ᠰᠢ ᠵᠢᠨ ᠫᠢᠩ ᠪᠣᠯᠤᠨ ᠰᠦᠷᠢᠨᠠᠮ᠎ᠤᠨ ᠶᠡᠷᠦᠩᠬᠡᠢᠯᠡᠭ᠌ᠴᠢ ᠱᠢᠮᠸᠩᠰ ᠳᠤᠮᠳᠠᠳᠤ ᠰᠦᠷᠢᠨᠠᠮ᠎ᠤᠨ ᠭᠠᠳᠠᠭᠠᠳᠤ ᠬᠠᠷᠢᠯᠴᠠᠭ᠎ᠠ ᠪᠠᠢᠭᠤᠯᠤᠭ᠍ᠰᠠᠨ 50 ᠵᠢᠯ᠎ᠦᠨ ᠤᠢ᠎ᠳᠤ ᠵᠣᠷᠢᠭᠤᠯᠤᠨ ᠬᠠᠷᠢᠯᠴᠠᠨ ᠪᠠᠶᠠᠷ᠎ᠤᠨ ᠴᠠᠬᠢᠯᠭᠠᠨ ᠴᠢᠮᠡᠭᠡ ᠶᠠᠪᠤᠭᠤᠯᠪᠠ
2026-05-29 10:07:38
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

5 ᠰᠠᠷ᠎ᠠ᠎ᠶ᠋ᠢᠨ 28 ᠎ᠤ᠋ ᠡᠳᠦᠷ᠂ ᠤᠯᠤᠰ᠎ᠤᠨ ᠲᠡᠷᠢᠭᠦᠯᠡᠭ᠌ᠴᠢ ᠰᠢ ᠵᠢᠨ ᠫᠢᠩ ᠪᠣᠯᠤᠨ ᠰᠦᠷᠢᠨᠠᠮ᠎ᠤᠨ ᠶᠡᠷᠦᠩᠬᠡᠢᠯᠡᠭ᠌ᠴᠢ ᠱᠢᠮᠸᠩᠰ ᠬᠠᠷᠢᠯᠴᠠᠨ ᠪᠠᠶᠠᠷ᠎ᠤᠨ ᠴᠠᠬᠢᠯᠭᠠᠨ ᠴᠢᠮᠡᠭᠡ ᠶᠠᠪᠤᠭᠤᠯᠵᠤ᠂ ᠬᠣᠶᠠᠷ ᠤᠯᠤᠰ᠎ᠤᠨ ᠭᠠᠳᠠᠭᠠᠳᠤ ᠬᠠᠷᠢᠯᠴᠠᠭ᠎ᠠ ᠪᠠᠢᠭᠤᠯᠤᠭ᠍ᠰᠠᠨ 50 ᠵᠢᠯ᠎ᠦᠨ ᠤᠢ᠎ᠶ᠋ᠢ ᠪᠡᠯᠭᠡᠯᠡᠪᠡ᠃

ᠰᠢ ᠵᠢᠨ ᠫᠢᠩ᠂ ᠳᠤᠮᠳᠠᠳᠤ ᠰᠦᠷᠢᠨᠠᠮ᠎ᠤᠨ ᠨᠥᠬᠥᠷᠯᠡᠯ ᠥᠨᠢ ᠤᠳᠠᠭᠠᠨ ᠤᠯᠠᠮᠵᠢᠯᠠᠯ ᠲᠠᠢ ᠪᠠᠢᠵᠤ᠂  ᠶᠠᠪᠤᠬᠤ ᠳᠤᠳᠤᠮ ᠪᠠᠳᠤᠵᠢᠪᠠ᠃ ᠬᠠᠭᠠᠰ ᠵᠠᠭᠤᠨ᠎ᠤ ᠲᠤᠷᠰᠢ᠂ ᠬᠣᠶᠠᠷ ᠲᠠᠯ᠎ᠠ᠎ᠪᠠᠷ᠎ᠢᠶᠠᠨ ᠢᠮᠠᠭ᠍ᠲᠠ ᠬᠠᠷᠢᠯᠴᠠᠨ ᠬᠦᠨᠳᠦᠳᠭᠡᠵᠦ᠍᠂ ᠡᠷᠬᠡ ᠲᠡᠭ᠌ᠰᠢ ᠬᠠᠨᠳᠤᠯᠴᠠᠵᠤ᠂ ᠲᠤᠰ ᠲᠤᠰ᠎ᠤᠨ ᠭᠣᠣᠯᠯᠠᠭ᠍ᠴᠢ ᠠᠱᠢᠭ ᠲᠤᠰᠠ ᠪᠣᠯᠤᠨ ᠠᠩᠬᠠᠷᠴᠤ᠌ ᠪᠠᠢᠭ᠎ᠠ ᠴᠢᠬᠤᠯᠠ ᠶᠡᠬᠡ ᠠᠰᠠᠭᠤᠳᠠᠯ᠎ᠤᠨ ᠲᠠᠯ᠎ᠠ᠎ᠪᠠᠷ ᠬᠠᠷᠢᠯᠴᠠᠨ ᠡᠷᠡᠰ ᠲᠡᠮᠵᠢᠯᠴᠡᠵᠥ᠍᠂ ᠬᠠᠷᠢᠯᠴᠠᠨ ᠠᠱᠢᠭ᠍ᠲᠠᠢ ᠬᠠᠮᠲᠤᠷᠠᠯᠴᠠᠭ᠎ᠠ᠎ᠪᠠᠨ ᠦᠷᠭᠦᠯᠵᠢᠯᠡᠨ ᠭᠦᠨᠵᠡᠭᠡᠢᠷᠡᠭᠦᠯᠵᠦ᠍᠂ ᠬᠣᠶᠠᠷ ᠤᠯᠤᠰ᠎ᠤᠨ ᠠᠷᠠᠳ ᠲᠦᠮᠡᠨ᠎ᠳᠦ ᠦᠨᠡᠨ ᠪᠣᠳᠠᠲᠠᠢ ᠠᠵᠠ ᠵᠢᠷᠭᠠᠯ ᠬᠦᠷᠲᠡᠭᠡᠪᠡ᠃ ᠪᠢ ᠳᠤᠮᠳᠠᠳᠤ ᠰᠦᠷᠢᠨᠠᠮ᠎ᠤᠨ ᠬᠠᠷᠢᠯᠴᠠᠭ᠎ᠠ᠎ᠶ᠋ᠢᠨ ᠬᠥᠭ᠌ᠵᠢᠯᠲᠡ᠎ᠶ᠋ᠢ ᠳᠡᠭᠡᠳᠦ ᠬᠡᠮᠵᠢᠶ᠎ᠡ᠎ᠪᠡᠷ ᠴᠢᠬᠤᠯᠠᠴᠢᠯᠠᠵᠤ᠂ ᠳᠤᠷᠠᠲᠠᠶ᠎ᠠ ᠶᠡᠷᠦᠩᠬᠡᠢᠯᠡᠭ᠌ᠴᠢ ᠱᠢᠮᠸᠩᠰ ᠲᠠᠢ ᠬᠠᠮᠲᠤ᠎ᠪᠠᠷ ᠴᠢᠷᠮᠠᠢᠵᠤ᠂ ᠬᠣᠶᠠᠷ ᠤᠯᠤᠰ᠎ᠤᠨ ᠭᠠᠳᠠᠭᠠᠳᠤ ᠬᠠᠷᠢᠯᠴᠠᠭ᠎ᠠ ᠪᠠᠢᠭᠤᠯᠤᠭ᠍ᠰᠠᠨ 50 ᠵᠢᠯ᠎ᠦᠨ ᠤᠢ᠎ᠪᠠᠷ ᠱᠢᠨ᠎ᠡ ᠭᠠᠷᠤᠭ᠎ᠠ ᠪᠣᠯᠭᠠᠵᠤ᠂ ᠪᠠᠢᠯᠳᠤᠬᠤ ᠪᠤᠳᠤᠯᠭ᠎ᠠ᠎ᠶ᠋ᠢᠨ ᠢᠲᠡᠭᠡᠯᠴᠡᠭᠡ᠎ᠪᠡᠨ ᠨᠡᠮᠡᠭ᠌ᠳᠡᠭᠦᠯᠵᠦ᠍᠂ ᠤᠯᠠᠮᠵᠢᠯᠠᠯᠲᠤ ᠨᠥᠬᠥᠷᠯᠡᠯ᠎ᠢᠶᠡᠨ ᠦᠷᠭᠦᠯᠵᠢᠯᠡᠭᠦᠯᠵᠦ᠍᠂ ᠡᠯ᠎ᠡ ᠬᠦᠷᠢᠶᠡᠨ᠎ᠦ ᠪᠣᠳᠠᠲᠠᠢ᠎ᠶ᠋ᠢ ᠡᠷᠬᠢᠮᠯᠡᠭ᠌ᠰᠡᠨ ᠬᠠᠮᠲᠤᠷᠠᠯᠴᠠᠭ᠎ᠠ ᠨᠡᠩ ᠤᠯᠠᠨ ᠦᠷ᠎ᠡ ᠪᠦᠲᠦᠭᠡᠯ ᠤᠯᠬᠤ᠎ᠶ᠋ᠢ ᠠᠬᠢᠭᠤᠯᠵᠤ᠂ ᠳᠤᠮᠳᠠᠳᠤ ᠰᠦᠷᠢᠨᠠᠮ᠎ᠤᠨ ᠪᠠᠢᠯᠳᠤᠬᠤ ᠪᠤᠳᠤᠯᠭ᠎ᠠ᠎ᠶ᠋ᠢᠨ ᠬᠠᠮᠲᠤᠷᠠᠯᠴᠠᠭᠠᠨ᠎ᠤ ᠬᠠᠨᠢᠲᠠᠨ᠎ᠤ ᠬᠠᠷᠢᠯᠴᠠᠭ᠎ᠠ᠎ᠶ᠋ᠢᠨ ᠱᠢᠨ᠎ᠡ ᠬᠠᠭᠤᠳᠠᠰᠤ᠎ᠶ᠋ᠢ ᠬᠠᠮᠲᠤ᠎ᠪᠠᠷ ᠪᠢᠴᠢᠭ᠌ᠯᠡᠨ᠎ᠡ ᠭᠡᠵᠦ᠍ ᠵᠢᠭᠠᠵᠤ ᠭᠠᠷᠭᠠᠪᠠ᠃

ᠱᠢᠮᠸᠩᠰ᠂ ᠭᠠᠳᠠᠭᠠᠳᠤ ᠬᠠᠷᠢᠯᠴᠠᠭ᠎ᠠ ᠪᠠᠢᠭᠤᠯᠤᠭ᠍ᠰᠠᠨ 50 ᠵᠢᠯ᠎ᠦᠨ ᠲᠤᠷᠰᠢ᠂ ᠰᠦᠷᠢᠨᠠᠮ ᠳᠤᠮᠳᠠᠳᠤ᠎ᠶ᠋ᠢᠨ ᠬᠠᠷᠢᠯᠴᠠᠭ᠎ᠠ ᠦᠷᠭᠦᠯᠵᠢᠯᠡᠨ ᠭᠦᠨᠵᠡᠭᠡᠢᠷᠡᠨ ᠬᠥᠭ᠌ᠵᠢᠵᠦ᠍᠂ ᠬᠣᠶᠠᠷ ᠤᠯᠤᠰ᠎ᠤᠨ ᠨᠥᠬᠥᠷᠯᠡᠯ ᠪᠠᠲᠤ ᠪᠡᠬᠢ ᠪᠤᠯᠵᠤ᠂ ᠪᠠᠢᠯᠳᠤᠬᠤ ᠪᠤᠳᠤᠯᠭ᠎ᠠ᠎ᠶ᠋ᠢᠨ ᠬᠠᠮᠲᠤᠷᠠᠯᠴᠠᠭ᠎ᠠ ᠡᠳᠦᠷ ᠢᠷᠡᠬᠦᠶ᠎ᠡ ᠨᠢᠭ᠍ᠲᠠᠷᠠᠪᠠ᠃ ᠪᠢ ᠬᠣᠶᠠᠷ ᠤᠯᠤᠰ᠎ᠤᠨ ᠡᠯ᠎ᠡ ᠬᠦᠷᠢᠶᠡᠨ᠎ᠳᠡᠬᠢ ᠬᠠᠮᠲᠤᠷᠠᠯᠴᠠᠭᠠᠨ᠎ᠤ ᠡᠯᠪᠡᠭ ᠪᠠᠶᠠᠯᠢᠭ ᠦᠷ᠎ᠡ ᠪᠦᠲᠦᠭᠡᠯ᠎ᠢ ᠲᠤᠢᠯ᠎ᠢᠶᠠᠷ ᠨᠠᠨᠳᠢᠩᠨᠠᠵᠤ᠂ ᠲᠠᠷᠠᠭᠠᠴᠢ᠎ᠶ᠋ᠢᠨ 50 ᠵᠢᠯ᠎ᠢ ᠪᠠᠷᠠᠯᠠᠵᠤ ᠪᠠᠢᠨ᠎ᠠ᠂ ᠬᠣᠶᠠᠷ ᠲᠠᠯ᠎ᠠ᠎ᠪᠠᠷ᠎ᠢᠶᠠᠨ ᠪᠦᠯᠬᠦᠮᠳᠡᠯ᠎ᠢᠶᠡᠨ ᠤᠯᠠᠮ ᠨᠢᠭᠡ ᠠᠯᠬᠤᠮ ᠴᠢᠩᠭᠠᠳᠭᠠᠵᠤ᠂ ᠬᠠᠮᠲᠤᠷᠠᠯᠴᠠᠭ᠎ᠠ᠎ᠪᠠᠨ ᠭᠦᠨᠵᠡᠭᠡᠢᠷᠡᠭᠦᠯᠦᠨ ᠥᠷᠭᠡᠳᠭᠡᠵᠦ᠍᠂ ᠬᠥᠭ᠌ᠵᠢᠨ ᠴᠡᠴᠡᠭ᠌ᠯᠡᠬᠦ ᠬᠠᠮᠲᠤ᠎ᠶ᠋ᠢᠨ ᠬᠦᠰᠡᠯ ᠡᠷᠡᠮᠡᠯᠵᠡᠯ᠎ᠢ ᠪᠡᠶᠡᠯᠡᠭᠦᠯᠬᠦ᠌ ᠵᠢ ᠬᠦᠰᠡᠵᠦ᠍ ᠪᠠᠢᠨ᠎ᠠ ᠭᠡᠵᠦ ᠢᠯᠡᠳᠬᠡᠪᠡ᠃

ᠱᠢᠨᠬᠤᠸᠠ ᠬᠤᠷᠢᠶ᠎ᠠ᠎ᠶᠢᠨ ᠪᠡᠭᠡᠵᠢᠩ᠎ᠦᠨ 5 ᠰᠠᠷ᠎ᠠ᠎ᠶ᠋ᠢᠨ 28 ᠎ᠤ᠋ ᠴᠠᠬᠢᠯᠭᠠᠨ ᠮᠡᠳᠡᠭᠡ) 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号