭᠠᠨ ᠵᠤᠵᠠᠭᠠᠨ ᠨᠤᠮ ᠵᠢᠭᠡᠯᠡᠵᠦ᠍ ᠠᠪᠴᠢᠷᠠᠭᠠᠳ ᠦᠵᠡᠳᠡᠭ᠂ ᠭᠤᠤᠯᠳᠠᠭᠤ ᠲᠡᠦᠬᠡ᠎ᠶ᠋ᠢᠨ ᠬᠠᠮᠢᠶ᠎ᠠ ᠲᠠᠢ ᠰᠤᠳᠤᠷ ᠪᠢᠴᠢᠭ ᠨᠤᠭᠦᠳ᠂ ᠲᠡᠬᠦᠨ᠎ᠦ ᠲᠤᠲᠤᠷ᠎ᠠ 《ᠭᠠᠩᠭ᠎ᠠ ᠶ᠋ᠢᠨ ᠤᠷᠤᠰᠭᠠᠯ》᠂ ᠪᠠᠰᠠ 《ᠬᠠᠳᠤᠨ ᠦᠨᠳᠦᠰᠦ᠎ᠶ᠋ᠢᠨ ᠬᠤᠷᠢᠶᠠᠩᠭᠤᠢ ᠲᠤᠪᠴᠢ》 ᠭᠡᠵᠦ᠍ ᠬᠠᠭᠤᠴᠢᠨ ᠰᠤᠳᠤᠷ ᠮᠡᠳᠦ ᠬᠦᠬᠡ ᠬᠠᠪᠢᠰᠤᠳᠠᠢ ᠤᠷᠳᠤᠯᠵᠢᠨ ᠬᠡᠯᠪᠡᠷᠢ᠎ᠲᠠᠢ ᠨᠤᠮ ᠪᠠᠢᠬ᠍ᠰᠠᠨ᠃ ᠡᠷᠳᠡᠮ ᠨᠤᠮ ᠤᠨ ᠬᠦᠮᠦᠨ ᠭᠡᠭ᠌ᠴᠢ ᠬᠠᠱᠢᠯᠠ ᠠᠳᠠᠯᠢ ᠦᠭᠡᠢ᠃ ᠪᠢ ᠴᠤ᠌ ᠬᠠᠷᠢᠨ ᠡᠨᠡ ᠲᠤᠬᠠᠢ ᠤᠬᠠᠭᠠᠨ᠎ᠤ ᠰᠦᠪᠡ ᠴᠤ᠌ ᠨᠡᠬᠡᠭᠡᠭ᠌ᠲᠡᠭᠡ ᠦᠭᠡᠢ ᠤᠰᠤᠨ ᠲᠡᠨᠡᠭ ᠵᠢᠡᠷ ᠵᠢᠠᠨ ᠪᠠᠢᠵᠠᠢ᠂ ᠬᠡᠳᠦᠭᠦᠯᠡ ᠡᠨᠡ ᠲᠡᠷᠡ ᠶᠠᠷᠢᠵᠤ ᠬᠦᠭᠡᠷᠦᠯᠳᠦᠵᠦ᠍ ᠪᠠᠢᠬᠤ᠎ᠳᠤ ᠴᠤᠢ᠎ᠵᠢ ᠭᠤᠸᠠᠢ ᠮᠦᠨ ᠠᠵᠢᠭ ᠴᠤ᠌ ᠦᠭᠡᠢ ᠨᠤᠮ ᠵᠢᠠᠨ ᠱᠠᠭᠠᠢᠵᠤ ᠯᠠ ᠪᠠᠢᠳᠠᠭ᠃ ᠭᠠᠷᠠᠭ᠎ᠤᠨ ᠡᠳᠦᠷ᠂ ᠪᠠᠶᠠᠷ ᠲᠤᠷᠠᠰᠭᠠᠯ᠎ᠤᠨ ᠡᠳᠦᠷ ᠲᠸ᠋ ᠴᠤ᠌ ᠠᠯᠪᠠᠨ ᠭᠡᠷ ᠲᠡᠭᠡᠨ ᠢᠷᠡᠭᠡᠳ ᠨᠤᠮ ᠪᠢᠴᠢᠭ ᠲᠠᠢ ᠬᠠᠨᠢᠰᠠᠨ ᠰᠠᠭᠤᠳᠠᠭ᠃ ᠭᠡᠷ ᠵᠠᠭᠤᠷ᠎ᠠ ᠵᠢᠨ ᠵᠢᠠᠨ ᠠᠷᠰᠠᠷ ᠠᠵᠢᠯ᠎ᠳᠤ ᠲᠡᠮᠡᠢ ᠭᠠᠷ ᠤᠷᠤᠳᠠᠭ ᠦᠭᠡᠢ ᠪᠤᠯᠤᠯᠳᠠᠢ᠂ 《ᠲᠤᠰ᠎ᠤᠨ ᠯᠤᠩᠬᠤ ᠤᠩᠬᠤᠯᠢᠵᠤ ᠤᠨᠠᠬᠤ᠎ᠳᠤ ᠲᠦᠱᠢᠵᠤ ᠪᠤᠰᠭᠠᠳᠠᠭ ᠦᠭᠡᠢ》 ᠭᠡᠵᠦ᠍ ᠡᠬᠡᠨᠡᠷ ᠨᠢ ᠵᠠᠩᠨᠠᠵᠤ ᠪᠠᠢᠬ᠍ᠰᠠᠨ᠎ᠢ ᠨᠢᠭᠡ ᠪᠢᠰᠢ ᠤᠳᠠᠭ᠎ᠠ ᠰᠤᠨᠤᠰᠴᠤ᠌ ᠪᠠᠢᠬ᠍ᠰᠠᠨ᠃ ᠬᠤᠵᠢᠮ ᠨᠢ ᠪᠤᠳᠤᠵᠤ ᠦᠵᠡᠪᠡᠯ᠂ ᠴᠤᠢ᠎ᠵᠢ ᠭᠤᠸᠠᠢ ᠠᠯᠢ ᠬᠡᠳᠦᠢᠨᠡᠢ᠎ᠡᠴᠡ ᠠᠪᠤᠭᠠᠳ ᠲᠡᠦᠬᠡ᠎ᠶ᠋ᠢᠨ ᠰᠤᠳᠤᠯᠭᠠᠨ᠎ᠤ ᠲᠠᠯ᠎ᠠ ᠪᠠᠷ ᠠᠩᠬᠠᠷᠤᠯ ᠵᠢᠠᠨ ᠬᠠᠨᠳᠤᠭᠤᠯᠵᠤ᠂ ᠶᠡᠬᠡ ᠬᠡᠮᠵᠢᠶᠡᠨ᠎ᠦ ᠨᠤᠮ ᠰᠤᠳᠤᠷ ᠤᠩᠱᠢᠨ ᠲᠤᠭᠤᠯᠵᠤ᠂ ᠮᠡᠳᠡᠯᠭᠡ᠎ᠶ᠋ᠢᠨ ᠬᠤᠷᠠᠮᠳᠤᠯ ᠵᠢᠠᠨ ᠡᠬᠢᠯᠡᠬᠦᠯᠦᠭ᠌ᠰᠡᠨ ᠶᠤᠮ ᠪᠠᠢᠨ᠎ᠠ᠃ 《ᠠᠵᠠ ᠲᠤᠬᠢᠶᠠᠯ ᠪᠡᠯᠡᠳᠭᠡᠯ ᠲᠠᠢ ᠬᠦᠮᠦᠨ᠎ᠢ ᠲᠤᠯᠳᠤᠢᠳᠠᠳᠠᠭ》 ᠭᠡᠭ᠌ᠴᠢ ᠪᠡᠷ᠂ 1978 ᠤᠨ ᠳᠤ ᠴᠤᠢ᠎ᠵᠢ ᠭᠤᠸᠠᠢ ᠦᠪᠦᠷ ᠮᠤᠩᠭᠤᠯ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠲᠡᠦᠬᠡ᠎ᠶ᠋ᠢᠨ ᠰᠤᠳᠤᠯᠭᠠᠨ᠎ᠤ ᠭᠠᠵᠠᠷ ᠱᠢᠯᠵᠢᠨ ᠢᠷᠡᠵᠦ᠍᠂ ᠶᠤᠰᠤᠳᠠᠢ ᠦᠪᠡᠷ᠎ᠦᠨ ᠵᠢᠠᠨ ᠲᠤᠷ᠎ᠠ ᠰᠤᠨᠢᠷᠬᠠᠯ ᠲᠠᠢ ᠠᠵᠢᠯ ᠵᠢᠠᠨ ᠤᠯᠵᠤ ᠬᠢᠭ᠌ᠰᠡᠨ ᠡᠴᠡ 《 ᠲᠡᠭ᠌ᠷᠢ ᠦᠨᠲᠦᠷ ᠱᠢᠪᠠᠭᠤ ᠲᠠᠪᠠ ᠪᠠᠷ ᠵᠢᠠᠨ ᠨᠢᠰᠴᠤ᠌᠂ ᠭᠠᠵᠠᠷ ᠠᠭᠤᠳᠠᠮ ᠠᠭ᠍ᠲᠠ ᠲᠤᠷ᠎ᠠ ᠪᠡᠷ ᠵᠢᠠᠨ ᠲᠠᠪᠬᠢᠨ᠎ᠠ 》 ᠭᠡᠭ᠌ᠴᠢ ᠨᠢ ᠪᠤᠯᠪᠠ᠃ ᠲᠡᠷᠡ ᠪᠡᠷ ᠡᠷᠳᠡᠮ ᠮᠡᠳᠡᠯᠭᠡ ᠭᠦᠨ ᠪᠠᠶᠠᠯᠢᠭ᠂ ᠰᠠᠭᠤᠷᠢ ᠮᠡᠳᠡᠯᠭᠡ ᠪᠠᠳᠤ ᠪᠡᠬᠢ᠂ ᠮᠤᠩᠭᠤᠯ᠂ ᠬᠢᠲᠠᠳ᠂ ᠮᠠᠨᠵᠤ᠂ ᠲᠦᠪᠡᠳ ᠵᠡᠷᠭᠡ ᠤᠯᠠᠨ ᠬᠡᠯᠡ ᠲᠠᠢ ᠪᠦᠭᠡᠳ ᠤᠷᠤᠰ᠂ ᠠᠩᠭᠯᠢ᠂ ᠶᠠᠫᠤᠨ ᠬᠡᠯᠡ᠎ᠶ᠋ᠢ ᠴᠤ᠌ ᠡᠵᠡᠮᠱᠢᠭ᠌ᠰᠡᠨ ᠲᠠᠪᠠᠭᠤᠯᠢᠭ ᠵᠢᠠᠨ ᠪᠠᠳᠠᠷᠠᠭᠤᠯᠵᠤ᠂ ᠦᠪᠦᠷ ᠮᠤᠩᠭᠤᠯ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠲᠡᠦᠬᠡ᠎ᠶ᠋ᠢᠨ ᠰᠤᠳᠤᠯᠭᠠᠨ᠎ᠤ ᠭᠠᠵᠠᠷ ᠠᠵᠢᠯᠯᠠᠬ᠍ᠰᠠᠨ 40 ᠭᠠᠷᠤᠢ ᠵᠢᠯ᠎ᠦᠨ ᠲᠤᠷᠰᠢ᠂ ᠮᠤᠩᠭᠤᠯ ᠲᠡᠦᠬᠡ᠎ᠶ᠋ᠢᠨ ᠰᠤᠷᠪᠤᠯᠵᠢ ᠪᠢᠴᠢᠭ ᠬᠠᠷᠭᠤᠭᠤᠯᠤᠨ ᠲᠠᠢᠯᠪᠤᠷᠢᠯᠠᠬ᠍ᠰᠠᠨ᠂ ᠬᠠᠷᠭᠤᠭᠤᠯᠤᠨ ᠬᠢᠨᠠᠬ᠍ᠰᠠᠨ᠂ ᠤᠮᠠᠷᠠᠳᠤ ᠶ᠋ᠢᠨ ᠦᠨᠳᠦᠰᠦᠲᠡᠨ᠎ᠦ ᠲᠡᠦᠬᠡ᠂ ᠮᠤᠩᠭᠤᠯ ᠦᠨᠳᠦᠰᠦᠲᠡᠨ᠎ᠦ ᠲᠡᠦᠬᠡ᠂ ᠮᠤᠩᠭᠤᠯ ᠲᠡᠦᠬᠡᠨ ᠰᠤᠳᠤᠷ ᠪᠢᠴᠢᠭ᠂ ᠢᠯᠠᠩᠭᠤᠶ᠎ᠠ ᠮᠤᠩᠭᠤᠯ ᠪᠤᠷᠬᠠᠨ ᠱᠠᠱᠢᠨ᠎ᠤ ᠲᠡᠦᠬᠡ᠎ᠶ᠋ᠢᠨ ᠰᠤᠳᠤᠯᠭᠠᠨ᠎ᠤ ᠲᠠᠯ᠎ᠠ ᠪᠡᠷ ᠪᠦᠲᠦᠭᠡᠯ᠂ ᠡᠷᠳᠡᠮ ᠱᠢᠨᠵᠢᠯᠡᠭᠡᠨ᠎ᠦ ᠦᠬᠦᠯᠡᠯ᠂ ᠤᠷᠴᠢᠭᠤᠯᠭ᠎ᠠ᠂ ᠤᠳᠤᠷᠢᠳᠭᠠᠯ ᠪᠠ ᠱᠢᠬᠦᠮᠵᠢ ᠦᠭᠦᠯᠡᠯ ᠨᠤᠭᠦᠳ᠎ᠢ ᠮᠠᠰᠢ ᠤᠯᠠᠨ ᠨᠠᠢᠷᠠᠭᠤᠯᠤᠨ ᠵᠤᠬᠢᠶᠠᠵᠤ᠂ ᠬᠡᠪᠯᠡᠬᠦᠯᠦᠨ ᠨᠡᠢᠲᠡᠯᠡᠵᠦ᠍᠂ ᠲᠡᠷᠭᠡ ᠪᠡᠷ ᠲᠡᠭᠡᠭᠡᠮᠡ ᠲᠡᠮᠡᠭᠡ ᠪᠡᠷ ᠠᠴᠢᠮᠠ ᠵᠤᠬᠢᠶᠠᠯ ᠪᠦᠲᠦᠭᠡᠯ ᠵᠢᠠᠷ ᠵᠢᠠᠨ ᠱᠠᠭ᠍ᠰᠢᠬ᠍ᠳᠠᠵᠤ ᠶᠠᠪᠤᠬ᠍ᠰᠠᠨ᠃
ᠰᠤᠷᠪᠤᠯᠵᠢ ᠪᠢᠴᠢᠭ᠎ᠦᠨ ᠰᠤᠳᠤᠯᠭᠠᠨ᠎ᠤ ᠲᠠᠯ᠎ᠠ ᠪᠠᠷ ᠬᠢ ᠭᠤᠤᠯ ᠪᠦᠲᠦᠭᠡᠯ᠎ᠢ ᠨᠢ ᠴᠤᠬᠤᠰ ᠲᠤᠷᠠᠳᠪᠠᠯ᠄ 《〈ᠭᠠᠩᠭ᠎ᠠ ᠶ᠋ᠢᠨ ᠤᠷᠤᠰᠭᠠᠯ〉 ᠬᠠᠷᠭᠤᠭᠤᠯᠤᠨ ᠲᠠᠢᠯᠪᠤᠷᠢᠯᠠᠪᠠ》᠂《〈 ᠠᠯᠳᠠᠨ ᠲᠤᠪᠴᠢ〉 ᠬᠠᠷᠭᠤᠭᠤᠯᠤᠨ ᠲᠠᠢᠯᠪᠤᠷᠢᠯᠠᠪᠠ》᠂ 《〈ᠠᠯᠳᠠᠨ ᠬᠦᠷᠳᠤ ᠮᠢᠩᠭᠠᠨ ᠬᠡᠭᠡᠰᠤ᠎ᠳᠤ〉 ᠬᠠᠷᠭᠤᠭᠤᠯᠤᠨ ᠲᠠᠢᠯᠪᠤᠷᠢᠯᠠᠪᠠ》᠂ 《〈 ᠠᠯᠳᠠᠨ ᠡᠷᠢᠬᠡ〉 ᠬᠠᠷᠭᠤᠭᠤᠯᠤᠨ ᠲᠠᠢᠯᠪᠤᠷᠢᠯᠠᠪᠠ》 ᠵᠡᠷᠭᠡ ᠪᠤᠢ᠃ ᠮᠤᠩᠭᠤᠯ ᠪᠤᠷᠬᠠᠨ ᠱᠠᠱᠢᠨ᠎ᠤ ᠲᠡᠦᠬᠡ᠎ᠶ᠋ᠢᠨ ᠲᠠᠯ᠎ᠠ ᠪᠡᠷ ᠬᠢ ᠵᠤᠬᠢᠶᠠᠯ ᠪᠦᠲᠦᠭᠡᠯ ᠨᠢ ᠭᠡᠪᠡᠯ᠄ 《ᠮᠤᠩᠭᠤᠯ ᠪᠤᠷᠬᠠᠨ ᠱᠠᠱᠢᠨ᠎ᠤ ᠲᠡᠦᠬᠡ — ᠶᠡᠬᠡ ᠮᠤᠩᠭᠤᠯ᠎ᠤᠨ ᠦᠶ᠎ᠡ (1206 —1271)》᠂ 《ᠮᠤᠩᠭᠤᠯ ᠪᠤᠷᠬᠠᠨ ᠱᠠᠱᠢᠨ᠎ᠤ ᠲᠡᠦᠬᠡ — ᠶᠤᠸᠠᠨ ᠤᠯᠤᠰ᠎ᠤᠨ ᠦᠶ᠎ᠡ (1271—1368)》᠂ 《ᠮᠤᠩᠭᠤᠯ ᠪᠤᠷᠬᠠᠨ ᠱᠠᠱᠢᠨ᠎ᠤ ᠲᠡᠦᠬᠡ — ᠤᠮᠠᠷᠠᠳᠤ ᠶᠤᠸᠠᠨ ᠤ ᠦᠶ᠎ᠡ (1368 —1634)》᠂ 《ᠦᠪᠦᠷ ᠮᠤᠩᠭᠤᠯ᠎ᠳᠠᠬᠢ ᠲᠦᠪᠡᠳ ᠤᠯᠠᠮᠵᠢᠯᠠᠯ ᠲᠠᠢ ᠰᠦᠮ᠎ᠡ ᠬᠡᠢᠳ》᠂ 《ᠮᠤᠩᠭᠤᠯ ᠦᠨᠳᠦᠰᠦᠲᠡᠨ᠎ᠦ ᠪᠦᠷᠢᠨ ᠲᠡᠦᠬᠡ》(ᠱᠠᠱᠢᠨ᠎ᠤ ᠪᠤᠳᠢ)᠂ 《ᠮᠤᠩᠭᠤᠯ ᠦᠨᠳᠦᠰᠦᠲᠡᠨ᠎ᠦ ᠪᠦᠷᠢᠨ ᠲᠡᠦᠬᠡ》 (ᠰᠤᠷᠪᠤᠯᠵᠢ ᠪᠢᠴᠢᠭ᠎ᠦᠨ ᠪᠤᠳᠢ) ᠵᠡᠷᠭᠡ ᠪᠤᠢ᠃ ᠮᠤᠩᠭᠤᠯ᠎ᠤᠨ ᠲᠡᠦᠬᠡ᠂ ᠤᠮᠠᠷᠠᠳᠤ᠎ᠶ᠋ᠢᠨ ᠦᠨᠲᠦᠰᠦᠲᠡᠨᠦ ᠲᠡᠦᠬᠡ᠎ᠶ᠋ᠢᠨ ᠲᠤᠬᠠᠢ ᠪᠦᠲᠦᠭᠡᠯ ᠭᠡᠪᠡᠯ《ᠡᠷᠲᠡᠨ᠎ᠦ ᠤᠮᠠᠷᠠᠳᠤ ᠠᠽᠢᠶ᠎ᠠ᠎ᠶ᠋ᠢᠨ ᠨᠡᠬᠦᠲᠡᠯᠴᠢ ᠦᠨᠲᠦᠰᠦᠲᠡᠨ — ᠦᠭᠡ ᠬᠡᠯᠡ ᠦᠰᠦᠭ ᠪᠢᠴᠢᠭ᠂ ᠰᠤᠷᠪᠤᠯᠵᠢ ᠪᠢᠴᠢᠭ᠂ ᠱᠠᠱᠢᠨ ᠰᠤᠷᠳᠠᠬᠤᠨ》᠂ 《ᠫᠠᠭ᠍ᠪᠠ ᠯᠠᠮᠠ᠎ᠶ᠋ᠢᠨ ᠨᠠᠮᠳᠠᠷ 》᠂ 《ᠮᠤᠩᠭᠤᠯ ᠲᠡᠦᠬᠡ᠎ᠶ᠋ᠢᠨ ᠰᠤᠷᠪᠤᠯᠵᠢ ᠪᠢᠴᠢᠭ᠎ᠦᠨ ᠲᠤᠢᠮᠤᠴᠢᠯᠠᠯ》᠂ 《ᠦᠪᠦᠷ ᠮᠤᠩᠭᠤᠯ᠎ᠤᠨ ᠡᠷᠲᠡᠨ᠎ᠦ ᠬᠤᠳᠠ ᠨᠤᠭᠤᠳ》 ᠵᠡᠷᠭᠡ ᠪᠤᠢ᠃ ᠪᠤᠰᠤᠳ ᠯᠤᠭ᠎ᠠ ᠬᠠᠮᠳᠤᠷᠠᠨ ᠬᠤᠷᠱᠢᠬ᠍ᠰᠠᠨ ᠪᠦᠲᠦᠭᠡᠯ ᠭᠡᠪᠡᠯ 《ᠦᠪᠦᠷ ᠮᠤᠩᠭᠤᠯ᠎ᠤᠨ ᠰᠦᠮ᠎ᠡ ᠬᠡᠢᠳ》᠂《ᠲᠦᠪᠡᠳ᠎ᠡᠴᠡ ᠤᠯᠠᠮᠵᠢᠯᠠᠬ᠍ᠰᠠᠨ ᠪᠤᠷᠬᠠᠨ ᠱᠠᠱᠢᠨ ᠮᠤᠩᠭᠤᠯ ᠤᠷᠤᠨ᠎ᠳᠤ ᠲᠠᠷᠬᠠᠨ ᠲᠡᠯᠭᠡᠷᠡᠭ᠌ᠰᠡᠨ ᠲᠤᠬᠠᠢ ᠰᠤᠳᠤᠯᠭ᠎ᠠ》᠂ 《ᠲᠦᠮᠡᠳ᠎ᠦᠨ ᠲᠡᠦᠬᠡ》 ᠵᠡᠷᠭᠡ ᠪᠤᠢ᠃ ᠡᠭᠦᠨ᠎ᠡᠴᠡ ᠭᠠᠲᠠᠨ᠎ᠠ ᠴᠤᠢ᠎ᠵᠢ ᠭᠤᠸᠠᠢ ᠪᠠᠰᠠ ᠤᠯᠤᠰ᠎ᠤᠨ ᠲᠤᠲᠤᠭᠠᠳᠤ ᠭᠠᠳᠠᠭᠠᠲᠤ᠎ᠶ᠋ᠢᠨ ᠰᠡᠳᠭᠦᠯ ᠲᠡᠭᠡᠷ᠎ᠡ 《ᠭᠦᠮᠪᠦᠵᠠᠪ ᠬᠢᠭᠡᠳ 〈ᠭᠠᠩᠭ᠎ᠠ ᠶ᠋ᠢᠨ ᠤᠷᠤᠰᠭᠠᠯ〉》᠂ 《〈ᠠᠯᠳᠠᠨ ᠬᠦᠷᠳᠤ ᠮᠢᠩᠭᠠᠨ ᠬᠡᠭᠡᠰᠤ᠎ᠳᠤ〉 ᠵᠢᠴᠢ ᠲᠡᠬᠦᠨ᠎ᠦ ᠲᠡᠦᠬᠡ᠎ᠶ᠋ᠢᠨ ᠦᠨ᠎ᠡ ᠦᠷᠲᠡᠭ》᠂ 《ᠷᠠᠱᠢᠫᠤᠩᠰᠤᠭᠤᠨ ᠨᠢᠭᠡ ᠨᠠᠰᠤᠨ᠎ᠤ ᠲᠤᠬᠠᠢ ᠬᠡᠳᠦᠨ ᠠᠰᠠᠭᠤᠳᠠᠯ》᠂ 《ᠱᠢᠷᠡᠭᠡ᠎ᠲᠤ ᠭᠦᠤᠱ᠌ᠢ ᠴᠤᠷᠵᠢ᠎ᠶ᠋ᠢᠨ ᠨᠢᠭᠡ ᠨᠠᠰᠤᠨ᠎ᠤ ᠲᠤᠬᠠᠢ ᠨᠦᠬᠦᠪᠦᠷᠢ ᠲᠤᠭᠠᠴᠢᠯᠳᠠ》᠂ 《ᠮᠤᠩᠭᠤᠯ ᠲᠦᠪᠡᠳ ᠮᠠᠨᠵᠤ᠎ᠶ᠋ᠢᠨ ᠱᠠᠱᠢᠨ᠎ᠤ ᠬᠠᠷᠢᠴᠠᠭ᠎ᠠ᠎ᠶ᠋ᠢᠨ ᠲᠤᠬᠠᠢ ᠴᠢᠬᠤᠯᠠ ᠰᠤᠷᠪᠤᠯᠵᠢ ᠪᠢᠴᠢᠭ》᠂ 《ᠪᠠᠭᠠᠷᠢᠨ ᠠᠢᠮᠠᠭ᠎ᠤᠨ ᠡᠭᠦᠰᠦᠯ ᠰᠤᠷᠪᠤᠯᠵᠢ ᠵᠢᠴᠢ ᠪᠠᠭᠠᠷᠢᠨ ᠮᠤᠩᠭᠤᠯᠴᠤᠳ᠎ᠤᠨ ᠤᠪᠤᠭ》 ᠭᠡᠬᠦ ᠵᠡᠷᠭᠡ 60 ᠭᠠᠷᠤᠢ ᠡᠷᠳᠡᠮ ᠱᠢᠨᠵᠢᠯᠡᠭᠡᠨ᠎ᠦ ᠲᠤᠷᠪᠢᠯᠢᠭ ᠦᠭᠦᠯᠡᠯ ᠲᠤᠭᠤᠷᠪᠢᠨ ᠨᠡᠢᠲᠡᠯᠡᠭᠦᠯᠵᠡᠢ᠃
ᠲᠡᠭᠡᠷ᠎ᠡ ᠵᠠᠭᠤᠨ᠎ᠤ ᠨᠠᠶᠠᠭᠠᠳ ᠤᠨ ᠤ ᠰᠡᠭᠦᠯᠴᠢ ᠪᠡᠷ ᠪᠢ ᠬᠦᠬᠡᠬᠤᠳᠠ᠎ᠳᠤ ᠨᠡᠭᠦᠵᠦ᠍ ᠢᠷᠡᠭ᠌ᠰᠡᠨ ᠬᠤᠢᠨ᠎ᠠ᠂ ᠪᠠᠶᠠᠷ ᠲᠤᠷᠠᠰᠭᠠᠯ᠎ᠤᠨ ᠡᠳᠦᠷ ᠪᠤᠶᠤ ᠵᠢᠯ ᠴᠠᠭᠠᠨ ᠰᠠᠷ᠎ᠠ᠎ᠳᠠᠭᠠᠨ ᠴᠤᠢ᠎ᠵᠢ ᠭᠤᠸᠠᠢ᠎ᠶ᠋ᠢᠨ ᠴᠢᠯᠦᠭᠡ ᠵᠠᠪᠢ ᠨᠢ ᠦᠵᠡᠵᠦ᠍ ᠲᠡᠬᠦᠨ ᠲᠠᠢ ᠵᠤᠯᠭᠠᠬᠤ ᠪᠡᠷ ᠤᠴᠢᠳᠠᠭ᠂ ᠲᠡᠷᠡ ᠭᠤᠸᠠᠢ ᠮᠦᠨ ᠯᠠ ᠬᠠᠭᠤᠴᠢᠨ ᠵᠤᠷᠱᠢᠯ᠂ ᠤᠯᠠᠩᠬᠢ᠎ᠳᠠᠭᠠᠨ ᠠᠯᠪᠠᠨ ᠭᠡᠷ ᠲᠡᠬᠡᠨ ᠨᠤᠮ ᠪᠢᠴᠢᠭ ᠲᠠᠢ ᠪᠠᠨ ᠨᠤᠤᠷᠠᠯᠳᠤᠭᠠᠳ ᠯᠠ ᠰᠠᠭᠤᠵᠤ ᠪᠠᠢᠳᠠᠭ᠃ ᠬᠠᠶᠠ ᠬᠤᠶᠠᠭᠤᠯᠠ ᠪᠠᠰᠠ ᠨᠡᠢᠭᠡᠮ᠎ᠦᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠲᠠᠢ ᠡᠰᠡᠷᠭᠦᠯᠡᠭ᠌ᠰᠡᠨ ᠪᠢᠴᠢᠬᠠᠨ ᠭᠤᠸᠠᠨᠵᠠᠨ᠎ᠳᠤ ᠤᠷᠤᠵᠤ᠂ ᠴᠠᠢ ᠤᠤᠭᠤᠨ ᠬᠡᠳᠦᠨ ᠬᠤᠨᠳᠠᠭ᠎ᠠ ᠱᠢᠮᠡᠵᠦ᠍ ᠵᠤᠭᠤᠭ ᠪᠠᠷᠢᠵᠤ ᠰᠠᠭᠤᠬᠤ᠎ᠳᠤ ᠲᠡᠷᠡ ᠮᠠᠨᠢ ᠭᠠᠳᠠᠷ ᠭᠦᠷᠦᠨ ᠨᠤᠭᠦᠳ ᠵᠢᠡᠷ ᠤᠴᠢᠭᠠᠳ ᠦᠵᠡᠵᠦ᠍ ᠰᠤᠨᠤᠰᠤᠭ᠍ᠰᠠᠨ ᠰᠤᠨᠢᠷᠬᠠᠯᠳᠠᠢ ᠶᠠᠪᠤᠳᠠᠯ ᠵᠢᠠᠨ ᠵᠤᠭᠤᠭ ᠪᠤᠯᠭᠠᠨ ᠶᠠᠷᠢᠳᠠᠭ᠃ ᠴᠤᠢ᠎ᠵᠢ ᠭᠤᠸᠠᠢ ᠦᠪᠡᠷ᠎ᠦᠨ ᠪᠦᠲᠦᠭᠡᠯ ᠡᠴᠡ ᠪᠠᠨ ᠨᠠᠳᠠ᠎ᠳᠤ ᠬᠡᠳᠦ ᠬᠡᠳᠦᠨ ᠨᠤᠮ ᠪᠡᠯᠡᠭ᠌ᠯᠡᠭ᠌ᠰᠡᠨ ᠶᠤᠮ᠂ ᠲᠡᠷᠡ ᠨᠢ ᠤᠳᠤ ᠴᠤ᠌ ᠮᠢᠨᠤ ᠪᠢᠴᠢᠭ᠎ᠦᠨ ᠬᠤᠷᠭᠤᠨ᠎ᠳᠤ ᠲᠠᠯᠪᠢᠭᠠᠰᠤᠳᠠᠢ᠃ ᠰᠡᠭᠦᠯ᠎ᠦᠨ ᠵᠢᠯ᠎ᠦᠳ᠎ᠲᠤ ᠪᠢ 《ᠴᠢᠩᠭᠢᠰ᠎ᠦᠨ ᠪᠢᠯᠢᠭ ᠰᠤᠷᠭᠠᠯ》᠂ 《ᠴᠢᠩᠭᠢᠰ ᠬᠠᠭᠠᠨ ᠬᠢᠭᠡᠳ ᠮᠤᠩᠭᠤᠯ ᠰᠤᠶᠤᠯ》᠂ 《ᠲᠡᠭ᠌ᠷᠢᠯᠢᠭ ᠤᠬ᠍ᠰᠠᠭᠠᠳᠠᠨᠤ ᠬᠠᠭᠠᠨᠳᠤ ᠲᠦᠷᠦ᠍》 ᠭᠡᠬᠦ᠌ ᠬᠡᠳᠦᠨ ᠨᠤᠮ᠎ᠢ ᠤᠷᠴᠢᠭᠤᠯᠬᠤ ᠲᠤᠮᠳᠠ ᠪᠠᠨ ᠮᠡᠲᠡᠬᠦ᠌ ᠦᠭᠡᠢ ᠴᠢᠳᠠᠬᠤ ᠦᠭᠡᠢ ᠨᠡᠷ᠎ᠡ ᠲᠤᠮᠢᠶ᠎ᠠ ᠬᠠᠷᠭᠤᠪᠠᠯ ᠱᠢᠭᠤᠳ ᠯᠡ ᠴᠤᠢ᠎ᠵᠢ ᠭᠤᠸᠠᠢ᠎ᠠᠴᠠ ᠠᠰᠠᠭᠤᠵᠤ ᠵᠢᠭᠠᠯᠭᠠᠨ᠎ᠠ᠃ ᠵᠠᠷᠢᠮ᠎ᠳᠠᠭᠠᠨ ᠤᠳᠠᠰᠤ ᠪᠠᠷ ᠶᠠᠷᠢᠨ᠎ᠠ᠂ ᠵᠠᠷᠢᠮ᠎ᠳᠠᠭᠠᠨ ᠨᠤᠮ ᠵᠢᠠᠨ ᠪᠠᠷᠢᠭᠠᠳ ᠠᠯᠪᠠᠨ ᠭᠡᠷ ᠲᠤᠨᠢ ᠲᠠᠯᠪᠢᠭᠠᠳ ᠬᠦᠷᠦᠨ᠎ᠡ᠃ ᠴᠤᠢ᠎ᠵᠢ ᠭᠤᠸᠠᠢ ᠬᠡᠴᠢᠨᠠᠨ ᠶᠠᠭᠠᠷᠠᠯᠳᠠᠢ ᠪᠠᠢᠬ᠍ᠰᠠᠨ ᠴᠤ᠌ ᠭᠠᠷ ᠳᠡᠬᠢ ᠠᠵᠢᠯ ᠵᠢᠠᠨ ᠬᠠᠶᠠᠭᠠᠳ ᠡᠨᠡ ᠲᠡᠷᠡ ᠪᠢᠴᠢᠭ ᠤᠷᠪᠠᠭᠤᠯᠵᠤ ᠬᠠᠢᠵᠤ ᠦᠭ᠌ᠭᠦᠨ᠎ᠡ᠂ ᠲᠠᠢᠯᠪᠤᠷᠢᠯᠠᠵᠤ ᠦᠭ᠌ᠭᠦᠨ᠎ᠡ᠂ ᠲᠡᠭᠡᠭᠡᠳ ᠪᠠᠰᠠ ᠺᠠᠷᠲ ᠲᠡᠭᠡᠷ᠎ᠡ ᠨᠠᠷᠢᠨ ᠨᠢᠮᠪᠠᠢ ᠪᠢᠴᠢᠭᠡᠳ ᠦᠭ᠌ᠳᠡᠭ᠃ 《ᠰᠤᠷᠭᠠᠬᠤᠢ ᠳ᠋ᠤ ᠬᠠᠯᠠᠱᠢᠷᠠᠬᠤ ᠦᠭᠡᠢ ᠪᠠᠭ᠍ᠰᠢ ᠬᠦᠮᠦᠨ᠎ᠦ ᠵᠤᠷᠢᠬ ᠰᠠᠨᠠᠭ᠎ᠠ》 ᠭᠡᠵᠦ᠍ ᠡᠢᠮᠦ᠍ ᠯᠡ ᠪᠠᠢᠬ᠎ᠠ᠃ ᠴᠤᠢ᠎ᠵᠢ ᠭᠤᠸᠠᠢ᠎ᠶ᠋ᠢᠨ ᠪᠢᠴᠢᠵᠤ ᠦᠭ᠌ᠭᠦᠭ᠌ᠰᠡᠨ ᠺᠠᠷᠲ ᠢ ᠪᠢ ᠮᠦᠨ ᠡᠷᠬᠢᠮᠨᠡᠨ ᠬᠠᠳᠠᠭᠠᠯᠠᠬ᠍ᠰᠠᠭᠠᠷ᠃
《ᠨᠤᠮ ᠤᠨ ᠤᠳᠭ᠎ᠠ ᠠᠨ᠎ᠤ ᠲᠡᠭ᠌ᠷᠢ ᠮᠡᠳᠦ ᠠᠭᠤᠤ᠂ ᠲᠡᠯᠡᠬᠡᠢ ᠮᠡᠳᠦ ᠠᠭᠤᠳᠠᠮ᠂ ᠲᠠᠯᠠᠢ ᠮᠠᠳᠤ ᠭᠦᠨ᠃ ᠨᠤᠮ ᠤᠩᠱᠢᠬᠤ ᠠᠨ᠎ᠤ ᠲᠡᠭ᠌ᠷᠢ ᠳᠦ ᠨᠢᠰᠴᠤ᠌᠂ ᠲᠡᠯᠡᠬᠡᠢ᠎ᠶ᠋ᠢ ᠲᠤᠭᠤᠷᠢᠬᠤ᠂ ᠲᠠᠯᠠᠢ᠎ᠳᠤ ᠬᠦᠪᠬᠦ᠌ ᠮᠡᠳᠤ》 ᠭᠡᠵᠦ᠍ ᠡᠷᠲᠡᠮᠲᠡᠨ ᠴ·ᠲᠠᠮᠳᠢᠨᠰᠦ᠋ᠷᠦᠩ ᠬᠡᠯᠡᠭ᠌ᠰᠡᠨᠴᠢᠯᠡᠨ᠂ ᠴᠤᠢ᠎ᠵᠢ ᠭᠤᠸᠠᠢ ᠬᠡᠳᠦᠨ ᠠᠷᠪᠠᠨ ᠵᠢᠯ ᠨᠤᠮ᠎ᠤᠨ ᠲᠠᠯᠠᠢ᠎ᠳᠤ ᠱᠤᠩᠪᠠᠨ᠂ ᠡᠷᠳᠡᠮ᠎ᠤᠨ ᠠᠭᠤᠯᠠᠨ᠎ᠳᠤ ᠮᠠᠴᠤᠵᠤ᠂ ᠰᠤᠷᠤᠯᠭ᠎ᠠ ᠰᠤᠳᠤᠯᠭ᠎ᠠ᠎ᠳᠤ ᠱᠢᠭ᠌ᠳᠡᠷᠡᠵᠦ᠍᠂ ᠱᠢᠨᠳᠠᠷᠠᠰᠢ ᠦᠭᠡᠢ ᠬᠠᠳᠠᠭᠤ ᠵᠤᠷᠢᠭ᠂ ᠤᠢᠭ᠎ᠠ ᠦᠭᠡᠢ ᠬᠠᠳᠠᠨ ᠴᠢᠷᠮᠠᠢᠯᠭ᠎ᠠ ᠪᠡᠷ ᠵᠢᠠᠨ ᠤᠯᠤᠰ᠎ᠤᠨ ᠲᠤᠳᠤᠭᠠᠳᠤ ᠭᠠᠳᠠᠭᠠᠳᠤ᠎ᠳᠤ ᠠᠯᠳᠠᠷᠱᠢᠬ᠍ᠰᠠᠨ ᠮᠤᠩᠭᠤᠯ ᠲᠡᠦᠬᠡ᠎ᠶ᠋ᠢᠨ ᠰᠤᠷᠪᠤᠯᠵᠢ ᠪᠢᠴᠢᠭ ᠪᠠ ᠪᠤᠷᠬᠠᠨ ᠱᠠᠱᠢᠨ᠎ᠤ ᠰᠤᠳᠤᠯᠭᠠᠨ᠎ᠤ ᠡᠷᠳᠡᠮᠲᠡᠨ ᠪᠤᠯᠤᠬ᠍ᠰᠠᠨ ᠶᠤᠮ᠃ ᠲᠡᠷᠡ ᠪᠡᠷ ᠤᠯᠤᠰ᠎ᠤᠨ ᠲᠡᠰ᠎ᠦᠨ᠂ ᠮᠤᠵᠢ ᠶᠠᠮᠤᠨ᠎ᠤ ᠲᠡᠰ᠎ᠦᠨ ᠡᠷᠳᠡᠮ ᠱᠢᠨᠵᠢᠯᠡᠭᠡᠨ᠎ᠦ ᠰᠡᠳᠦᠪ᠎ᠢ ᠤᠯᠠᠨᠳᠠ ᠲᠠᠭᠠᠭᠠᠴᠢᠯᠠᠨ ᠪᠡᠶᠡᠯᠡᠭᠦᠯᠵᠦ᠍᠂ ᠭᠸᠷᠮᠠᠨ᠂ ᠢᠲ᠋ᠠᠯᠢ᠂ ᠤᠷᠤᠰ᠂ ᠮᠤᠩᠭᠤᠯ ᠤᠯᠤᠰ᠂ ᠶᠠᠫᠤᠨ ᠵᠡᠷᠭᠡ ᠤᠯᠤᠰ᠎ᠤᠳ ᠵᠢᠡᠷ ᠡᠷᠳᠡᠮ ᠱᠢᠨᠵᠢᠯᠡᠭᠡᠨ ᠦ ᠠᠢᠯᠴᠢᠯᠠᠯᠳᠠ ᠬᠢᠭ᠌ᠰᠡᠨ᠂ ᠬᠢᠴᠢᠶᠡᠯ ᠲᠠᠢᠯᠤᠨ ᠬᠢᠭ᠌ᠰᠡᠨ ᠪᠡ ᠭᠸᠷᠮᠠᠨ ᠤᠯᠤᠰ᠎ᠤᠨ DFG ᠨᠡᠷᠡᠮᠵᠢᠳᠤ ᠰᠤᠷᠤᠯᠭ᠎ᠠ᠎ᠶ᠋ᠢᠨ ᠬᠦᠬᠢᠭᠦᠯᠤᠯ ᠮᠦᠩᠭᠦ᠌ ᠶ᠋ᠢ ᠬᠤᠶᠠᠷ ᠤᠳᠠᠭ᠎ᠠ ᠲᠤᠰᠤᠭ᠍ᠰᠠᠨ ᠪᠠᠢᠨ᠎ᠠ᠃ ᠴᠤᠢ᠎ᠵᠢ ᠭᠤᠸᠠᠢ ᠠᠮᠢᠳᠤ ᠰᠡᠷᠡᠭᠦᠨ ᠪᠠᠢᠬᠤᠳ᠋ᠠᠭᠠᠠ ᠦᠪᠦᠷ ᠮᠤᠩᠭᠤᠯ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ ᠤᠨ ᠡᠷᠳᠡᠮ ᠱᠢᠨᠵᠢᠯᠡᠭᠡᠨ᠎ᠦ ᠺᠤᠮᠢᠰ᠎ᠤᠨ ᠳᠡᠳ᠋ ᠡᠷᠬᠢᠯᠡᠭ᠌ᠴᠢ᠂ ᠤᠯᠤᠰ᠎ᠤᠨ ᠰᠤᠷᠭᠠᠨ ᠬᠦᠮᠦᠵᠢᠯ᠎ᠦᠨ ᠺᠤᠮᠢᠰ᠎ᠤᠨ ᠵᠠᠭᠤᠨ ᠭᠤᠤᠯᠳᠠᠯᠭ᠎ᠠ᠎ᠳᠤ ᠰᠤᠳᠤᠯᠭᠠᠨ᠎ᠤ ᠰᠠᠭᠤᠷᠢᠨ ᠦᠪᠦᠷ ᠮᠤᠩᠭᠤᠯ᠎ᠤᠨ ᠶᠡᠬᠡ ᠰᠤᠷᠭᠠᠭᠤᠯᠢ᠎ᠶ᠋ᠢᠨ ᠮᠤᠩᠭᠤᠯ ᠰᠤᠳᠤᠯᠤᠯ ᠤᠨ ᠲᠦᠪ᠎ᠤᠨ ᠡᠷᠳᠡᠮ ᠱᠢᠨᠵᠢᠯᠡᠭᠡᠨ᠎ᠦ ᠺᠤᠮᠢᠰ᠎ᠤᠨ ᠭᠡᠱᠢᠭᠦᠨ᠂ ᠤᠯᠤᠰ᠎ᠤᠨ ᠰᠤᠷᠭᠠᠨ ᠬᠦᠮᠦᠵᠢᠯ᠎ᠦᠨ ᠺᠤᠮᠢᠰ᠎ᠤᠨ ᠦᠨᠳᠦᠰᠦᠲᠡᠨ᠎ᠦ ᠡᠷᠲᠡᠨ᠎ᠦ ᠰᠤᠷᠪᠤᠯᠵᠢ ᠪᠢᠴᠢᠭ᠎ᠦᠨ ᠰᠤᠳᠤᠯᠭᠠᠨ᠎ᠤ ᠲᠦᠪ᠎ᠤᠨ ᠡᠷᠳᠡᠮ ᠱᠢᠨᠵᠢᠯᠡᠭᠡᠨ᠎ᠦ ᠺᠤᠮᠢᠰ᠎ᠤᠨ ᠭᠡᠱᠢᠭᠦᠨ᠂ ᠲᠤᠮᠳᠠᠳᠤ ᠤᠯᠤᠰ᠎ᠤᠨ ᠮᠤᠩᠭᠤᠯ ᠲᠡᠦᠬᠡ᠎ᠶ᠋ᠢᠨ ᠰᠤᠳᠤᠯᠭᠠᠨ᠎ᠤ ᠨᠡᠢᠭᠡᠮᠯᠢᠭ᠎ᠦᠨ ᠳᠡᠳ᠋ ᠲᠠᠷᠤᠭ᠎ᠠ᠂ ᠤᠯᠠᠨ ᠤᠯᠤᠰ᠎ᠤᠨ ᠠᠯᠳᠠᠢ᠎ᠶ᠋ᠢᠨ ᠰᠤᠳᠤᠯᠭᠠᠨ᠎ᠤ ᠨᠡᠢᠭᠡᠮᠯᠢᠭ᠎ᠦᠨ ᠭᠡᠱᠢᠬᠦᠨ ᠪᠠ ᠤᠯᠠᠨ ᠤᠯᠤᠰ᠎ᠤᠨ ᠮᠤᠩᠭᠤᠯ ᠰᠤᠳᠤᠯᠤᠯ᠎ᠤᠨ ᠡᠷᠳᠡᠮᠳᠡᠳ᠎ᠦᠨ ᠬᠤᠯᠪᠤᠭᠠᠳᠤ ᠬᠤᠷᠠᠯ᠎ᠤᠨ ᠭᠡᠱᠢᠭᠦᠨ ᠵᠡᠷᠭᠡ ᠨᠡᠢᠭᠡᠮ᠎ᠦᠨ ᠲᠤᠱᠢᠶᠠᠯ᠎ᠳᠤ ᠭᠢᠯᠠᠷᠠᠭᠤᠯᠵᠤ ᠶᠠᠪᠤᠯ᠎ᠠ᠃
ᠪᠠᠭᠠᠷᠢᠨ᠎ᠤ ᠰᠤᠳᠤᠨ ᠬᠦᠪᠡᠭᠦᠨ᠂ ᠮᠤᠩᠭᠤᠯ ᠦᠨᠲᠦᠰᠦᠲᠡᠨᠦ ᠠᠯᠲᠠᠷᠳᠤ ᠡᠷᠲᠡᠮᠲᠡᠨ ᠴᠤᠢ᠎ᠵᠢ ᠭᠤᠸᠠᠢ 2022 ᠤᠨ᠎ᠤ 8 ᠰᠠᠷ᠎ᠠ᠎ᠶ᠋ᠢᠨ 17 ᠤ᠋ ᠡᠳᠦᠷ ᠬᠦᠬᠡᠬᠤᠳᠠᠨ᠎ᠠ ᠶᠢᠷᠲᠢᠨᠴᠤ᠎ᠶ᠋ᠢᠨ ᠮᠦᠩᠬᠡ ᠪᠤᠰᠤ᠎ᠶ᠋ᠢ ᠦᠵᠡᠬᠦᠯᠪᠡ᠂ ᠨᠠᠰᠤᠨ ᠰᠡᠭᠦᠲᠡᠷ 81᠃ ᠤᠯᠠᠨ ᠵᠢᠯ ᠦᠨ ᠲᠤᠷᠰᠢ᠂ ᠪᠢ ᠲᠡᠬᠦᠨ᠎ᠦ ᠦᠭᠡ ᠶᠠᠷᠢᠶ᠎ᠠ᠂ ᠦᠢᠯᠡ ᠠᠵᠢᠯᠯᠠᠭ᠎ᠠ᠂ ᠵᠤᠬᠢᠶᠠᠯ ᠪᠦᠲᠦᠭᠡᠯ᠎ᠡᠴᠡ ᠨᠢ ᠤᠯᠠᠨ ᠶᠠᠭᠤᠮ᠎ᠠ ᠰᠤᠷᠴᠤ᠌ ᠮᠡᠳᠡᠭ᠌ᠰᠡᠨ ᠰᠠᠨ᠃ ᠱᠢᠳᠤᠨᠤ ᠴᠠᠭᠠᠨ᠎ᠠᠴᠠ ᠦᠰᠦᠨ᠎ᠦ ᠪᠤᠭᠤᠷᠤᠯ ᠪᠤᠯᠳᠠᠯ᠎ᠠ ᠡᠨᠡ ᠬᠦ᠌ ᠡᠷᠳᠡᠮ ᠨᠤᠮ ᠤᠨ ᠶᠡᠬᠡ ᠬᠦᠮᠦᠨ ᠯᠤᠭᠡ ᠲᠠᠨᠢᠯᠴᠠᠵᠤ ᠮᠡᠳᠡᠯᠴᠡᠵᠦ᠍ ᠶᠠᠪᠤᠬ᠍ᠰᠠᠨ ᠨᠢ ᠮᠢᠨᠤ ᠡᠨᠡ ᠨᠠᠰᠤᠨ᠎ᠤ ᠤᠯᠵᠠᠭᠤᠷᠬᠠᠯ ᠭᠡᠵᠦ᠍ ᠪᠢ ᠪᠤᠳᠤᠳᠠᠭ᠃ ᠴᠤᠢ᠎ᠵᠢ ᠭᠤᠸᠠᠢ ᠨᠠᠰᠤ ᠪᠠᠷᠠᠬ᠍ᠰᠠᠨ ᠭᠠᠱᠢᠭᠤᠳᠠᠯᠳᠤ ᠴᠢᠮᠡᠭᠡ᠎ᠶ᠋ᠢ ᠤᠯᠵᠤ ᠰᠤᠨᠤᠰᠤᠭᠠᠳ ᠪᠢ ᠮᠠᠰᠢ ᠡᠮᠭᠡᠨᠢᠨ ᠵᠤᠪᠠᠬ᠍ᠰᠠᠨ᠃ ᠭᠡᠪᠡᠴᠦ᠍ ᠴᠤᠪᠤᠵᠤ ᠲᠦᠷᠦᠨ ᠰᠤᠪᠤᠷᠠᠵᠤ ᠮᠤᠷᠢᠯᠠᠳᠠᠭ ᠶᠢᠷᠲᠢᠨᠴᠦ᠍᠎ᠶ᠋ᠢᠨ ᠬᠠᠳᠠᠭᠤ ᠵᠢᠮ᠎ᠡ ᠶᠤᠮ ᠬᠤᠢᠨ᠎ᠠ ᠶᠠᠭᠠᠬᠢᠶ᠎ᠠ ᠭᠡᠬᠦ᠌ ᠪᠤᠢ! ᠲᠡᠷᠡ ᠦᠶᠡᠰ ᠲᠸ᠋ ᠶᠠᠭ ᠨᠦᠭᠦᠭᠡ ᠬᠢᠵᠢᠭ᠎ᠦᠨ ᠬᠦᠯ ᠬᠤᠷᠢᠭ᠎ᠠ᠎ᠲᠠᠢ ᠠᠬ᠍ᠰᠠᠨ ᠴᠠᠭ᠂ ᠪᠢ ᠤᠴᠢᠵᠤ ᠬᠠᠮᠤᠭ᠎ᠤᠨ ᠰᠡᠭᠦᠯ᠎ᠦᠨ ᠰᠠᠯᠬᠤ ᠶᠤᠰᠤ᠎ᠶ᠋ᠢ ᠴᠤ᠌ ᠭᠦᠢᠴᠡᠳᠭᠡᠵᠤ ᠴᠢᠳᠠᠭ᠎ᠠ ᠦᠭᠡᠢ᠂ ᠨᠠᠰᠤᠨ᠎ᠤ ᠬᠠᠷᠠᠮᠰᠠᠯ ᠪᠤᠯᠪᠠ᠃ ᠦᠨᠦᠳᠦᠷ ᠪᠢ ᠡᠨᠡ ᠬᠦ᠌ ᠪᠡᠰᠡᠷᠡᠭ ᠵᠤᠬᠢᠶᠠᠯ ᠵᠢᠡᠷ ᠵᠢᠠᠨ ᠲᠠᠮᠵᠢᠭᠤᠯᠵᠤ ᠴᠤᠢ᠎ᠵᠢ ᠭᠤᠸᠠᠢ ᠪᠠᠨ ᠬᠦᠨᠳᠦᠳᠭᠡᠨ ᠪᠢᠱᠢᠷᠡᠬᠦ᠂ ᠭᠠᠱᠢᠭᠤᠳᠠᠨ ᠲᠤᠷᠠᠳᠭᠠᠬᠤ ᠰᠡᠳᠭᠢᠯᠭᠡ ᠪᠠᠨ ᠢᠯᠡᠳᠭᠡᠵᠦ᠍ ᠪᠠᠢᠨᠠᠮ᠃