ᠦᠪᠦᠷ ᠮᠤᠨᠭᠭᠤᠯ ᠎ᠦᠶ᠋ᠯᠡᠳᠬᠦ᠌ ᠦᠶ᠋ᠯᠡᠰ ᠎ᠦᠨ ᠴᠢᠨᠠᠷ ᠰᠠᠢᠲᠠᠶ ᠬᠥᠭ᠌ᠵᠢᠯᠲᠡ ᠶ᠋ᠢᠨ ᠲᠤᠰᠭᠠᠶ ᠪᠠᠯᠠ ᠮᠥᠩᠭᠥ ᠵᠢ 4.45 ᠳ᠋ᠦᠩᠱᠢᠭᠤᠷ ᠲᠥᠭᠥᠷᠢᠭ ᠪᠠᠭᠤᠯᠭᠠᠪᠠ
2026-05-29 10:34:20
ᠵᠣᠬᠢᠶᠠᠭ᠍ᠴᠢ᠄
ᠳᠡᠯᠭᠡᠷᠬᠦᠦ
ᠣᠩᠱᠢᠭ᠍ᠰᠠᠨ ᠣᠳᠠᠭ᠎ᠠ᠄
★★★☆☆

 ᠤᠢ᠍ᠢᠷ᠎ᠠ᠎ᠳᠤ᠂ ᠦᠢᠯᠡᠳᠬᠦ᠌ ᠦᠢᠯᠡᠰ᠎ᠦᠨ ᠴᠢᠨᠠᠷ ᠰᠠᠢᠲᠠᠢ ᠬᠥᠭ᠌ᠵᠢᠯᠲᠡ ᠶ᠋ᠢ ᠪᠦᠬᠦ᠌ ᠬᠦᠴᠦᠨ᠎ᠢᠶᠡᠷ᠎ᠢᠶᠡᠨ ᠳᠡᠮᠵᠢᠵᠦ᠍᠂ ᠤᠯᠠᠮᠵᠢᠯᠠᠯᠲᠤ ᠠᠵᠤ ᠦᠢᠯᠡᠰ ᠎ᠦᠨ ᠬᠡᠯᠪᠡᠷᠢ᠎ᠪᠡᠨ ᠬᠤᠪᠢᠷᠠᠭᠤᠯᠤᠨ ᠳᠡᠰ ᠳᠡᠪᠱᠢᠬᠦ᠌᠂ ᠱᠢᠨ᠎ᠡ᠎ᠪᠡᠷ ᠮᠠᠨᠳᠤᠭ᠍ᠰᠠᠨ ᠠᠵᠤ ᠦᠢᠯᠡᠰ ᠪᠠ ᠢᠷᠡᠭᠡᠳᠦᠢ ᠶ᠋ᠢᠨ ᠠᠵᠤ ᠦᠢᠯᠡᠰ ᠎ᠢ ᠬᠦᠭᠵᠢᠬᠦᠯᠦᠨ ᠪᠤᠵᠠᠭᠠᠢᠷᠠᠭᠤᠯᠬᠤ ᠵᠡᠷᠬᠡ ᠤᠯᠠᠨ ᠲᠠᠯ᠎ᠠ᠎ᠪᠠᠷ ᠱᠢᠪᠲᠤᠯᠤᠯᠲᠠ ᠭᠠᠷᠭᠠᠬᠤ᠎ᠳᠤ ᠬᠦᠴᠦᠷᠬᠡᠭ ᠶᠡᠬᠡ ᠬᠥᠳᠡᠯᠭᠡᠬᠦ᠌ ᠬᠦᠴᠦᠨ ᠨᠡᠮᠡᠷᠢᠯᠡᠬᠦ᠌ ᠵᠢᠨ ᠲᠦᠯᠦᠭᠡ ᠦᠪᠦᠷ ᠮᠤᠨᠭᠭᠤᠯ ᠎ᠤᠨ ᠥᠪᠡᠷᠲᠡᠭᠡᠨ ᠵᠠᠰᠠᠬᠤ ᠣᠷᠣᠨ᠎ᠤ ᠠᠵᠤ ᠦᠢᠯᠡᠳᠪᠦᠷᠢ ᠪᠠ ᠮᠡᠳᠡᠭᠡ ᠵᠠᠩᠭᠢᠵᠢᠯᠲᠠ ᠶ᠋ᠢᠨ ᠲᠢᠩᠬᠢᠮ ᠡᠴᠡ 2026 ᠣᠨ᠎ᠤ ᠥᠪᠡᠷᠲᠡᠭᠡᠨ ᠵᠠᠰᠠᠬᠤ ᠣᠷᠣᠨ᠎ᠤ ᠦᠢᠯᠡᠳᠬᠦ᠌ ᠦᠢᠯᠡᠰ᠎ᠦᠨ ᠴᠢᠨᠠᠷ ᠰᠠᠢᠲᠠᠢ ᠬᠥᠭ᠌ᠵᠢᠯᠲᠡ ᠶ᠋ᠢᠨ ᠲᠤᠰᠭᠠᠢ ᠪᠡᠯᠡ ᠮᠥᠩᠭᠥ ᠶ᠋ᠢ 4.45 ᠳ᠋ᠦᠩᠱᠢᠭᠤᠷ ᠲᠥᠭᠥᠷᠢᠭ ᠪᠠᠭᠤᠯᠭᠠᠵᠠᠢ᠂ ᠡᠭᠦᠨ᠎ᠳᠦ ᠠᠵᠤ ᠠᠬᠤᠢᠯᠠᠯ᠎ᠳᠤ ᠱᠢᠭᠤᠳ ᠠᠱᠢᠭ ᠬᠦᠷᠲᠡᠭᠡᠬᠦ᠌ ᠪᠡᠯᠡ ᠮᠥᠩᠭᠥ᠌ 4.23 ᠳ᠋ᠦᠩᠱᠢᠭᠤᠷ ᠲᠥᠭᠥᠷᠢᠭ᠎ᠪᠤᠢ᠃

ᠲᠤᠰᠭᠠᠶ ᠪᠠᠯᠠ ᠮᠥᠩᠭᠥ ᠨᠢ ᠦᠶ᠋ᠯᠡᠳᠬᠦ᠌ ᠦᠶ᠋ᠯᠡᠰ ᠎ᠦᠨ ᠮᠡᠷᠭᠡᠵᠢᠯ᠎ᠦᠨ ᠥᠭᠡᠷᠡᠴᠢᠯᠡᠯᠲᠡ᠂ ᠲᠥᠬᠥᠭᠡᠷᠦᠮᠵᠢ ᠶ᠋ᠢᠨ ᠱᠢᠨᠡᠴᠢᠯᠡᠯᠲᠡ᠂ ᠪᠠᠯᠠ ᠬᠤᠷᠠᠮᠳᠤᠭᠤᠯᠭ᠎ᠠ ᠶ᠋ᠢᠨ ᠵᠢᠭᠡᠯᠡᠯᠭᠡ ᠶ᠋ᠢᠨ ᠳᠠᠮ ᠬᠦᠦ ᠮᠦᠩᠬᠦ᠂ ᠠᠵᠤ ᠠᠬᠤᠢᠯᠠᠯ᠎ᠤᠨ ᠱᠢᠨ᠎ᠡ ᠶ᠋ᠢ ᠡᠭᠦᠳᠬᠦ᠌ ᠴᠢᠳᠠᠪᠤᠷᠢ ᠶ᠋ᠢ ᠲᠡᠭᠡᠭᠰᠢᠯᠡᠬᠦᠯᠬᠦ᠂ ᠪᠣᠬᠢᠷᠲᠤᠯ ᠥᠬᠡᠶ ᠨᠡᠭᠦᠷᠡᠰᠦᠲᠥ᠋ᠷᠥᠭ᠌ᠴᠢ ᠪᠠᠭ᠎ᠠ ᠳᠠᠢᠰᠢ ᠬᠡᠯᠪᠡᠷᠢ ᠶ᠋ᠢ ᠬᠤᠪᠢᠷᠠᠭᠤᠯᠬᠤ᠂ ᠤᠰᠤ ᠠᠷᠪᠢᠯᠠᠬᠤ ᠡᠨᠧᠷᠭᠢ ᠶ᠋ᠢᠨ ᠦᠷ᠎ᠡ ᠪᠦᠲᠦᠮᠵᠢ ᠶ᠋ᠢ ᠳᠡᠭᠡᠭ᠌ᠰᠢᠯᠡᠭᠦᠯᠬᠦ᠌᠂ ᠠᠵᠤ ᠦᠶ᠋ᠯᠡᠳᠪᠦᠷᠢ ᠶ᠋ᠢᠨ ᠵᠥᠭᠡᠯᠡᠨ ᠲᠣᠨᠣᠭ ᠰᠤᠳᠤᠯᠤᠨ ᠨᠡᠭᠡᠭᠡᠬᠦ᠌᠂ ᠰᠦ᠎ᠶᠢᠨ ᠦᠶ᠋ᠯᠡᠰ᠎ᠢ ᠬᠥᠭ᠌ᠵᠢᠭᠦᠯᠦᠨ ᠮᠠᠨᠳᠤᠭᠤᠯᠬᠤ ᠵᠡᠷᠭᠡ 17 ᠭᠤᠤᠯᠳᠠᠯᠭ᠎ᠠ᠎ᠲᠠᠶ ᠳᠡᠮᠵᠢᠬᠦ᠌ ᠬᠦᠷᠢᠶᠡᠨ᠎ᠳᠦ ᠠᠩᠬᠠᠷᠤᠯ᠎ᠢᠶᠠᠨ ᠲᠥᠪᠯᠡᠷᠡᠭᠦᠯᠵᠦ᠍᠂ ᠪᠥᠬᠥ᠌ ᠣᠷᠣᠨ᠎ᠤ 335 ᠠᠵᠤ ᠦᠶ᠋ᠯᠡᠰ᠎ᠦᠨ ᠬᠥᠭ᠌ᠵᠢᠯᠲᠡ ᠶ᠋ᠢᠨ ᠲᠥᠷᠥᠯ ᠵᠦᠶ᠋ᠯ᠎ᠢ ᠲᠡᠳᠬᠦᠬᠦ ᠪᠤᠯᠤᠨ᠎ᠠ᠃

《ᠥᠪᠡᠷᠲᠡᠭᠡᠨ ᠵᠠᠰᠠᠬᠤ ᠣᠷᠣᠨ ᠎ᠤ ᠦᠶ᠋ᠯᠡᠳᠬᠦ᠌ ᠦᠶ᠋ᠯᠡᠰ᠎ᠦᠨ ᠴᠢᠨᠠᠷ ᠰᠠᠢᠲᠠᠶ ᠬᠥᠭ᠌ᠵᠢᠯᠲᠡ ᠶ᠋ᠢᠨ ᠲᠤᠰᠭᠠᠶ ᠪᠠᠯᠠ ᠮᠥᠩᠭᠥ᠌ ᠨᠢ ᠠᠵᠤ ᠠᠬᠤᠢᠯᠠᠯ᠎ᠤᠨ ᠬᠦᠴᠢᠷᠳᠡᠯ᠎ᠢ ᠱᠢᠶ᠋ᠳᠪᠦᠷᠢᠯᠡᠨ ᠳᠠᠷᠤᠭᠠᠰᠤ ᠶ᠋ᠢ ᠬᠥᠩᠭᠡᠷᠡᠭᠦᠯᠵᠦ᠍᠂ ᠡᠨᠧᠷᠭᠢ ᠣᠯᠭᠣᠵᠤ ᠦᠷ᠎ᠡ ᠠᠱᠢᠭ᠎ᠢ ᠨᠡᠮᠡᠭ᠌ᠳᠡᠭᠦᠯᠵᠦ᠍᠂ ᠵᠠᠬ᠎ᠠ ᠳᠡᠯᠭᠡᠭᠦᠷ᠎ᠦᠨ ᠢᠲᠡᠭᠡᠯ᠎ᠢ ᠪᠦᠲᠦᠮᠵᠢᠲᠡᠶ ᠳᠡᠭᠡᠭ᠌ᠰᠢᠯᠡᠭᠦᠯᠤᠨ᠎ᠠ᠃ ᠲᠤᠰᠭᠠᠶ ᠪᠠᠯᠠ ᠮᠥᠩᠭᠥ ᠶ᠋ᠢ ᠥᠨᠳᠥᠷ ᠦᠷ᠎ᠡ ᠪᠦᠲᠦᠮᠵᠢᠲᠡᠶ᠎ᠪᠡᠷ ᠪᠠᠭᠤᠯᠭᠠᠨ ᠥᠭ᠌ᠴᠦ᠂ ᠱᠢᠭᠤᠳ ᠬᠦᠷᠭᠡᠵᠦ᠍ ᠲᠦᠷᠭᠡᠨ ᠡᠳ᠋ᠯᠡᠭᠦᠯᠪᠡᠯ᠂ ᠠᠵᠤ ᠠᠬᠤᠢᠯᠠᠯ᠎ᠤᠨ〈ᠪᠠᠯᠠ ᠬᠤᠷᠠᠮᠳᠤᠭᠤᠯᠬᠤ᠎ᠳᠤ ᠬᠦᠴᠢᠷᠲᠡᠶ ᠂ ᠬᠡᠯᠪᠡᠷᠢ᠎ᠪᠡᠨ ᠬᠤᠪᠢᠷᠠᠭᠤᠯᠬᠤ᠎ᠳᠤ ᠤᠳᠠᠭᠠᠨ᠂ ᠱᠢᠨ᠎ᠡ ᠶ᠋ᠢ ᠡᠭᠦᠳᠬᠦ ᠨᠢ ᠪᠠᠭᠤᠷᠠᠶ〉ᠵᠡᠷᠭᠡ ᠲᠣᠪᠣᠢᠮ᠎ᠠ ᠠᠰᠠᠭᠤᠳᠠᠯ᠎ᠢ ᠪᠦᠲᠦᠮᠵᠢᠲᠡᠶ ᠱᠢᠶ᠋ᠳᠪᠦᠷᠢᠯᠡᠵᠦ᠍᠂ ᠪᠥᠬᠥ᠌ ᠣᠷᠣᠨ᠎ᠤ ᠦᠶ᠋ᠯᠡᠳᠬᠦ᠌ ᠦᠶ᠋ᠯᠡᠰ  ᠎ᠤᠨ ᠳᠡᠭᠡᠳᠦ ᠲᠡᠰᠵᠢᠯᠬᠦ᠂ ᠤᠶᠤᠨᠴᠢᠯᠠᠬᠤ ᠪᠠ ᠪᠣᠬᠢᠷᠲᠤᠯ ᠥᠭᠡᠢ ᠲᠡᠢᠰᠢ ᠬᠡᠯᠪᠡᠷᠢ᠎ᠪᠡᠨ ᠬᠤᠪᠢᠷᠠᠭᠤᠯᠤᠨ ᠲᠠᠰ ᠳᠡᠪᠱᠢᠭᠦᠯᠬᠦ᠌ ᠶ᠋ᠢ ᠠᠬᠢᠭᠤᠯᠵᠤ᠂ ᠥᠪᠡᠷᠲᠡᠭᠡᠨ ᠵᠠᠰᠠᠬᠤ ᠣᠷᠣᠨ᠎ᠤ ᠠᠵᠤ ᠦᠶ᠋ᠯᠡᠳᠪᠦᠷᠢ ᠶ᠋ᠢᠨ ᠠᠵᠤ ᠠᠬᠤᠶ ᠶ᠋ᠢᠨ ᠶᠠᠰᠤ ᠴᠢᠨᠠᠷ᠎ᠢ ᠪᠦᠲᠦᠮᠵᠢᠲᠡᠶ ᠳᠡᠭᠡᠭ᠌ᠰᠢᠯᠡᠭᠦᠯᠬᠦ᠌ ᠪᠠ ᠲᠣᠭ᠎ᠠ ᠬᠡᠮᠵᠢᠶ᠎ᠡ ᠶ᠋ᠢ ᠵᠦᠶ ᠵᠣᠬᠢᠰᠲᠠᠶ ᠨᠡᠮᠡᠭ᠌ᠳᠡᠭᠦᠯᠬᠦ᠌᠎ᠳᠦ ᠪᠠᠲᠤ ᠪᠠᠬᠢ ᠲᠤᠯᠭᠠᠭᠤᠷᠢᠯᠠᠯ ᠬᠠᠩᠭᠠᠨ᠎ᠠ》 ᠬᠡᠵᠦ ᠥᠪᠡᠷᠲᠡᠭᠡᠨ ᠵᠠᠰᠠᠬᠤ ᠣᠷᠣᠨ᠎ᠤ ᠠᠵᠤ ᠦᠶ᠋ᠯᠡᠳᠪᠦᠷᠢ ᠪᠠ ᠮᠡᠳᠡᠭᠡ ᠵᠠᠩᠭᠢᠵᠢᠯᠲᠠ ᠶ᠋ᠢᠨ ᠲᠢᠩᠬᠢᠮ᠎ᠦᠨ ᠬᠠᠮᠢᠶ᠎ᠠ ᠪᠥᠬᠥᠶ ᠬᠠᠷᠢᠭᠤᠴᠠᠯᠭᠠᠲᠠᠨ ᠢᠯᠡᠷᠬᠡᠢᠯᠡᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号