ᠢᠳᠡᠭᠡᠨ᠎ᠦ ᠠᠮᠤᠷ ᠲᠦᠪᠱᠢᠨ ᠨᠢ ᠬᠥᠮᠦᠨ ᠪᠦᠷᠢ ᠵᠢᠨ ᠪᠡᠶ᠎ᠡ ᠮᠠᠬᠠᠪᠣᠳ᠎ᠤᠨ ᠡᠷᠡᠭᠦᠯ ᠮᠡᠨᠳᠦ᠍᠎ᠳᠦ ᠬᠣᠯᠪᠣᠭ᠍ᠳᠠᠵᠤ ᠪᠠᠢᠳᠠᠭ᠂ ᠬᠡᠷᠬᠢᠨ ᠠᠷᠠᠳ ᠣᠯᠠᠨᠳ᠋ᠤ ᠠᠮᠤᠷ ᠲᠦᠪᠰᠢᠨ ᠢᠳᠡᠬᠡᠨ ᠬᠠᠩᠭᠠᠵᠤ᠂ ᠡᠷᠡᠭᠦᠯ ᠮᠡᠨᠳᠦ ᠢᠳᠡᠬᠡᠨ ᠢᠳᠡᠬᠦᠯᠬᠦ ᠪᠤᠶ? 5 ᠰᠠᠷ᠎ᠠ᠎ᠶ᠋ᠢᠨ 25 ᠤ᠋ ᠡᠳᠦᠷ᠂ ᠤᠯᠤᠰ᠎ᠤᠨ ᠡᠷᠡᠭᠦᠯ ᠬᠠᠮᠠᠭᠠᠯᠠᠯ ᠡᠷᠡᠭᠦᠯ ᠮᠡᠨᠳᠦ᠍᠎ᠶ᠋ᠢᠨ ᠵᠥᠪᠯᠡᠯ ᠰᠣᠨᠢᠨ ᠮᠡᠳᠡᠭᠡ ᠨᠡᠢᠲᠡᠯᠡᠬᠦ᠌ ᠬᠤᠷᠠᠯ ᠬᠤᠷᠠᠯᠳᠤᠭᠤᠯᠵᠤ᠂ ᠣᠯᠠᠨ ᠨᠡᠢᠲᠡ᠎ᠶ᠋ᠢᠨ ᠠᠩᠬᠠᠷᠴᠤ᠌ ᠪᠠᠢᠭ᠎ᠠ ᠠᠰᠠᠭᠤᠳᠠᠯ᠎ᠳᠤ ᠴᠢᠭ᠌ᠯᠡᠭᠦᠯᠦᠨ ᠲᠠᠢᠯᠤᠮᠵᠢ ᠬᠢᠪᠠ᠃
ᠢᠳᠡᠭᠡᠨ᠎ᠦ ᠠᠮᠤᠷ ᠲᠦᠪᠱᠢᠨ᠎ᠦ ᠪᠠᠷᠢᠮᠵᠢᠶ᠎ᠠ ᠪᠣᠯ ᠣᠯᠠᠨ ᠨᠡᠢᠲᠡ᠎ᠶ᠋ᠢᠨ ᠡᠷᠡᠭᠦᠯ ᠮᠡᠨᠳᠦ᠍᠎ᠶ᠋ᠢ ᠪᠠᠲᠤᠯᠠᠬᠤ ᠴᠢᠬᠤᠯᠠ ᠰᠠᠭᠤᠷᠢ ᠮᠥᠨ᠃ ᠤᠯᠤᠰ᠎ᠤᠨ ᠡᠷᠡᠭᠦᠯ ᠬᠠᠮᠠᠭᠠᠯᠠᠯ ᠡᠷᠡᠭᠦᠯ ᠮᠡᠨᠳᠦ᠍᠎ᠶ᠋ᠢᠨ ᠵᠥᠪᠯᠡᠯ᠎ᠦᠨ ᠢᠳᠡᠭᠡᠨ᠎ᠦ ᠵᠦᠶ᠋ᠯ᠎ᠦᠨ ᠵᠤᠷᠭᠠᠨ᠎ᠤ ᠳᠡᠳ᠋ ᠳᠠᠷᠤᠭ᠎ᠠ ᠬᠥᠩ ᠭᠦᠸᠧ ᠴᠢᠶᠠᠩ ᠰᠣᠨᠢᠨ ᠮᠡᠳᠡᠭᠡ ᠨᠡᠢᠲᠡᠯᠡᠬᠦ᠌ ᠬᠤᠷᠠᠯ ᠳᠡᠭᠡᠷ᠎ᠡ᠂ ᠤᠯᠤᠰ᠎ᠤᠨ ᠡᠷᠡᠭᠦᠯ ᠬᠠᠮᠠᠭᠠᠯᠠᠯ ᠡᠷᠡᠭᠦᠯ ᠮᠡᠨᠳᠦ᠍᠎ᠶ᠋ᠢᠨ ᠵᠥᠪᠯᠡᠯ 《ᠬᠠᠮᠤᠭ᠎ᠤᠨ ᠴᠢᠩᠭ᠎ᠠ ᠪᠠᠷᠢᠮᠵᠢᠶ᠎ᠠ》 ᠶ᠋ᠢᠨ ᠱᠠᠭᠠᠷᠳᠠᠯᠭ᠎ᠠ ᠶᠣᠰᠣᠭᠠᠷ᠂ ᠨᠡᠢᠲᠡ 1750 ᠵᠦᠶ᠋ᠯ᠎ᠦᠨ ᠢᠳᠡᠭᠡᠨ᠎ᠦ ᠵᠦᠶ᠋ᠯ᠎ᠦᠨ ᠠᠮᠤᠷ ᠲᠦᠪᠱᠢᠨ᠎ᠦ ᠤᠯᠤᠰ᠎ᠤᠨ ᠪᠠᠷᠢᠮᠵᠢᠶ᠎ᠠ᠎ᠶ᠋ᠢ ᠨᠡᠢᠲᠡᠯᠡᠵᠦ᠍᠂ 2 ᠲᠦᠮᠡ ᠭᠠᠷᠤᠶ ᠭᠦᠶ᠋ᠴᠡᠳᠭᠡᠯ ᠲᠣᠭ᠎ᠠ᠎ᠳᠤ ᠬᠣᠯᠪᠣᠭ᠍ᠳᠠᠵᠤ᠂ 340 ᠭᠠᠷᠤᠶ ᠵᠦᠶ᠋ᠯ᠎ᠦᠨ ᠢᠳᠡᠭᠡᠨ᠎ᠦ ᠵᠦᠶ᠋ᠯ᠎ᠢ ᠬᠠᠮᠤᠷᠴᠠᠢ ᠭᠡᠵᠤ ᠲᠠᠨᠢᠯᠴᠠᠭᠤᠯᠪᠠ᠃
2025 ᠣᠨ᠎ᠳᠤ᠂ ᠤᠯᠤᠰ᠎ᠤᠨ ᠡᠷᠡᠭᠦᠯ ᠬᠠᠮᠠᠭᠠᠯᠠᠯ ᠡᠷᠡᠭᠦᠯ ᠮᠡᠨᠳᠦ᠍᠎ᠶ᠋ᠢᠨ ᠵᠥᠪᠯᠡᠯ᠎ᠡᠴᠡ ᠵᠠᠰᠠᠪᠤᠷᠢ ᠣᠷᠣᠭᠤᠯᠤᠭ᠍ᠰᠠᠨ᠎ᠤ ᠳᠠᠷᠠᠭᠠᠬᠢ ᠤᠷᠢᠳᠴᠢᠯᠠᠨ ᠪᠣᠭᠣᠳᠠᠯᠯᠠᠨ ᠪᠠᠬᠯᠠᠬᠰᠡᠨ ᠢᠳᠡᠭᠡᠨ᠎ᠦ ᠲᠡᠮᠳᠡᠭ ᠢᠯᠡᠷᠬᠡᠢᠯᠡᠯ᠎ᠤᠨ ᠪᠠᠷᠢᠮᠵᠢᠶ᠎ᠠ᠎ᠶ᠋ᠢ ᠨᠡᠢᠲᠡᠯᠡᠵᠦ᠍᠂ ᠲᠣᠭᠠᠴᠢᠯᠠᠭ᠍ᠰᠠᠨ ᠲᠡᠮᠳᠡᠭ ᠢᠯᠡᠷᠬᠡᠢᠯᠡᠯ ᠨᠠᠭᠠᠬᠤ᠎ᠵᠢ ᠬᠠᠤᠯᠢ ᠲᠣᠭ᠍ᠲᠠᠭᠠᠯ᠎ᠤᠨ ᠪᠠᠷᠢᠮᠵᠢᠶ᠎ᠠ᠎ᠶ᠋ᠢᠨ ᠱᠢᠰᠲ᠋ᠧᠮ᠎ᠳᠦ ᠣᠷᠣᠭᠤᠯᠵᠤ᠂ ᠬᠤᠯᠪᠤᠬᠳᠠᠯ ᠪᠥᠬᠥᠶ ᠰᠠᠯᠠᠭ᠎ᠠ ᠮᠥᠴᠢᠷ᠎ᠲᠡᠶ ᠬᠠᠮᠲᠤᠷᠠᠨ ᠲᠣᠭᠠᠴᠢᠯᠠᠭ᠍ᠰᠠᠨ ᠲᠡᠮᠳᠡᠭ ᠢᠯᠡᠷᠬᠡᠢᠯᠡᠯ᠎ᠢ ᠳᠡᠯᠭᠡᠷᠡᠭᠦᠯᠬᠦ᠌ ᠠᠯᠪᠠᠨ ᠵᠠᠷᠯᠠᠯ ᠨᠡᠢᠲᠡᠯᠡᠵᠦ᠍᠂ ᠬᠡᠷᠡᠭ᠌ᠯᠡᠬᠦ᠌ ᠱᠠᠭᠠᠷᠳᠠᠯᠭ᠎ᠠ᠎ᠶ᠋ᠢ ᠨᠠᠷᠢᠯᠢᠬ᠍ᠵᠢᠭᠤᠯᠪᠠ᠃ ᠮᠠᠨ᠎ᠤ ᠤᠯᠤᠰ᠎ᠤᠨ ᠤᠷᠢᠳᠴᠢᠯᠠᠨ ᠪᠣᠭᠣᠳᠠᠯᠯᠠᠨ ᠪᠠᠬᠯᠠᠬᠰᠡᠨ ᠢᠳᠡᠭᠡᠨ᠎ᠦ ᠲᠡᠮᠳᠡᠭ ᠢᠯᠡᠷᠬᠡᠢᠯᠡᠯ᠎ᠤᠨ ᠬᠠᠮᠢᠶᠠᠷᠤᠯᠲᠠ ᠲᠣᠭᠠᠴᠢᠯᠠᠭ᠍ᠰᠠᠨ ᠱᠢᠨ᠎ᠡ ᠱᠠᠲᠤᠨ᠎ᠳᠤ ᠣᠷᠣᠵᠤ᠂ ᠲᠣᠭᠠᠴᠢᠯᠠᠭ᠍ᠰᠠᠨ ᠲᠡᠮᠳᠡᠭ ᠢᠯᠡᠷᠬᠡᠢᠯᠡᠯ᠎ᠤᠨ ᠬᠡᠷᠡᠭ᠌ᠯᠡᠭᠡᠨ᠎ᠦ ᠪᠠᠢᠳᠠᠯ ᠴᠤ᠌ ᠠᠯᠬᠤᠮ ᠠᠯᠬᠤᠮ᠎ᠢᠶᠠᠷ ᠥᠷᠭᠡᠵᠢᠵᠦ᠍ ᠪᠠᠢᠨ᠎ᠠ᠃
ᠪᠦᠷᠢᠳᠭᠡᠯ᠎ᠢ ᠦᠨᠳᠦᠰᠦᠯᠡᠪᠡᠯ᠂ ᠣᠳᠣᠬᠠᠨ᠎ᠳᠤ ᠮᠠᠨ᠎ᠤ ᠤᠯᠤᠰ᠎ᠲᠤ ᠨᠢᠭᠡᠨᠲᠡ 8000 ᠭᠠᠷᠤᠶ ᠵᠦᠶ᠋ᠯ᠎ᠦᠨ ᠦᠶ᠋ᠯᠡᠳᠬᠦᠨ᠎ᠳᠦ ᠲᠣᠭᠠᠴᠢᠯᠠᠭ᠍ᠰᠠᠨ ᠲᠡᠮᠳᠡᠭ ᠢᠯᠡᠷᠬᠡᠢᠯᠡᠯ᠎ᠢ ᠬᠡᠷᠡᠭ᠌ᠯᠡᠵᠦ᠍᠂ ᠡᠳᠦᠷ ᠲᠤᠲᠤᠮ᠎ᠤᠨ ᠬᠡᠷᠡᠭ᠌ᠯᠡᠭᠡ᠎ᠶ᠋ᠢ ᠬᠠᠮᠤᠷᠤᠭ᠍ᠰᠠᠨ ᠬᠡᠳᠦᠨ ᠠᠷᠪᠠᠨ ᠵᠦᠶ᠋ᠯ᠎ᠦᠨ ᠦᠶ᠋ᠯᠡᠳᠬᠦᠨ ᠪᠣᠶ᠂ ᠡᠭᠦᠨ᠎ᠳᠦ ᠵᠠᠷᠢᠮ ᠲᠦᠷᠦᠯ ᠲᠡᠮᠳᠡᠭ ᠨᠢ ᠳᠠᠢᠴᠢᠯᠠᠬᠤ ᠦᠢᠯᠡᠳᠦᠯ ᠦᠵᠡᠭᠦᠯᠵᠦ᠍ ᠪᠠᠢᠨ᠎ᠠ᠃
《ᠲᠣᠭᠠᠴᠢᠯᠠᠭ᠍ᠰᠠᠨ ᠲᠡᠮᠳᠡᠭ ᠢᠯᠡᠷᠬᠡᠢᠯᠡᠯ ᠪᠣᠯ ᠲᠣᠭᠠᠴᠢᠯᠠᠭ᠍ᠰᠠᠨ ᠴᠠᠭ ᠦᠶ᠎ᠡ᠎ᠶ᠋ᠢᠨ ᠵᠠᠢᠯᠠᠰᠢ ᠥᠬᠡᠶ ᠪᠦᠲᠦᠭᠡᠭ᠌ᠳᠡᠬᠦᠨ ᠮᠥᠨ᠂ ᠪᠠᠰᠠ ᠴᠤ᠌ ᠲᠣᠭᠠᠴᠢᠯᠠᠯᠲᠠ ᠵᠢᠨ ᠴᠠᠭ ᠦᠶ᠎ᠠ ᠵᠢᠨ ᠢᠳᠡᠭᠡᠨ᠎ᠦ ᠬᠦᠷᠢᠶᠡᠨ᠎ᠳᠡᠬᠢ ᠴᠢᠬᠤᠯᠠ ᠬᠡᠷᠡᠭ᠌ᠯᠡᠯᠲᠡ ᠮᠥᠨ》᠃ ᠭᠦᠩ ᠭᠦᠸᠧ ᠴᠢᠶᠠᠩ᠂ ᠲᠣᠭᠠᠴᠢᠯᠠᠭ᠍ᠰᠠᠨ ᠲᠡᠮᠳᠡᠭ ᠢᠯᠡᠷᠬᠡᠢᠯᠡᠯ᠎ᠨᠢ ᠭᠠᠷ ᠤᠲᠠᠰᠤ᠎ᠪᠠᠷ ᠺᠣᠳ᠋ ᠱᠢᠷᠪᠢᠬᠦ᠌᠎ᠪᠡᠷ ᠳᠡᠮᠵᠢᠨ᠂ ᠸᠢᠳᠢᠣ᠋᠂ ᠥᠰᠥᠭ᠎ᠦᠨ ᠲᠢᠭ᠎ᠢ ᠲᠣᠮᠣᠷᠠᠭᠤᠯᠬᠤ ᠵᠡᠷᠭᠡ ᠣᠯᠠᠨ ᠵᠦᠶ᠋ᠯ᠎ᠦᠨ ᠬᠡᠯᠪᠡᠷᠢ᠎ᠶ᠋ᠢᠨ ᠮᠡᠳᠡᠭᠡ ᠵᠠᠩᠭᠢ᠎ᠶ᠋ᠢ ᠢᠯᠡᠷᠡᠭᠦᠯᠵᠦ᠍᠂ ᠬᠡᠷᠡᠭ᠌ᠯᠡᠭ᠌ᠴᠢᠳ᠎ᠦᠨ ᠣᠢᠯᠠᠭᠠᠬᠤ ᠭᠡᠰᠡᠨ ᠠᠭᠤᠯᠭ᠎ᠠ᠎ᠶ᠋ᠢ ᠲᠣᠳᠣᠷᠬᠠᠶ ᠢᠯᠡᠷᠡᠭᠦᠯᠵᠦ᠍ ᠪᠣᠯᠤᠨ᠎ᠠ᠃ ᠡᠨᠡ᠎ᠨᠢ ᠮᠡᠷᠭᠡᠵᠢᠯ᠎ᠦᠨ ᠲᠠᠰ ᠳᠠᠪᠱᠢᠯᠲᠠ ᠪᠣᠯᠬᠤ᠎ᠪᠠᠷ ᠪᠠᠷᠠᠬᠤ ᠥᠬᠡᠶ ᠨᠠᠩ ᠴᠤ᠌ ᠬᠡᠷᠡᠭ᠌ᠯᠡᠭ᠌ᠴᠢᠳ᠎ᠦᠨ ᠪᠠᠢᠳᠠᠯ᠎ᠢ ᠮᠡᠳᠡᠬᠦ᠌ ᠡᠷᠬᠡ᠎ᠶ᠋ᠢ ᠬᠦᠴᠦᠲᠡᠶ ᠪᠠᠲᠤᠯᠠᠵᠤ ᠪᠠᠢᠨ᠎ᠠ ᠭᠡᠪᠡ᠃
ᠤᠯᠤᠰ᠎ᠤᠨ ᠢᠳᠡᠭᠡᠨ᠎ᠦ ᠠᠮᠤᠷ ᠲᠦᠪᠱᠢᠨ᠎ᠦ ᠠᠶᠤᠯ ᠲᠦᠭ᠌ᠰᠢᠭᠦᠷᠢ᠎ᠶ᠋ᠢ ᠦᠨᠡᠯᠡᠬᠦ᠌ ᠲᠥᠪ᠎ᠦᠨ ᠳᠡᠳ᠋ ᠡᠷᠬᠢᠯᠡᠭ᠌ᠴᠢ ᠹᠠᠨ ᠶᠦᠩ ᠱᠢᠶᠠᠩ᠂ ᠬᠣᠯᠪᠣᠭ᠍ᠳᠠᠯ ᠪᠥᠬᠥᠶ ᠬᠢᠨᠠᠨ ᠬᠡᠮᠵᠢᠭ᠌ᠰᠡᠨ ᠲᠣᠭ᠎ᠠ ᠪᠠᠷᠢᠮᠲᠠᠳ᠋ᠤ ᠬᠠᠷᠡᠭᠤᠯᠤᠬᠰᠡᠨ ᠵᠢᠡᠷ᠂ ᠵᠢᠯ ᠪᠦᠷᠢ᠎ᠶ᠋ᠢᠨ 6 ᠡᠴᠡ 9 ᠰᠠᠷ᠎ᠠ ᠪᠣᠯ ᠢᠳᠡᠭᠡᠨ᠎ᠡᠴᠡ ᠪᠤᠯᠵᠤ ᠡᠪᠡᠳᠴᠢᠨ ᠣᠯᠠᠨ ᠡᠭᠦᠰᠭᠦ ᠬᠤᠭᠤᠴᠠᠭ᠎ᠠ ᠮᠥᠨ᠂ ᠡᠪᠡᠳᠴᠢᠨ ᠡᠭᠦᠰᠦᠭ᠌ᠰᠡᠨ ᠬᠡᠷᠡᠭ᠎ᠤᠨ ᠲᠤᠭ᠎ᠠ ᠪᠠ ᠡᠪᠡᠳᠴᠢᠯᠡᠭᠰᠡᠨ ᠬᠥᠮᠦᠨ᠎ᠦ ᠲᠣᠭ᠎ᠠ ᠨᠢ ᠪᠦᠷ ᠪᠥᠬᠥ᠌ ᠵᠢᠯ᠎ᠦᠨ ᠭᠤᠷᠪᠠᠨ᠎ᠤ ᠬᠣᠶᠠᠷ ᠣᠷᠴᠢᠮ᠎ᠢ ᠡᠵᠡᠯᠡᠨ᠎ᠡ ; ᠬᠡᠷ ᠪᠦᠯᠢ᠎ᠳᠦ ᠡᠭᠦᠰᠦᠭ᠌ᠰᠡᠨ ᠢᠳᠡᠭᠡᠨ᠎ᠡᠴᠡ ᠱᠢᠯᠲᠠᠭᠠᠯᠠᠭ᠍ᠰᠠᠨ ᠡᠪᠡᠳᠴᠢᠨ ᠨᠢ ᠪᠥᠬᠥ᠌ ᠵᠢᠯ᠎ᠦᠨ ᠬᠡᠷᠡᠭ᠎ᠦᠨ ᠶᠡᠷᠦᠩᠬᠡᠶ ᠲᠣᠭᠠᠨ᠎ᠤ ᠭᠤᠷᠪᠠᠨ᠎ᠤ ᠬᠣᠶᠠᠷ ᠬᠤᠪᠢ᠂ ᠡᠪᠡᠳᠴᠢᠯᠡᠭ᠌ᠰᠡᠨ ᠪᠥᠬᠥ᠌ ᠬᠥᠮᠦᠨ᠎ᠦ ᠲᠣᠭ᠎ᠠ᠎ᠶ᠋ᠢᠨ ᠬᠠᠭᠠᠰ ᠣᠷᠴᠢᠮ᠎ᠢ ᠡᠵᠡᠯᠡᠨ᠎ᠡ ᠭᠡᠵᠦ ᠲᠠᠨᠢᠯᠴᠠᠭᠤᠯᠪᠠ᠃
ᠲᠤᠰᠭᠠᠶ ᠮᠡᠷᠭᠡᠵᠢᠯᠲᠡᠨ᠂ ᠬᠡᠷ ᠪᠦᠯᠢ᠎ᠶ᠋ᠢᠨ ᠢᠳᠡᠭᠡᠨ ᠤᠮᠳᠠᠭᠠᠨ᠎ᠳᠤ ᠢᠳᠡᠭᠡᠨ᠎ᠦ ᠠᠮᠤᠷ ᠲᠦᠪᠱᠢᠨ᠎ᠦ ᠨᠠᠷᠢᠨ ᠵᠦᠶ᠋ᠯᠡᠰ᠎ᠢ ᠢᠯᠡᠭᠦᠬᠡᠨ ᠠᠩᠬᠠᠷᠴᠤ᠌᠂ ᠤᠬᠢᠶᠠᠵᠤ ᠴᠡᠪᠡᠷᠯᠡᠬᠦ᠌ ᠰᠠᠢᠨ ᠳᠠᠳᠭᠠᠯ᠎ᠲᠠᠶ ᠪᠣᠯᠵᠣ᠂ ᠲᠦᠭᠦᠬᠡᠶ ᠪᠠ ᠪᠤᠯᠭᠤᠭ᠍ᠰᠠᠨ ᠢᠳᠡᠬᠡᠨ᠎ᠢ ᠰᠠᠯᠭᠠᠵᠤ᠂ ᠭᠦᠢᠴᠡᠳ ᠴᠢᠨᠠᠵᠤ ᠪᠣᠯᠭᠣᠬᠤᠬᠡᠷᠡᠭ᠌ᠲᠡᠶ᠃ ᠣᠨᠴᠠᠭᠠᠢᠯᠠᠨ ᠠᠩᠬᠠᠷᠬᠤ ᠴᠢᠬᠤᠯᠠᠲᠠᠶ ᠨᠢ᠂ ᠳᠥᠷᠪᠡᠨ ᠤᠯᠠᠷᠢᠯ᠎ᠤᠨ ᠪᠤᠷᠴᠠᠭ᠎ᠢ ᠭᠦᠶ᠋ᠴᠡᠳ ᠪᠤᠯᠭᠤᠬᠤ ᠥᠬᠡᠶ ᠪᠣᠯ ᠲᠣᠯᠣᠭᠠᠶ ᠡᠪᠡᠳᠬᠦ᠌᠂ ᠬᠣᠳᠣᠭᠣᠳᠣ ᠭᠡᠳᠡᠰᠦ ᠡᠪ ᠥᠬᠡᠶ ᠪᠣᠯᠬᠤ ᠵᠡᠷᠭᠡ ᠲᠤᠰᠭᠠᠯ ᠭᠠᠷᠳᠠᠭ ; ᠳᠠᠯᠳᠠᠸ᠋᠂ ᠮᠥᠩᠭᠥᠨ ᠳᠡᠯᠳᠡᠦ᠎ᠶ᠋ᠢ ᠤᠷᠢᠳ᠎ᠢᠶᠡᠷ ᠳᠡᠪᠲᠦᠭᠡᠵᠦ᠍ ᠲᠡᠷᠡ ᠲᠤᠤᠷ᠎ᠠ ᠨᠢ ᠢᠳᠡᠪᠡᠯ ᠵᠣᠬᠢᠨ᠎ᠠ᠂ ᠣᠷᠳᠣ ᠬᠤᠭᠤᠴᠠᠭ᠎ᠠ᠎ᠪᠠᠷ ᠳᠡᠪᠲᠦᠭᠡᠪᠡᠯ ᠠᠮᠠᠷᠬᠠᠨ ᠪᠠᠺᠲ᠋ᠧᠷᠢ ᠡᠭᠦᠰᠴᠦ᠂ ᠬᠤᠤᠷᠳᠠᠭ᠍ᠳᠠᠵᠤ ᠮᠡᠳᠡᠨ᠎ᠡ ; ᠪᠤᠷᠴᠠᠭ᠎ᠤᠨ ᠡᠭᠡᠳᠡᠩ ᠪᠤᠴᠠᠯᠤᠭ᠍ᠰᠠᠨᠤ ᠳᠠᠷᠠᠭ᠎ᠠ ᠪᠠᠰᠠ ᠦᠷᠭᠦᠯᠵᠢᠯᠡᠨ ᠬᠡᠳᠦᠨ ᠮᠢᠨᠦ᠋ᠲ ᠬᠠᠯᠠᠭᠠᠭᠰᠠᠨᠤ ᠳᠠᠷᠠᠭ᠎ᠠ ᠰᠠᠶᠢ ᠤᠤᠭᠤᠵᠤ ᠪᠣᠯᠤᠨ᠎ᠠ ᠭᠡᠵᠤ ᠰᠠᠨᠠᠭᠤᠯᠪᠠ᠃
ᠶᠡᠬᠡ ᠲᠡᠭᠡᠳᠦ ᠰᠤᠷᠭᠠᠭᠤᠯᠢ ᠵᠢᠨ ᠰᠤᠷᠤᠭᠴᠢ ᠡᠯᠰᠡᠬᠦ ᠤᠯᠤᠰ᠎ᠤᠨ ᠨᠢᠭᠡᠳᠦᠯᠳᠡᠢ ᠱᠢᠯᠭᠠᠯᠲᠠ ᠣᠢᠷᠠᠳᠭᠤ᠎ᠶ᠋ᠢ ᠳᠠᠭᠠᠯᠳᠤᠨ᠂ ᠱᠢᠯᠭᠠᠭᠤᠯᠤᠭ᠍ᠴᠢ᠎ᠶ᠋ᠢᠨ ᠢᠳᠡᠭᠡᠨ ᠤᠮᠳᠠᠭᠠᠨ᠎ᠤ ᠠᠮᠤᠷ ᠲᠦᠪᠱᠢᠨ ᠨᠢ ᠬᠡᠷ᠎ᠦᠨ ᠠᠬᠠᠮᠠᠳ᠎ᠤᠨ ᠠᠩᠬᠠᠷᠤᠯ᠎ᠤᠨ ᠲᠥᠪ ᠪᠣᠯᠪᠠ᠃ ᠹᠠᠨ ᠶᠦᠩ ᠱᠢᠶᠠᠩ᠂ ᠢᠳᠡᠭᠡᠨ ᠤᠮᠳᠠᠭᠠᠨ᠎ᠤ ᠠᠮᠤᠷ ᠲᠦᠪᠱᠢᠨ᠎ᠤ ᠪᠠᠳᠤᠯᠠᠭ᠎ᠠ ᠵᠢ ᠰᠠᠢᠲᠤᠷ ᠰᠠᠬᠢᠬᠤ ᠬᠡᠷᠡᠭ᠌ᠲᠡᠶ᠂ ᠱᠢᠯᠭᠠᠭᠤᠯᠤᠭ᠍ᠰᠠᠳ ᠬᠡᠷ ᠪᠤᠶᠤ ᠰᠤᠷᠭᠠᠭᠤᠯᠢ᠎ᠶ᠋ᠢᠨ ᠬᠣᠭᠣᠯᠠᠨ ᠬᠡᠷ᠎ᠲᠡᠬᠡᠨ ᠬᠣᠭᠣᠯᠠ ᠢᠳᠡᠪᠡᠯ ᠬᠠᠮᠤᠭ᠎ᠤᠨ ᠰᠠᠢᠨ ; ᠱᠢᠮ᠎ᠡ ᠲᠡᠵᠢᠭᠡᠯ ᠭᠦᠶ᠋ᠴᠡᠳ ᠪᠠᠢᠬᠤ ᠬᠡᠷᠡᠭ᠌ᠲᠡᠶ᠂ ᠡᠳᠦᠷ ᠪᠦᠷᠢ ᠭᠦᠶ᠋ᠴᠡᠳ ᠭᠤᠤᠯ ᠢᠳᠡᠭᠡᠨ ᠢᠳᠡᠬᠦ ᠵᠢ ᠪᠠᠳᠤᠯᠠᠬᠤ ᠬᠡᠷᠡᠭ᠌ᠲᠡᠶ ; ᠬᠡᠪ᠎ᠦᠨ ᠪᠠᠢᠳᠠᠯ᠎ᠢᠶᠡᠨ ᠪᠠᠲᠤᠯᠠᠵᠤ᠂ ᠱᠢᠯᠭᠠᠯᠲᠠ᠎ᠶ᠋ᠢᠨ ᠡᠮᠦᠨ᠎ᠡ ᠭᠡᠨᠡᠳᠲᠡ ᠢᠳᠡᠭᠡᠨ ᠤᠮᠳᠠᠭᠠᠨ᠎ᠢᠶᠠᠨ ᠶᠡᠬᠡ ᠬᠡᠮᠵᠢᠶ᠎ᠡ᠎ᠪᠡᠷ ᠲᠣᠬᠢᠷᠠᠭᠤᠯᠬᠤ᠎ᠡᠴᠡ ᠵᠠᠢᠯᠠᠰᠭᠢᠵᠦ᠍᠂ ᠬᠡᠷᠪᠡ ᠲᠣᠬᠢᠷᠠᠭᠤᠯᠬᠤ ᠴᠢᠬᠤᠯᠠᠲᠠᠶ ᠪᠣᠯ ᠡᠩ᠎ᠦᠨ ᠦᠶ᠎ᠡ᠎ᠶ᠋ᠢᠨ ᠢᠳᠡᠭᠡᠨ ᠤᠮᠳᠠᠭᠠᠨ᠎ᠤ ᠳᠠᠳᠭᠠᠯ᠎ᠤᠨ ᠰᠠᠭᠤᠷᠢᠨ ᠳᠡᠭᠡᠷ᠎ᠡ ᠪᠠᠨ ᠠᠯᠬᠤᠮ ᠠᠯᠬᠤᠮ᠎ᠢᠶᠠᠷ ᠱᠢᠯᠢᠳᠡᠭ᠌ᠵᠢᠭᠦᠯᠵᠦ᠍᠂ ᠬᠤᠪᠢᠷᠠᠯᠲᠠ ᠶᠡᠬᠡ᠎ᠡᠴᠡ ᠪᠣᠯᠵᠣ ᠬᠣᠳᠣᠭᠣᠳᠣ ᠭᠡᠳᠡᠰᠦ ᠡᠪᠬᠦᠢᠷᠡᠬᠦᠡᠴᠡ ᠵᠠᠢᠯᠠᠰᠭᠢᠬᠦ᠌ ᠬᠡᠷᠡᠭ᠌ᠲᠡᠶ ᠭᠡᠵᠦ ᠰᠠᠨᠠᠭᠤᠯᠪᠠ᠃
(ᠰᠢᠨᠬᠤᠸᠠ ᠬᠤᠷᠢᠶ᠎ᠠ ᠵᠢᠨ ᠪᠡᠭᠡᠵᠢᠩ ᠤ᠋ᠨ 5 ᠰᠠᠷ᠎ᠠ ᠵᠢᠨ 25 ᠤ᠋ ᠴᠠᠬᠢᠯᠭᠠᠨ ᠮᠡᠳᠡᠭᠡ ᠡᠴᠡ)