ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠎ᠦᠨ ᠠᠵᠢᠯᠲᠠᠳ᠎ᠲᠤ ᠬᠦᠨᠳᠦᠳᠭᠡᠯ ᠳᠡᠪᠱᠢᠭᠦᠯᠦᠶ᠎ᠡ !
2026-05-30 11:14:35
ᠵᠣᠬᠢᠶᠠᠭ᠍ᠴᠢ᠄
ᠠᠨ ᠬᠤᠸᠠ ᠢ
ᠣᠩᠱᠢᠭ᠍ᠰᠠᠨ ᠣᠳᠠᠭ᠎ᠠ᠄
★★★☆☆

ᠬᠥᠮᠦᠰ᠎ᠢ ᠵᠣᠷᠢᠭ᠍ᠵᠢᠭᠤᠯᠤᠮ᠎ᠠ ᠠᠯᠢ ᠤᠯᠠᠨ ᠴᠢᠬᠤᠯᠠ ᠶᠡᠬᠡ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠦᠷ᠎ᠡ ᠪᠦᠲᠦᠭᠡᠯ ᠢᠯᠡᠷᠡᠵᠦ᠍᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠎ᠦᠨ 10 ᠬᠣᠱᠢᠭᠤᠴᠢ   《 ᠬᠠᠮᠤᠭ ᠎ᠤᠨ ᠭᠤᠶᠤ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠎ᠦᠨ ᠠᠵᠢᠯᠳᠠᠨ 》 ᠵᠢᠡᠷ ᠦᠨᠡᠯᠡᠭ᠌ᠳᠡᠵᠦ᠍᠂  ᠤᠯᠠᠨ ᠲᠦᠮᠡᠨ ᠡᠯ᠎ᠡ ᠲᠦᠷᠦᠯ  ᠎ᠦᠨ ᠱᠢᠨᠵᠢᠯᠡᠬᠦ᠌ ᠤᠬᠠᠭᠠᠨ ᠤ᠋ ᠮᠡᠳᠡᠯᠭᠡ ᠵᠢ ᠲᠦᠭᠡᠮᠡᠯᠵᠢᠭᠦᠯᠬᠦ᠌ ᠠᠵᠢᠯᠯᠠᠭ᠎ᠠ ᠳᠤᠮᠳᠠ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠷᠢᠳᠢ ᠱᠢᠳᠢ᠎ᠶ᠋ᠢ ᠭᠦᠨᠵᠡᠭᠡᠢ ᠪᠡᠶᠡᠴᠢᠯᠡᠨ ᠤᠢᠯᠠᠭᠠᠪᠠ ᠁ ᠠᠷᠪᠠᠳᠡᠬᠢ《ᠪᠦᠬᠦ᠌ ᠤᠯᠤᠰ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠠᠵᠢᠯᠳᠠᠨ ᠎ᠤ ᠡᠳᠦᠷ 》 ᠬᠦᠷᠴᠦ᠍ ᠢᠷᠡᠬᠦ᠌ ᠲᠠᠱᠢᠷᠠᠮ᠎ᠢᠶᠠᠷ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠎ᠦᠨ ᠠᠵᠢᠯᠳᠠᠨ᠎ᠳᠤ ᠬᠦᠨᠳᠦᠳᠭᠡᠯ ᠳᠡᠪᠱᠢᠭᠦᠯᠦᠭᠰᠡᠨ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠬᠦᠴᠦᠨ ᠎ᠢ ᠢᠯᠡᠷᠡᠭᠦᠯᠦᠭᠰᠡᠨ ᠠᠵᠢᠯᠯᠠᠭ᠎ᠠ ᠥᠪᠥᠷ ᠮᠣᠩᠭᠣᠯ᠎ᠤᠨ ᠡᠬᠡ ᠭᠠᠵᠠᠷ᠎ᠲᠤ ᠬᠥᠭ᠌ᠵᠢᠶᠡᠨᠲᠡᠢ ᠶᠠᠪᠤᠭ᠍ᠳᠠᠪᠠ᠃

ᠵᠠᠷᠢᠮ ᠬᠥᠮᠦᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠠᠵᠢᠯᠲᠠᠳ ᠤᠷᠳᠤ ᠬᠤᠭᠤᠴᠠᠭ᠎ᠠ ᠪᠡᠷ ᠤᠢᠳᠬᠠᠷ᠎ᠢ ᠢᠯᠠᠬᠤ ᠲᠡᠪᠴᠢᠶᠡᠷᠢ ᠪᠡᠷ ᠬᠠᠳᠠᠭᠤᠵᠢᠯᠳᠠᠢ ᠠᠵᠢᠯᠯᠠᠵᠤ ᠰᠢᠷᠭᠠᠭᠤ ᠰᠤᠳᠤᠯᠵᠤ᠂  ᠠᠯᠢ ᠤᠯᠠᠨ ᠪᠤᠯᠤᠯᠴᠠᠭ᠎ᠠ ᠦᠭᠡᠢ ᠬᠡᠮᠡᠭᠳᠡᠭᠰᠡᠨ ᠢ᠋ ᠪᠤᠳᠠᠳᠤ ᠶᠠᠪᠤᠳᠠᠯ ᠪᠤᠯᠭᠠᠨ ᠪᠡᠶᠡᠯᠡᠭᠦᠯᠦᠨ᠎ᠠ᠃ ᠡᠨᠡ ᠪᠣᠯ ᠥᠪᠥᠷ ᠮᠣᠩᠭᠣᠯ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠠᠵᠢᠯᠲᠠᠳ᠎ᠤᠨ ᠲᠤᠬᠠᠢ ᠬᠠᠮᠤᠭ᠎ᠤᠨ ᠦᠨᠡᠨ ᠪᠣᠳᠠᠲᠠᠢ ᠵᠢᠷᠤᠭ᠍ᠯᠠᠯ ᠪᠣᠯᠤᠨ᠎ᠠ᠃ ᠵᠠᠩ ᠫᠸᠩ ᠵᠢᠤᠢ ᠠᠺᠠᠳᠧᠮᠢᠴᠢ ᠪᠠᠷᠢᠯᠭ᠎ᠠ᠎ᠶ᠋ᠢᠨ ᠬᠦᠷᠢᠶᠡᠨ᠎ᠳᠦ ᠬᠡᠳᠦᠨ ᠠᠷᠪᠠᠨ ᠵᠢᠯ ᠦᠨᠳᠦᠰᠦᠯᠡᠵᠦ᠍᠂ ᠪᠠᠷᠢᠯᠭ᠎ᠠ᠎ᠶ᠋ᠢᠨ ᠤᠷᠠᠯᠢᠭ᠎ᠤᠨ ᠥᠭᠦᠯᠡᠯ᠎ᠢᠶᠡᠨ ᠥᠷᠭᠡᠨ ᠠᠭᠤᠳᠠᠮ ᠡᠬᠡ ᠭᠠᠵᠠᠷ᠎ᠲᠤ ᠪᠢᠴᠢᠭᠰᠡᠨ ᠪᠢᠯᠡ;  ᠯᠦ᠍ ᠵᠠᠨ ᠶᠤᠸᠠᠨ ᠠᠺᠠᠳᠧᠮᠢᠴᠢ ᠣᠷᠳᠣ ᠬᠤᠭᠤᠴᠠᠭ᠎ᠠ᠎ᠪᠠᠷ ᠲᠠᠷᠢᠶᠠᠨ ᠭᠠᠵᠠᠷ᠎ᠤᠨ ᠰᠠᠯᠬᠢᠨ᠎ᠳᠤ ᠢᠳᠡᠭ᠌ᠳᠡᠬᠦ᠌᠎ᠶ᠋ᠢ ᠰᠡᠷᠭᠡᠢᠯᠡᠨ ᠵᠠᠰᠠᠬᠤ ᠪᠠ ᠭᠠᠵᠠᠷ᠎ᠤᠨ ᠦᠩ ᠱᠢᠮ᠎ᠡ᠎ᠶ᠋ᠢ ᠳᠡᠭᠡᠭ᠌ᠰᠢᠯᠡᠭᠦᠯᠬᠦ ᠰᠤᠳᠤᠯᠭᠠᠨ ᠳ᠋ᠤ ᠰᠢᠮᠳᠠᠵᠤ᠂ ᠤᠮᠠᠷᠠᠲᠤ᠎ᠶ᠋ᠢᠨ ᠮᠠᠯ ᠠᠵᠤ ᠠᠬᠤᠶ ᠲᠠᠷᠢᠶᠠᠯᠠᠩ  ᠰᠣᠯᠪᠢᠴᠠᠭ᠍ᠰᠠᠨ ᠣᠷᠣᠨ᠎ᠢ ᠬᠠᠮᠠᠭᠠᠯᠠᠯᠲᠠ᠎ᠶ᠋ᠢᠨ ᠴᠢᠨᠠᠷᠲᠠᠶ ᠲᠠᠷᠢᠶᠠᠨ ᠭᠠᠵᠠᠷ ᠤ᠋ᠨ ᠵᠢᠱ᠌ᠢᠶ᠎ᠡ ᠦᠵᠡᠭᠦᠯᠬᠦ᠌ ᠪᠦᠰᠡ ᠪᠣᠯᠭᠠᠪᠠ ; ᠵᠠᠩ ᠾᠧ ᠫᠢᠩ᠎ᠦᠨ ᠪᠦᠯᠬᠦᠮ᠎ᠦᠨ᠎ᠬᠢᠨ ᠰᠦᠨ ᠬᠦᠴᠢᠯ᠎ᠦᠨ ᠪᠠᠺᠲ᠋ᠧᠷᠢ᠎ᠶ᠋ᠢᠨ ᠦᠷ᠎ᠡ ᠡᠳ᠋᠎ᠦᠨ ᠡᠬᠢ ᠪᠠᠶᠠᠯᠢᠭ᠎ᠢ ᠭᠦᠨᠵᠡᠬᠡᠢ ᠰᠤᠳᠤᠯᠵᠤ᠂ ᠪᠥᠬᠥ᠌ ᠪᠥᠮᠪᠥᠷᠴᠡᠭ᠎ᠦᠨ ᠬᠠᠮᠤᠭ᠎ᠤᠨ ᠶᠡᠬᠡ ᠰᠦᠨ ᠬᠦᠴᠢᠯ᠎ᠦᠨ ᠪᠠᠺᠲ᠋ᠧᠷᠢ᠎ᠶ᠋ᠢᠨ ᠦᠷ᠎ᠡ ᠡᠳ᠋᠎ᠦᠨ ᠡᠬᠢ ᠪᠠᠶᠠᠯᠢᠭ᠎ᠤᠨ ᠬᠥᠮᠥᠷᠭᠡ᠎ᠶ᠋ᠢ ᠪᠠᠢᠭᠤᠯᠪᠠ ᠁ ᠳᠡᠳᠡ ᠤᠷᠠᠨ ᠳᠠᠷᠬᠠᠨ ᠤ᠋ ᠵᠤᠷᠢᠭ ᠰᠠᠨᠠᠭ᠎ᠠ ᠪᠡᠷ ᠤᠭ ᠰᠠᠨᠠᠭ᠎ᠠ ᠪᠠᠨ ᠪᠠᠳᠤ ᠰᠠᠬᠢᠵᠤ᠂ ᠬᠠᠷᠢᠭᠤᠴᠠᠯᠭ᠎ᠠ ᠡᠭᠦᠷᠭᠡᠯᠡᠯ ᠵᠢᠡᠷ ᠬᠦᠴᠢᠷ ᠰᠡᠳᠦᠪ ᠢ᠋ ᠰᠢᠢᠳᠪᠦᠷᠢᠯᠡᠵᠤ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤ᠋ᠨ ᠲᠠᠯ᠎ᠠ ᠪᠡᠷ ᠪᠡᠶ᠎ᠠ ᠪᠠᠨ ᠳᠠᠭᠠᠭᠠᠵᠤ ᠦᠪᠡᠷ ᠢ᠋ ᠪᠠᠨ ᠬᠦᠴᠦᠷᠬᠡᠭᠵᠢᠭᠦᠯᠬᠦ ᠢᠷᠠᠭᠤ ᠲᠤᠤᠯᠢᠰ ᠢ᠋ ᠪᠢᠴᠢᠭᠯᠡᠪᠡ᠃

ᠭᠠᠪᠢᠶ᠎ᠠ ᠎ᠶ᠋ᠢ ᠴᠢᠳᠠᠪᠤᠷᠢᠲᠠᠨ ᠪᠦᠲᠦᠭᠡᠵᠦ᠍᠂ ᠠᠵᠢᠯ ᠦᠢᠯᠡᠰ᠎ᠢ ᠴᠢᠳᠠᠪᠤᠷᠢᠲᠠᠨ ᠬᠦᠭᠵᠢᠬᠦᠯᠦᠨ᠎ᠠ᠃ ᠥᠩᠭᠡᠷᠡᠭ᠌ᠰᠡᠨ ᠵᠠᠮ ᠢ᠋ ᠡᠷᠭᠢᠴᠡᠭᠦᠯᠬᠦᠶ᠎ᠡ᠂ ᠡᠨᠧᠷᠭᠢ ᠨᠦᠬᠡᠴᠡᠯᠡᠬᠦ ᠮᠡᠷᠭᠡᠵᠢᠯ ᠬᠦᠴᠢᠷ ᠢ᠋ ᠲᠤᠭᠤᠯᠤᠨ ᠪᠦᠰᠡᠯᠡᠯᠲᠡ᠎ᠶ᠋ᠢ ᠱᠢᠪᠲᠤᠯᠵᠤ᠂ ᠪᠤᠳᠤᠯᠳᠠ ᠵᠢᠨ ᠬᠦᠴᠦᠨ ᠤ᠋ ᠪᠦᠯᠦᠭᠵᠢᠯ ᠪᠤᠵᠠᠭᠠᠢᠷᠠᠵᠤ᠂ ᠦᠷ᠎ᠡ᠎ᠶ᠋ᠢᠨ ᠦᠶ᠋ᠯᠡᠰ ᠎ᠦᠨ 《ᠢᠯᠳᠡᠰᠦ》 ᠪᠤᠭᠤᠮᠳᠠ ᠰᠢᠪᠳᠤᠯᠪᠠ ᠁ ᠥᠪᠥᠷ ᠮᠣᠩᠭᠣᠯ ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠠᠵᠢᠯ ᠨᠢᠭᠡ ᠪᠦᠷᠢ᠎ᠶ᠋ᠢᠨ ᠠᠷᠤ᠎ᠳᠤ ᠴᠥᠮ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠎ᠦᠨ ᠠᠵᠢᠯᠲᠠᠨ ᠎ᠤ ᠣᠶᠤᠨ ᠤᠬᠠᠭᠠᠨ ᠪᠠ ᠬᠦᠴᠦ᠍ ᠬᠥᠯᠥᠰᠥ᠍ ᠱᠢᠩᠭᠡᠵᠦ᠍ ᠪᠤᠢ᠃ ᠱᠢᠨ᠎ᠡ ᠠᠶᠠᠨ᠎ᠢᠶᠠᠨ ᠪᠠᠷᠠᠯᠠᠬᠤᠶ᠎ᠠ᠂ ᠱᠢᠨ᠎ᠡ ᠴᠢᠨᠠᠷ᠎ᠤᠨ ᠦᠢᠯᠡᠳᠪᠦᠷᠢᠯᠡᠯ ᠎ᠦᠨ ᠬᠦᠴᠦᠨ᠎ᠢ ᠪᠣᠢᠵᠢᠭᠤᠯᠵᠤ᠂ ᠴᠢᠨᠠᠷ ᠰᠠᠢᠲᠠᠢ ᠬᠥᠭ᠌ᠵᠢᠯᠲᠡ᠎ᠶ᠋ᠢ ᠠᠬᠢᠭᠤᠯᠬᠤ᠎ᠳᠤ ᠥᠷᠭᠡᠨ ᠤᠯᠠᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠎ᠦᠨ ᠠᠵᠢᠯᠳᠠᠨ ᠎ᠤ ᠬᠠᠷᠢᠭᠤᠴᠠᠯᠭ᠎ᠠ ᠡᠭᠦᠷᠭᠡᠯᠡᠯ᠎ᠡᠴᠡ ᠨᠡᠩ ᠰᠠᠯᠵᠤ ᠴᠢᠳᠠᠬᠤ ᠦᠭᠡᠢ ᠶᠤᠮ᠃ ᠥᠨᠥᠳᠦᠷ᠂ ᠪᠢᠳᠡ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠠᠵᠢᠯᠲᠠᠨ ᠲᠠ ᠪᠦᠬᠦᠨ ᠳ᠋ᠤ᠎ᠬᠦᠨᠳᠦᠳᠭᠡᠯ ᠳᠡᠪᠱᠢᠭᠦᠯᠵᠦ᠍ ᠪᠠᠢᠭ᠎ᠠ ᠨᠢ ᠳᠠᠷᠤᠢ ᠳᠡᠳᠡᠨ᠎ᠢ ᠤᠯᠠᠨ᠎ᠤ ᠡᠮᠦᠨ᠎ᠡ ᠢᠷᠠᠭᠤ ᠠᠯᠳᠠᠷ᠎ᠤᠨ ᠲᠠᠢᠰᠠᠨ᠎ᠤ ᠭᠤᠤᠯ ᠲᠦᠪ ᠲᠤ᠌ ᠵᠤᠬᠰᠤᠭᠠᠵᠤ᠂ ᠠᠷᠠᠳ ᠲᠦᠮᠡᠨ᠎ᠦ ᠰᠡᠳᠬᠢᠯ ᠳ᠋ᠡᠬᠢ ᠪᠠᠭᠠᠳᠤᠷ ᠪᠣᠯᠭᠠᠬᠤ᠎ᠶ᠋ᠢᠨ ᠲᠥᠯᠥᠭᠡ ᠶᠤᠮ;  ᠨᠡᠩ ᠤᠯᠠᠨ ᠬᠥᠮᠦᠨ᠎ᠢ ᠲᠡᠳᠡᠨ᠎ᠦ ᠦᠯᠢᠭᠡᠷ᠎ᠡᠴᠡ ᠬᠦᠴᠦᠨ ᠴᠢᠳᠠᠯ ᠤᠯᠤᠭᠤᠯᠵᠤ᠂ ᠥᠪᠥᠷ ᠮᠣᠩᠭᠣᠯ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠱᠢᠨ᠎ᠡ ᠎ᠶ᠋ᠢ ᠡᠭᠦᠳᠬᠦ᠌ ᠰᠦᠷ ᠳᠠᠯᠠᠢᠴᠠᠲᠠᠢ ᠬᠥᠳᠡᠯᠭᠡᠬᠦ᠌ ᠡᠨᠧᠷᠭᠢ᠎ᠶ᠋ᠢ ᠨᠢᠭ᠍ᠲᠠᠷᠠᠭᠤᠯᠬᠤ ᠎ᠶ᠋ᠢᠨ ᠲᠥᠯᠥᠭᠡ ᠶᠤᠮ᠃

《ᠠᠷᠪᠠᠨ ᠲᠠᠪᠤᠳᠤᠭᠠᠷ ᠲᠠᠪᠤᠨ ᠵᠢᠯ》 ᠳ᠋ᠤ ᠡᠷᠡᠯᠬᠡᠭ᠌ᠯᠡᠨ ᠤᠷᠤᠭ᠍ᠰᠢᠯᠠᠵᠤ᠂ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠱᠢᠨ᠎ᠡ ᠬᠠᠭᠤᠳᠠᠰᠤ᠎ᠶ᠋ᠢ ᠪᠢᠴᠢᠭ᠌ᠯᠡᠨ᠎ᠡ᠃ ᠰᠡᠳᠭᠢᠯ ᠱᠢᠭᠤᠳᠤᠨ ᠰᠤᠳᠤᠯᠭᠠᠨ ᠬᠢᠵᠤ᠂ ᠨᠣᠶᠠᠨ ᠤᠷᠬᠢᠯ᠎ᠳᠤ ᠵᠣᠷᠢᠭ᠍ᠲᠠᠢ᠎ᠪᠠᠷ ᠠᠪᠠᠷᠢᠳᠠᠭ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠠᠵᠢᠯᠳᠠᠨ ᠨᠢᠭᠡ ᠪᠦᠷᠢ ᠪᠣᠯ ᠴᠥᠮ ᠥᠪᠥᠷ ᠮᠣᠩᠭᠣᠯ᠎ᠤᠨ ᠬᠥᠭ᠌ᠵᠢᠯᠲᠡ᠎ᠶ᠋ᠢᠨ ᠢᠷᠡᠭᠡᠳᠦᠢ᠎ᠶ᠋ᠢ ᠬᠡᠷᠡᠯᠳᠤᠬᠦᠯᠬᠦ 《ᠬᠡᠷᠡᠯ ᠬᠡᠬᠡ ᠵᠢ ᠬᠦᠬᠡᠬᠡᠴᠡᠯᠳᠦᠭᠴᠢ》 ᠪᠣᠯᠤᠨ᠎ᠠ᠃ ᠪᠢᠳᠡ《 ᠬᠡᠷᠡᠯ ᠬᠡᠬᠡ ᠵᠢ ᠬᠦᠬᠡᠬᠡᠴᠡᠯᠳᠦᠭᠴᠢ》 ᠵᠢ ᠬᠠᠮᠲᠤ᠎ᠪᠠᠷ ᠬᠠᠮᠠᠭᠠᠯᠠᠵᠤ᠂《ᠬᠦᠰᠡᠯ ᠵᠡᠭᠦᠳᠦ᠍ ᠪᠠᠨ ᠲᠡᠷᠭᠡᠯᠱᠢᠭᠦᠯᠦᠭ᠌ᠴᠢ》ᠵᠢ ᠬᠠᠮᠲᠤ᠎ᠪᠠᠷ ᠬᠦᠨᠳᠦᠳᠭᠡᠵᠦ᠍᠂ ᠲᠡᠳᠡᠨ᠎ᠳᠦ ᠲᠠᠪᠴᠠᠩ ᠪᠠᠢᠭᠤᠯᠤᠨ ᠦᠭᠴᠤ᠂ ᠦᠩ ᠱᠢᠮᠡᠯᠢᠭ ᠬᠥᠷᠥᠰᠥ᠍ ᠵᠢ ᠬᠠᠩᠭᠠᠶ᠎ᠠ᠃ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠠᠵᠢᠯᠲᠠᠨ ᠨᠢᠭᠡ ᠪᠦᠷᠢ ᠥᠪᠡᠷ ᠥᠪᠡᠷ᠎ᠦᠨ ᠠᠪᠢᠶᠠᠰ ᠴᠢᠳᠠᠪᠤᠷᠢ᠂ ᠬᠦᠴᠦᠨ ᠴᠢᠳᠠᠯ ᠵᠢᠡᠨ ᠪᠠᠳᠠᠷᠠᠭᠤᠯᠵᠤ᠂ ᠨᠠᠩ ᠣᠯᠠᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠎ᠦᠨ ᠱᠢᠨ᠎ᠡ᠎ᠶ᠋ᠢ ᠡᠭᠦᠳᠬᠦ ᠦᠷ᠎ᠡ᠎ᠶ᠋ᠢ ᠥᠪᠥᠷ ᠮᠣᠩᠭᠣᠯ ᠤ᠋ᠨ ᠨᠤᠲᠤᠭ ᠳᠡᠪᠢᠰᠭᠡᠷ ᠲᠤ᠌ ᠰᠠᠴᠤᠵᠤ᠂ ᠬᠦᠴᠦᠷᠬᠡᠭ ᠶᠡᠬᠡ ᠡᠩᠨᠡᠬᠡ ᠪᠤᠯᠵᠤ ᠦᠰᠦᠨ ᠪᠣᠢᠵᠢᠬᠤ ᠵᠢ ᠬᠦᠰᠡᠨ ᠵᠦᠩᠨᠡᠶ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号