ᠱ᠌ᠢ ᠭᠤᠸᠠᠩ ᠬᠤᠢ ᠲᠣᠭ᠍ᠲᠠᠬᠤ ᠱᠢᠶᠠᠨ᠎ᠳᠤ ᠪᠠᠢᠴᠠᠭᠠᠨ ᠰᠤᠳᠤᠯᠤᠯᠲᠠ ᠬᠢᠬᠦ᠌᠎ᠳᠡᠭᠡᠨ ᠴᠢᠬᠤᠯᠠᠴᠢᠯᠠᠭ᠍ᠰᠠᠨ ᠨᠢ ᠶᠡᠷᠦᠩᠬᠡᠢᠯᠡᠨ ᠵᠠᠰᠠᠬᠤ ᠲᠥᠪ᠎ᠦᠨ ᠵᠢᠷᠤᠮᠵᠢᠭ᠍ᠰᠠᠨ ᠪᠠᠢᠭᠤᠯᠤᠯᠲᠠ᠎ᠶ᠋ᠢ ᠭᠦᠨᠵᠡᠭᠡᠢ ᠠᠬᠢᠭᠤᠯᠵᠤ ᠵᠥᠷᠢᠴᠡᠯ ᠵᠠᠭᠤᠷᠠᠯᠳᠤᠭᠠᠨ᠎ᠢ ᠵᠠᠬᠢᠳᠡᠯ ᠰᠤᠷᠪᠤᠯᠵᠢᠯᠠᠯ ᠎ᠤᠨ ᠬᠡᠷᠡᠭ ᠪᠤᠯᠬᠤ᠎ᠠᠴᠠ ᠡᠮᠦᠨ᠎ᠡ ᠬᠦᠴᠦᠯᠡᠨ ᠱᠢᠢᠳᠪᠦᠷᠢᠯᠡᠬᠦ᠌ ᠬᠡᠷᠡᠭ᠌ᠲᠡᠢ
2026-05-30 12:13:18
ᠵᠣᠬᠢᠶᠠᠭ᠍ᠴᠢ᠄
ᠸᠠᠩ ᠬᠤᠤ
ᠣᠩᠱᠢᠭ᠍ᠰᠠᠨ ᠣᠳᠠᠭ᠎ᠠ᠄
★★★☆☆

5 ᠰᠠᠷ᠎ᠠ᠎ᠶ᠋ᠢᠨ 27 ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠳᠡᠳ᠋ ᠱᠦᠵᠢ᠂ ᠤᠯᠤᠰ ᠲᠦᠷᠦ᠍ ᠬᠠᠤᠯᠢ ᠴᠠᠭᠠᠵᠠ᠎ᠶ᠋ᠢᠨ ᠬᠣᠷᠢᠶ᠎ᠠ ᠵᠢᠨ ᠱᠦᠵᠢ ᠱ᠌ᠢ ᠭᠤᠸᠠᠩ ᠬᠤᠢ ᠬᠥᠬᠡᠬᠣᠲᠠ᠎ᠶ᠋ᠢᠨ ᠲᠣᠭ᠍ᠲᠠᠬᠤ ᠱᠢᠶᠠᠨ᠎ᠳᠤ ᠬᠦᠷᠴᠦ᠍ ᠶᠡᠷᠦᠩᠬᠡᠢᠯᠡᠨ ᠵᠠᠰᠠᠬᠤ ᠲᠥᠪ᠎ᠦᠨ ᠵᠢᠷᠤᠮᠵᠢᠭ᠍ᠰᠠᠨ ᠪᠠᠢᠭᠤᠯᠤᠯᠲᠠ᠂ ᠵᠥᠷᠢᠴᠡᠯ ᠵᠠᠭᠤᠷᠠᠯᠳᠤᠭᠠᠨ᠎ᠢ ᠪᠠᠢᠴᠠᠭᠠᠨ ᠱᠢᠢᠳᠪᠦᠷᠢᠯᠡᠬᠦ᠌᠂ ᠵᠠᠬᠢᠳᠠᠯ ᠰᠤᠷᠪᠤᠯᠵᠢᠯᠠᠯ᠎ᠤᠨ ᠠᠵᠢᠯ᠎ᠤᠨ ᠬᠠᠤᠯᠢ ᠪᠡᠷ ᠵᠠᠰᠠᠬᠤ ᠵᠡᠷᠭᠡ ᠠᠵᠢᠯ᠎ᠢ ᠪᠠᠢᠴᠠᠭᠠᠨ ᠰᠤᠳᠤᠯᠪᠠ᠃

ᠱ᠌ᠢ ᠭᠤᠸᠠᠩ ᠬᠤᠢ ᠱᠢᠶᠠᠨ ᠪᠠᠯᠭᠠᠰᠤ ᠬᠣᠶᠠᠷ ᠱᠠᠲᠤᠨ᠎ᠤ ᠶᠡᠷᠦᠩᠬᠡᠢᠯᠡᠨ ᠵᠠᠰᠠᠬᠤ ᠲᠥᠪ ᠪᠣᠯᠤᠨ ᠨᠡᠢᠭᠡᠮ ᠲᠣᠭᠣᠷᠢᠭ ᠠᠢᠯ ᠲᠣᠰᠭᠣᠨ᠎ᠳᠤ ᠬᠦᠷᠴᠦ᠍᠂ ᠵᠥᠷᠢᠴᠡᠯ ᠵᠠᠭᠤᠷᠠᠯᠳᠤᠭᠠᠨ᠎ᠢ ᠬᠦᠯᠢᠶᠠᠨ ᠠᠪᠴᠤ᠌ ᠱᠢᠢᠳᠪᠦᠷᠢᠯᠡᠬᠦ᠌ ᠪᠠ ᠤᠯᠠᠨ ᠲᠦᠮᠡᠨ᠎ᠦ ᠬᠦᠰᠡᠯ ᠱᠠᠭᠠᠷᠳᠠᠯᠭ᠎ᠠ᠎ᠶ᠋ᠢ ᠱᠢᠢᠳᠪᠦᠷᠢᠯᠡᠬᠦ᠌᠂ ᠵᠠᠬᠢᠳᠠᠯ ᠰᠤᠷᠪᠤᠯᠵᠢᠯᠠᠯ᠎ᠤᠨ ᠲᠤᠪᠤᠢᠮ᠎ᠠ ᠠᠰᠠᠭᠤᠳᠠᠯ ᠪᠣᠯᠤᠨ ᠱᠢᠯᠲᠠᠭᠠᠨ ᠪᠦᠷᠢᠯᠳᠦᠭ᠌ᠰᠡᠨ ᠵᠠᠩᠭᠢᠯᠠᠭ᠎ᠠ ᠵᠡᠷᠭᠡ ᠪᠠᠢᠳᠠᠯ᠎ᠢ ᠨᠠᠷᠢᠨ ᠣᠢᠯᠠᠭᠠᠪᠠ᠃ ᠲᠡᠷᠡ᠂ ᠶᠡᠷᠦᠩᠬᠡᠢᠯᠡᠨ ᠵᠠᠰᠠᠬᠤ ᠲᠥᠪ᠎ᠦᠨ ᠵᠢᠷᠤᠮᠵᠢᠭ᠍ᠰᠠᠨ ᠪᠠᠢᠭᠤᠯᠤᠯᠲᠠ᠎ᠶ᠋ᠢ ᠭᠦᠨᠵᠡᠭᠡᠢᠷᠡᠭᠦᠯᠵᠦ᠍᠂ ᠣᠯᠠᠨ ᠲᠦᠮᠡᠨ᠎ᠦ ᠲᠤᠰᠭᠠᠭ᠍ᠰᠠᠨ ᠠᠰᠠᠭᠤᠳᠠᠯ᠎ᠢ ᠭᠥᠯᠢᠶᠡᠨ ᠠᠪᠴᠤ᠌ ᠱᠢᠶ᠋ᠳᠪᠦᠷᠢᠯᠡᠬᠦ᠌ ᠪᠠ ᠰᠠᠯᠭᠠᠨ ᠱᠢᠶ᠋ᠳᠪᠦᠷᠢᠯᠡᠬᠦ᠌ ᠵᠡᠷᠭᠡ ᠰᠠᠭᠤᠷᠢ ᠴᠢᠨᠠᠷᠲᠠᠶ ᠠᠵᠢᠯ ᠎ᠢ ᠴᠢᠩᠭᠠᠳᠭᠠᠵᠤ᠂ ᠵᠥᠷᠢᠴᠡᠯ ᠵᠠᠭᠤᠷᠠᠯᠳᠤᠭᠠᠨ ᠎ᠢ ᠱᠢᠶ᠋ᠳᠪᠦᠷᠢᠯᠡᠬᠦ᠌ 《ᠵᠠᠮ ᠱᠤᠭᠤᠮ᠎ᠤᠨ ᠵᠢᠷᠤᠭ》ᠢ᠋ ᠵᠢᠷᠤᠮᠵᠢᠭᠤᠯᠤᠨ ᠲᠡᠭᠦᠯᠳᠡᠷᠵᠢᠭᠦᠯᠵᠦ᠍᠂ ᠨᠢᠭᠡ ᠯᠡ ᠥᠷᠲᠡᠭᠡᠴᠢᠯᠡᠭᠰᠡᠨ ᠮᠠᠶᠢᠭ᠎ᠢᠶᠠᠷ ᠠᠰᠠᠭᠤᠳᠠᠯ᠎ᠢ ᠱᠢᠶ᠋ᠳᠪᠦᠷᠢᠯᠡᠬᠦ᠌᠎ᠪᠡᠷ ᠴᠢᠷᠮᠠᠢᠬᠤ ᠬᠡᠷᠡᠭ᠌ᠲᠡᠶ᠃ ᠡᠶᠡᠳᠡᠭᠦᠯᠬᠡ᠎ᠶ᠋ᠢ ᠲᠡᠷᠢᠭᠦᠨ᠎ᠳᠦ ᠲᠠᠯᠪᠢᠬᠤ᠎ᠶ᠋ᠢ ᠪᠠᠷᠢᠮᠲᠠᠯᠠᠵᠤ᠂ ᠶᠡᠷᠦᠩᠬᠡᠢᠯᠡᠨ ᠵᠠᠰᠠᠬᠤ ᠲᠥᠪ ᠨᠢ ᠡᠯ᠎ᠡ ᠲᠦᠷᠦᠯ᠎ᠦᠨ ᠡᠶᠡᠳᠡᠭᠦᠯᠬᠦ᠌ ᠵᠣᠬᠢᠶᠠᠨ ᠪᠠᠢᠭᠤᠯᠤᠯᠲᠠ᠎ᠶ᠋ᠢᠨ ᠦᠢᠯᠡᠳᠦᠯ᠎ᠢ ᠨᠡᠢᠯᠡᠭᠦᠯᠦᠨ ᠴᠢᠩᠭᠠᠳᠭᠠᠵᠤ᠂ ᠡᠶᠡᠳᠡᠭᠦᠯᠭᠡ᠎ᠶ᠋ᠢ ᠵᠥᠷᠢᠴᠡᠯ ᠵᠠᠭᠤᠷᠠᠯᠳᠤᠭᠠᠨ᠎ᠢ ᠱᠢᠢᠳᠪᠦᠷᠢᠯᠡᠬᠦ᠌ 《ᠭᠣᠣᠯ ᠠᠷᠭ᠎ᠠ ᠵᠠᠮ》 ᠪᠣᠯᠭᠠᠬᠤ ᠬᠡᠷᠡᠭ᠌ᠲᠡᠢ᠃ ᠠᠢᠯ ᠲᠣᠰᠭᠣᠨ᠎ᠠᠴᠠ ᠳᠣᠷᠣᠭ᠍ᠰᠢ ᠪᠠᠢᠭ᠎ᠠ《ᠨᠠᠮ᠎ᠤᠨ ᠳᠤᠭᠤᠢᠯᠠᠩ + ᠲᠤᠤᠷᠵᠢᠯ᠎ᠤᠨ ᠠᠵᠢᠯᠲᠠᠨ + ᠡᠷᠦᠬᠡ ᠬᠣᠯᠪᠣᠭᠠᠯᠠᠭ᠍ᠰᠠᠨ ᠳᠠᠷᠤᠭ᠎ᠠ》 ᠶ᠋ᠢᠨ ᠦᠨᠳᠦᠰᠦᠨ ᠱᠠᠲᠤᠨ᠎ᠤ ᠪᠢᠴᠢᠯ ᠵᠠᠰᠠᠯᠲᠠ᠎ᠶ᠋ᠢᠨ ᠱᠢᠰᠲ᠋ᠧᠮ  ᠤ᠋ᠨ ᠪᠠᠢᠭᠤᠯᠤᠯᠲᠠ᠎ᠶ᠋ᠢ ᠣᠨᠣᠴᠠᠲᠠᠶ᠎ᠪᠠᠷ ᠴᠢᠩᠭᠠᠳᠭᠠᠵᠤ᠂ ᠣᠯᠠᠨ ᠲᠦᠮᠡᠨ᠎ᠲᠡᠶ ᠬᠠᠷᠢᠯᠴᠠᠵᠤ ᠣᠯᠠᠨ ᠲᠦᠮᠡᠨ᠎ᠳᠦ ᠦᠶ᠋ᠯᠡᠴᠢᠯᠡᠬᠦ᠌᠂ ᠵᠥᠷᠢᠴᠡᠯ ᠵᠠᠭᠤᠷᠠᠯᠳᠤᠭᠠᠨ᠎ᠢ ᠨᠠᠮᠳᠠᠭᠤᠯᠬᠤ ᠠᠵᠢᠯ᠎ᠢ ᠡᠷᠦᠬᠡ ᠪᠦᠷᠢ᠎ᠪᠡᠷ ᠭᠦᠶ᠋ᠴᠡᠳᠭᠡᠬᠦ᠌ ᠬᠡᠷᠡᠭ᠌ᠲᠡᠶ ᠭᠡᠵᠦ ᠱᠠᠭᠠᠷᠳᠠᠪᠠ᠃



ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号