ᠣᠷᠳᠣᠰ᠎ᠤᠨ ᠪᠦᠬᠦ ᠠᠷᠠᠳ ᠬᠠᠮᠳᠤ ᠪᠡᠷ ᠡᠳ᠋ᠯᠡᠬᠦ ᠰᠣᠶᠣᠯ ᠵᠢᠭᠤᠯᠴᠢᠯᠠᠯ᠎ᠤᠨ ᠦᠪᠡᠳᠡᠭ᠌ᠰᠢ ᠴᠤᠬᠯᠠᠭᠠᠨ
2026-05-06 10:11:50
ᠵᠣᠬᠢᠶᠠᠭ᠍ᠴᠢ᠄
​ ᠬᠤᠤ ᠱᠢᠤᠸᠠᠢ ᠯᠢᠶᠠᠨ
ᠣᠩᠱᠢᠭ᠍ᠰᠠᠨ ᠣᠳᠠᠭ᠎ᠠ᠄
★★★☆☆

《ᠦᠨᠡᠬᠡᠷ ᠭᠠᠢᠬᠠᠯᠳᠠᠢ! 〈ᠳᠤᠯᠠᠭᠠᠨ ᠬᠣᠲᠠ ᠵᠢᠨ ᠭᠤᠷᠪᠠᠨ ᠲᠤᠬᠯᠠᠯᠳᠠ〉 ᠶ᠋ᠢ ᠰᠤᠨᠢᠷᠬᠠᠬᠤ  ᠪᠦᠷᠢ ᠮᠢᠨᠦ᠍ ᠰᠡᠳᠭᠢᠯ ᠬᠦᠭᠰᠡᠨ ᠲᠤᠬᠳᠤᠯᠤᠨ᠎ᠠ᠂ ᠣᠷᠳᠣᠰ᠎ᠢ ᠪᠣᠳᠣᠵᠤ ᠣᠯᠬᠤ ᠪᠦᠷᠢ ᠬᠤᠸᠠᠷ ᠫᠤᠤᠵᠢᠩ᠎ᠤᠨ ᠭᠠᠢᠬᠠᠮ᠎ᠠ ᠭᠱᠠᠨ ᠲᠤᠷᠠᠰᠤᠮᠵᠢ ᠳ᠋ᠤ ᠲᠤᠳᠤᠷᠠᠨ᠎ᠠ!》 5 ᠰᠠᠷ᠎ᠠ᠎ᠶ᠋ᠢᠨ 1 ᠤ᠋ ᠣᠷᠣᠶ᠂ ᠵᠢᠭᠤᠯᠴᠢᠯᠠᠭᠰᠡᠳ᠎ᠤᠨ ᠪᠠᠬᠠᠷᠬᠠᠯ᠎ᠢ ᠲᠠᠲᠠᠭ᠍ᠰᠠᠨ 《ᠳᠤᠯᠠᠭᠠᠨ ᠬᠣᠲᠠ᠎ᠶ᠋ᠢᠨ ᠭᠤᠷᠪᠠᠨ ᠲᠤᠬᠯᠠᠯᠳᠠ》 ᠬᠤᠸᠠᠷ ᠫᠤᠤᠵᠢᠩ᠎ᠤᠨ ᠦᠵᠡᠭᠦᠯᠭᠡ᠂ ᠵᠢᠯᠣᠭᠣᠴᠢ ᠥᠬᠡᠶ ᠨᠢᠰᠭᠡᠯ᠎ᠦᠨ ᠡᠩᠨᠡᠭᠡ᠎ᠶ᠋ᠢᠨ ᠲᠣᠭ᠍ᠯᠠᠯᠲᠠ ᠪᠠ ᠳᠠᠭᠤᠤ ᠬᠥᠭ᠌ᠵᠢᠮ ᠰᠦᠷᠴᠢᠮᠡᠯ ᠪᠤᠯᠠᠭ᠎ᠤᠨ ᠠᠭᠤᠰᠤᠯᠴᠠᠭ᠍ᠰᠠᠨ ᠲᠣᠭ᠍ᠯᠠᠯᠲᠠ ᠬᠢᠶ᠎ᠠ ᠪᠠᠭ᠍ᠰᠢ ᠲᠣᠭᠣᠷᠢᠭ᠎ᠤᠨ ᠤᠯᠠᠭᠠᠨᠮᠦ᠋ᠷᠡᠨ ᠨᠠᠭᠤᠷ᠎ᠤᠨ ᠬᠥᠪᠡᠭᠡᠨ᠎ᠳᠦ ᠪᠣᠯᠵᠣᠭ᠎ᠠ ᠶᠣᠰᠣᠭᠠᠷ ᠡᠬᠢᠯᠡᠵᠤ᠂ ᠪᠤᠭᠤᠲᠤ᠎ᠡᠴᠡ ᠢᠷᠡᠭ᠌ᠰᠡᠨ ᠵᠢᠭᠤᠯᠴᠢᠯᠠᠬᠴᠢ ᠵᠠᠶ ᠠᠪᠤᠭᠠᠶ 《ᠳᠤᠯᠠᠭᠠᠨ ᠬᠣᠲᠠ᠎ᠶ᠋ᠢᠨ ᠭᠤᠷᠪᠠᠨ ᠲᠤᠬᠯᠠᠯᠳᠠ》 ᠵᠢ ᠲᠠᠬᠢᠨ ᠨᠢᠭᠡ ᠤᠳᠠᠭ᠎ᠠ ᠰᠤᠨᠢᠷᠬᠠᠨ ᠦᠪᠡᠷ ᠤ᠋ᠨ ᠡᠷᠭᠡ ᠦᠭᠡᠢ ᠭᠠᠢᠬᠠᠰᠢ ᠠᠯᠳᠠᠨ᠎ᠠ᠃

ᠡᠨᠡ ᠬᠦ᠌ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠪᠣᠯᠤᠨ ᠤᠷᠠᠯᠢᠭ᠎ᠢ ᠠᠭᠤᠰᠤᠯᠴᠠᠭᠤᠯᠤᠭ᠍ᠰᠠᠨ ᠬᠡᠷᠡᠯ ᠵᠢᠷᠤᠭ᠎ᠤᠨ ᠦᠪᠡᠳᠡᠭ᠌ᠰᠢ ᠴᠤᠬᠯᠠᠭᠠᠨ ᠨᠢ ᠨᠢᠭᠡᠨᠲᠡ 《ᠳᠤᠯᠠᠭᠠᠨ ᠬᠤᠳᠠ》 ᠵᠢᠨ ᠪᠡᠯᠭᠡ ᠳᠡᠮᠳᠡᠭ᠎ᠦᠨ ᠴᠢᠨᠠᠷᠲᠠᠢ ᠦᠵᠡᠮᠵᠢ ᠪᠤᠯᠵᠤ᠂ ᠡᠨᠡ ᠬᠦ᠌ 《5·1》 ᠤ᠋ ᠠᠮᠠᠷᠠᠯᠳᠠ ᠳ᠋ᠤ ᠭᠤᠢᠳᠠ ᠰᠠᠢᠬᠠᠨ ᠬᠡᠯᠪᠡᠷᠢ᠎ᠪᠡᠷ ᠠᠵᠢᠯ ᠤ᠋ᠨ ᠹᠷᠤᠨᠲ᠎ᠲᠦ ᠭᠠᠪᠰᠢᠭᠠᠢᠯᠠᠵᠤ ᠪᠠᠢᠭ᠎ᠠ ᠬᠥᠳᠡᠯᠮᠦᠷᠢᠴᠢᠨ ᠨᠢᠭᠡᠪᠦᠷᠢ᠎ᠳᠦ ᠬᠦᠨᠳᠦᠳᠭᠡᠯ ᠳᠡᠪᠱᠢᠭᠦᠯᠪᠡ᠃

ᠡᠨᠡ ᠵᠢᠯ᠎ᠤᠨ 《5·1》 ᠤ᠋ ᠠᠮᠠᠷᠠᠯᠲᠠ᠎ᠶ᠋ᠢᠨ ᠬᠤᠭᠤᠴᠠᠭᠠᠨ᠎ᠳᠤ᠂ ᠣᠷᠳᠣᠰ ᠬᠣᠲᠠ 48 ᠲᠠᠯᠠᠪᠠᠢ ᠭᠤᠤᠯᠳᠠᠯᠭ᠎ᠠ᠎ᠲᠠᠶ ᠰᠣᠶᠣᠯ ᠵᠢᠭᠤᠯᠴᠢᠯᠠᠯ᠎ᠤᠨ ᠠᠵᠢᠯᠯᠠᠭ᠎ᠠ᠎ᠶ᠋ᠢ ᠨᠠᠷᠢᠯᠢᠭ ᠲᠥᠰᠦᠪᠯᠡᠵᠦ᠍᠂ ᠦᠵᠡᠮᠵᠢ᠎ᠶ᠋ᠢᠨ ᠣᠷᠣᠨ᠎ᠤ ᠪᠡᠶᠡᠴᠢᠯᠡᠨ ᠣᠢᠯᠠᠭᠠᠯᠲᠠ᠂ ᠰᠣᠶᠣᠯ ᠪᠡᠶ᠎ᠡ᠎ᠶ᠋ᠢᠨ ᠲᠠᠮᠢᠷ᠎ᠤᠨ ᠤᠷᠤᠯᠳᠤᠭᠠᠨ᠂ ᠰᠣᠳᠣᠨ ᠲᠣᠭ᠍ᠯᠠᠯᠲᠠ ᠵᠡᠷᠭᠡ ᠬᠡᠯᠪᠡᠷᠢ᠎ᠪᠡᠷ ᠳᠠᠮᠵᠢᠭᠤᠯᠤᠨ᠂ ᠠᠷᠠᠳ ᠣᠯᠠᠨ᠎ᠳᠤ ᠭᠣᠢᠳᠠ ᠰᠠᠢᠬᠠᠨ᠂ ᠪᠥᠬᠥ᠌ ᠠᠷᠠᠳ ᠬᠠᠮᠲᠤ᠎ᠪᠠᠷ ᠡᠳ᠋ᠯᠡᠬᠦ᠌ ᠠᠮᠠᠷᠠᠯᠲᠠ᠎ᠶ᠋ᠢᠨ ᠡᠳᠦᠷ᠎ᠦᠨ ᠰᠣᠶᠣᠯ ᠵᠢᠭᠤᠯᠴᠢᠯᠠᠯ᠎ᠤᠨ ᠦᠪᠡᠳᠡᠭ᠌ᠰᠢ ᠴᠤᠬᠯᠠᠭᠠᠨ ᠢ᠋ ᠬᠦᠷᠭᠡᠪᠡ᠃

《5·1》 ᠤ᠋ ᠠᠮᠠᠷᠠᠯᠲᠠ᠎ᠶ᠋ᠢᠨ ᠲᠦᠷᠦᠬᠦᠤ ᠡᠳᠦᠷ᠂ ᠵᠡᠭᠦᠨᠭᠠᠷ ᠬᠣᠱᠢᠭᠤᠨ᠎ᠤ ᠬᠠᠲᠤᠨ ᠭᠤᠤᠯ᠎ᠤᠨ ᠶᠡᠬᠡ ᠬᠠᠪᠴᠢᠯ᠎ᠤᠨ ᠵᠢᠭᠤᠯᠴᠢᠯᠠᠯ᠎ᠤᠨ ᠣᠷᠣᠨ ᠪᠥᠬᠥ᠌ ᠤᠯᠤᠰ᠎ᠤᠨ ᠡᠯ᠎ᠡ ᠭᠠᠵᠠᠷ᠎ᠤᠨ ᠵᠢᠭᠤᠯᠴᠢᠯᠠᠬᠰᠡᠳ᠎ᠢ ᠤᠭ᠍ᠲᠤᠪᠠ᠃ ᠹᠧᠶ ᠯᠡ ᠳ᠋ᠡ ᠬᠠᠳᠠᠨ ᠬᠠᠨ᠎ᠠ᠎ᠶ᠋ᠢᠨ ᠪᠠᠷᠲᠠᠭ᠎ᠠ ᠱᠢᠨᠵᠢᠯᠡᠬᠦ᠌᠂  ᠭᠤᠯᠭᠤᠭᠤᠷ ᠵᠠᠮ᠂ ᠵᠢᠭᠤᠯᠴᠢᠯᠠᠯ᠎ᠤᠨ ᠣᠩᠭᠣᠴᠠ᠂ NPC ᠨᠢᠭᠤᠴᠠ ᠬᠠᠢᠯᠲᠠ ᠵᠡᠷᠭᠡ ᠬᠥᠳᠡᠯᠭᠡᠭᠡᠨ ᠨᠢ ᠮᠠᠰᠢ ᠰᠣᠨᠢᠷᠬᠠᠯᠲᠠᠶ ᠪᠠᠢᠯ᠎ᠠ᠃ ᠬᠠᠲᠤᠨ ᠭᠤᠤᠯ᠎ᠤᠨ ᠬᠥᠪᠡᠭᠡ ᠪᠡᠷ ᠵᠢᠭᠤᠯᠴᠢᠯᠡᠨ ᠲᠤᠭᠤᠷᠢᠬᠤ ᠳ᠋ᠤ᠂ ᠪᠠᠷᠠᠭᠤᠨ ᠪᠤᠭᠤᠮᠳᠠ ᠵᠢᠨ ᠰᠣᠶᠣᠯ᠎ᠤᠨ ᠴᠢᠬᠤᠯᠠ ᠦᠯᠡᠳᠡᠭ᠌ᠳᠡᠯ᠎ᠨᠢ 170 ᠭᠠᠷᠤᠶ ᠵᠢᠯ᠎ᠦᠨ ᠲᠡᠦᠬᠡ᠎ᠲᠡᠶ ᠼᠦᠢ ᠵᠢᠶᠠ ᠡᠷᠳᠡᠨ ᠤ᠋ ᠲᠤᠰᠬᠤᠨ ᠬᠠᠪᠴᠢᠯ᠎ᠳᠤ ᠨᠢᠭᠤᠭ᠍ᠳᠠᠵᠤ᠂ ᠵᠢᠭᠤᠯᠴᠢᠯᠠᠬᠰᠡᠳ ᠡᠨᠳᠡ ᠼᠸ᠋ ᠬᠢᠬᠦ ᠬᠡᠷ᠂ ᠲᠣᠰᠣᠨ᠎ᠤ ᠦᠶ᠋ᠯᠡᠳᠭᠡᠯ ᠵᠡᠷᠭᠡ ᠤᠯᠠᠮᠵᠢᠯᠠᠯᠲᠤ ᠦᠶ᠋ᠯᠡᠳᠭᠡᠯ᠎ᠢ ᠬᠦᠨᠵᠡᠭᠡᠢ ᠪᠡᠶᠡᠴᠢᠯᠡᠨ ᠣᠢᠯᠠᠭᠠᠵᠤ᠂ ᠡᠯᠵᠢᠭᠡᠨ ᠮᠢᠬᠠᠨ ᠵᠠᠭᠤᠰᠢ᠂ ᠢᠰᠭᠦᠯᠡᠩ ᠱᠢᠩᠭᠡᠨ ᠪᠤᠳᠠᠭ᠎ᠠ ᠵᠡᠷᠭᠡ ᠲᠣᠰ ᠭᠠᠵᠠᠷ᠎ᠤᠨ ᠠᠮᠲᠠᠲᠤ ᠢᠳᠡᠭᠡᠨ᠎ᠡᠴᠡ ᠵᠤᠭᠤᠬᠯᠠᠵᠤ᠂ ᠬᠠᠲᠤᠨ ᠭᠤᠤᠯ᠎ᠤᠨ ᠬᠦᠪᠡᠭᠡᠨ ᠳ᠋ᠡᠬᠢ ᠲᠠᠷᠢᠶᠠᠯᠠᠬᠤ ᠰᠣᠶᠣᠯ᠎ᠢ ᠤᠢᠯᠠᠭᠠᠪᠠ᠃

5 ᠰᠠᠷ᠎ᠠ᠎ᠶ᠋ᠢᠨ 2 ᠎ᠤ᠋ᠨ ᠡᠳᠦᠷ᠂ 2026 ᠣᠨ᠎ᠤ ᠡᠯᠡᠰᠦᠨ ᠴᠥᠯ᠎ᠦᠨ ᠰᠣᠶᠣᠯ ᠵᠢᠭᠤᠯᠴᠢᠯᠠᠯ᠎ᠤᠨ ᠠᠵᠢᠯᠯᠠᠭ᠎ᠠ ᠵᠢᠴᠢ ᠠᠷᠪᠠᠨ ᠲᠠᠪᠤᠳᠤᠭᠠᠷ ᠬᠤᠭᠤᠴᠠᠭᠠᠨ᠎ᠤ 《ᠬᠠᠢᠷ᠎ᠠ ᠪᠢᠯᠬᠠᠬᠰᠡᠨ ᠬᠥᠪᠴᠢ᠎ᠵᠢᠨ ᠡᠯᠡᠰᠤ》 ᠡᠯᠡᠰᠦᠨ ᠴᠥᠯ᠎ᠦᠨ ᠪᠠᠭᠠᠲᠤᠷᠴᠤᠳ᠎ᠤᠨ ᠴᠤᠭ᠍ᠯᠠᠭᠠᠨ ᠬᠠᠩᠭᠢᠨ ᠬᠣᠱᠢᠭᠤᠨ᠎ᠤ ᠳᠤᠭᠤᠢᠳᠠᠯ᠎ᠠ ᠪᠠᠯᠭᠠᠰᠤᠨ᠎ᠳᠤ ᠡᠬᠢᠯᠡᠪᠡ᠃ ᠮᠢᠩᠭ᠎ᠠ ᠭᠠᠷᠤᠢ ᠮᠠᠰᠢᠨ ᠲᠡᠷᠭᠡᠨ ᠤ᠋ ᠪᠠᠬᠠᠳᠠᠨ ᠴᠤᠭ ᠵᠢᠪᠬᠤᠭ᠎ᠠ ᠪᠠᠳᠠᠷᠠᠵᠤ᠂ ᠮᠠᠰᠢᠨ ᠤ᠋ ᠬᠥᠳᠡᠯᠭᠡᠭᠦᠷ᠎ᠦᠨ ᠬᠦᠩᠭᠢᠨᠡᠮ᠎ᠡ ᠲᠠᠭᠤᠨ ᠣᠭ᠍ᠲᠠᠷᠭᠤᠢ᠎ᠳᠤ ᠴᠤᠤᠷᠢᠶᠠᠲᠤᠨ᠂ ᠤᠷᠤᠯᠳᠤᠭᠠᠨ᠎ᠤ ᠮᠠᠱᠢᠨ ᠲᠡᠷᠭᠡ᠎ᠨᠦᠭᠦᠳ ᠲᠡᠰ ᠲᠠᠷᠠᠭ᠎ᠠ ᠲᠠᠢ ᠲᠠᠪᠬᠢᠨ ᠭᠠᠷᠬᠤ ᠵᠢ ᠲᠠᠭᠠᠯᠳᠤᠨ ᠦᠷᠢᠰᠤᠯᠳᠤᠭᠡᠨ ᠪᠠ ᠣᠷᠭᠢᠯᠤᠮ᠎ᠠ ᠬᠠᠯᠠᠭᠤᠨ ᠡᠯᠡᠰᠦᠨ ᠴᠦᠯ᠎ᠦᠨ ᠠᠶᠠᠨ᠎ᠡᠬᠢᠯᠡᠭᠰᠡᠨ ᠢ᠋ ᠵᠠᠷᠯᠠᠯ᠎ᠠ᠃ ᠠᠷᠪᠠᠨ ᠲᠠᠪᠤᠨ ᠵᠢᠯ᠎ᠦᠨ ᠱᠢᠷᠭᠠᠭᠤ ᠴᠢᠷᠮᠠᠢᠯᠭ᠎ᠠ᠎ᠪᠠᠷ ᠳᠠᠮᠵᠢᠭᠠᠳ᠂ ᠡᠨᠡ ᠬᠦ᠌ ᠡᠯᠡᠰᠦᠨ ᠴᠥᠯ᠎ᠦᠨ ᠰᠣᠶᠣᠯ ᠵᠢᠭᠤᠯᠴᠢᠯᠠᠯ᠂ ᠬᠡᠭᠡᠷᠡᠯᠡᠬᠦ᠌ ᠤᠷᠤᠯᠳᠤᠭᠠᠨ᠂ ᠰᠣᠶᠣᠯ᠎ᠤᠨ ᠤᠯᠠᠮᠵᠢᠯᠠᠯ᠂ ᠨᠡᠢᠲᠡ᠎ᠶ᠋ᠢᠨ ᠠᠰᠠᠷᠠᠮᠵᠢ᠎ᠶ᠋ᠢᠨ ᠬᠠᠢᠷ᠎ᠠ ᠬᠠᠯᠠᠮᠵᠢ᠎ᠶ᠋ᠢ ᠨᠢᠭᠡ ᠴᠣᠭ᠍ᠴᠠᠵᠢᠭᠤᠯᠤᠭ᠍ᠰᠠᠨ ᠣᠨ᠎ᠤ ᠦᠪᠡᠳᠡᠭ᠌ᠰᠢ ᠴᠤᠭ᠍ᠯᠠᠭᠠᠨ ᠨᠢ ᠪᠥᠬᠥ᠌ ᠤᠯᠤᠰ᠎ᠤᠨ ᠠᠩᠬᠠᠷᠤᠯ᠎ᠢ ᠲᠠᠲᠠᠭ᠍ᠰᠠᠨ ᠡᠯᠡᠰᠦᠨ ᠴᠥᠯ᠎ᠦᠨ ᠰᠣᠶᠣᠯ ᠵᠢᠭᠤᠯᠴᠢᠯᠠᠯ᠎ᠤᠨ ᠦᠪᠡᠳᠡᠭ᠌ᠰᠢ ᠴᠤᠬᠯᠠᠭᠠᠨ ᠪᠣᠯᠤᠭ᠍ᠰᠠᠨ ᠪᠠᠢᠨ᠎ᠠ᠃

《5·1》 ᠤ᠋ ᠠᠮᠠᠷᠠᠯᠲᠠ᠎ᠶ᠋ᠢᠨ ᠬᠤᠭᠤᠴᠠᠭᠠᠨ᠎ᠳᠤ᠂ ᠡᠵᠡᠨ ᠬᠣᠷᠣᠭ᠎ᠠ ᠬᠣᠱᠢᠭᠤᠨ᠎ᠤ ᠤᠯᠠᠭᠠᠨᠨᠠᠭᠤᠷ ᠤ᠋ᠨ 《ᠬᠠᠪᠤᠷ ᠤ᠋ᠨ ᠤᠯᠠᠷᠢᠯ ᠤ᠋ᠨ ᠨᠠᠢᠷ ᠨᠠᠭᠠᠳᠤᠮ·ᠤᠯᠠᠭᠠᠨᠨᠠᠭᠤᠷ ᠤ᠋ᠨ ᠴᠤᠬᠯᠠᠭ᠎ᠠ ᠮᠠᠢᠮᠠᠢ》ᠰᠣᠶᠣᠯ ᠵᠢᠭᠤᠯᠴᠢᠯᠠᠯ᠎ᠤᠨ ᠱᠢᠷᠢᠰ ᠠᠵᠢᠯᠯᠠᠭ᠎ᠠ ᠭᠣᠢᠳᠠ ᠰᠠᠢᠬᠠᠨ ᠡᠬᠢᠯᠡᠵᠦ᠍᠂ ᠬᠦᠷᠢᠶᠡᠯᠡᠩ ᠲᠣᠭᠣᠷᠢᠭ᠎ᠲᠤ ᠵᠢᠭᠤᠯᠴᠢᠯᠠᠬᠰᠡᠳ ᠴᠤᠬᠯᠠᠷᠠᠨ᠂ ᠬᠦᠷ ᠨᠠᠷᠬᠢᠶᠠᠨ ᠵᠢᠡᠷ ᠪᠢᠯᠬᠠᠵᠤ᠂ ᠬᠣᠲᠠ᠎ᠶ᠋ᠢᠨ ᠠᠷᠠᠳ᠎ᠤᠨ ᠠᠮᠠᠷᠠᠯᠲᠠ᠎ᠶ᠋ᠢᠨ ᠡᠳᠦᠷ ᠰᠡᠯᠡᠭᠦᠴᠡᠨ ᠲᠤᠭᠤᠷᠢᠬᠤ᠂ ᠬᠡᠷ ᠪᠦᠯᠢ᠎ᠪᠡᠷ᠎ᠢᠶᠡᠨ ᠵᠢᠭᠤᠯᠴᠢᠯᠡᠨ ᠨᠠᠭᠠᠳᠭᠤ ᠬᠠᠯᠠᠮᠱᠢᠯ ᠭᠠᠵᠠᠷ ᠪᠣᠯᠪᠠ᠃ ᠤᠯᠠᠭᠠᠨᠨᠠᠭᠤᠷ ᠤ᠋ᠨ ᠣᠯᠠᠨ ᠤᠨᠴᠠᠯᠢᠬᠳᠤ ᠴᠤᠭ᠍ᠯᠠᠭ᠎ᠠ ᠮᠠᠢᠮᠠᠶ᠎ᠶ᠋ᠢᠨ ᠵᠠᠬ᠎ᠠ ᠳᠡᠯᠭᠡᠭᠦᠷ᠎ᠲᠦ᠂ ᠭᠤᠴᠢ ᠭᠠᠷᠤᠶ ᠥᠪᠡᠷᠮᠢᠴᠡ ᠤᠨᠴᠠᠯᠢᠭ᠍ᠳᠤ ᠳᠡᠯᠭᠡᠭᠦᠷ᠎ᠦᠳ ᠵᠢᠭᠳᠡᠷᠠᠨ ᠪᠠᠢᠷᠢᠯᠠᠵᠤ᠂ ᠠᠩᠬᠢᠯᠤᠮ᠎ᠠ ᠰᠠᠢᠬᠠᠨ ᠺᠤᠹᠸ᠂ ᠨᠤᠳᠤᠭ ᠤ᠋ᠨ ᠮᠣᠩᠭᠣᠯ ᠬᠣᠭᠣᠯᠠ᠂ ᠦᠨᠦᠷ ᠠᠮᠲᠠᠲᠤ ᠰᠤᠯᠠ ᠢᠳᠡᠭᠡᠨ᠂ ᠤᠷᠤᠰᠭᠠᠯ ᠳᠠᠭᠠᠭ᠍ᠰᠠᠨ ᠪᠠᠷᠠᠭ᠎ᠠ ᠲᠠᠸᠠᠷ ᠪᠦᠷᠢᠨ ᠪᠠᠢᠵᠤ᠂ ᠳᠡᠯᠭᠡᠭᠦᠷ᠎ᠦᠨ ᠡᠮᠦᠨ᠎ᠠ ᠵᠢᠭᠤᠯᠴᠢᠯᠬᠠᠰᠡᠳ ᠲᠠᠰᠤᠷᠠᠯᠲᠠ ᠥᠬᠡᠶ ᠴᠤᠪᠤᠷᠠᠯᠳᠤᠨ᠎ᠠ; ᠨᠠᠭᠤᠷ᠎ᠢ ᠲᠣᠭᠣᠷᠢᠭ᠍ᠰᠠᠨ ᠶᠠᠪᠠᠭᠠᠨ ᠵᠠᠮ ᠳᠡᠭᠡᠷ᠎ᠡ ᠵᠢᠭᠤᠯᠴᠢᠯᠠᠬᠰᠡᠳ ᠵᠢᠭᠤᠯᠴᠢᠯᠡᠨ ᠲᠤᠭᠤᠷᠢᠵᠤ ᠦᠵᠡᠮᠵᠢ ᠰᠣᠨᠢᠷᠬᠠᠨ᠂ ᠴᠤᠬᠯᠠᠭ᠎ᠠ ᠮᠠᠢᠮᠠᠢ ᠵᠢᠨ ᠠᠮᠳᠠᠳᠤ ᠢᠳᠡᠭᠡᠨ ᠡᠴᠡ ᠵᠤᠭᠤᠬᠯᠡᠵᠤ᠂ ᠬᠠᠪᠤᠷ᠎ᠤᠨ ᠤᠯᠠᠷᠢᠯ ᠤ᠋ᠨ ᠨᠠᠭᠤᠷ᠎ᠤᠨ ᠬᠥᠪᠡᠭᠡᠨ᠎ᠳᠦ ᠬᠥᠭᠵᠢᠶᠠᠨ ᠨᠠᠷᠬᠢᠶᠠᠨ ᠨᠠᠮᠠᠷᠢᠯᠠᠨ᠎ᠠ᠃ ᠡᠳᠤᠷ ᠨᠢ᠂ ᠡᠵᠡᠨ ᠬᠣᠷᠣᠭ᠎ᠠ᠎ᠶ᠋ᠢᠨ ᠤᠷᠠᠯᠢᠭ᠎ᠤᠨ ᠪᠦᠯᠬᠦᠮ᠎ᠦᠨ ᠨᠠᠢᠷᠠᠯ ᠳᠠᠭᠤᠤ᠎ᠶ᠋ᠢᠨ ᠪᠦᠯᠬᠦᠮ᠎ᠦᠨ᠎ᠬᠢᠨ ᠵᠣᠬᠢᠶᠠᠨ ᠪᠦᠲᠦᠭᠡᠭ᠌ᠰᠡᠨ ᠳᠠᠭᠤᠤ᠎ᠪᠠᠨ ᠦᠵᠡᠭᠴᠢ ᠲᠦᠮᠡᠨ ᠳ᠋ᠡᠭᠡᠨ ᠬᠦᠷᠭᠡᠵᠤ᠂ ᠢᠷᠡᠭᠰᠡᠨ ᠪᠦᠬᠦᠨ ᠤ᠋ ᠰᠤᠨᠤᠷ ᠢ᠋ ᠮᠢᠯᠢᠶᠠᠪᠠ; ᠰᠦᠨᠢ ᠨᠢ᠂ ᠡᠯᠡᠰᠦᠨ ᠲᠠᠩ᠎ᠤᠨ ᠺᠢᠨᠣ᠋᠎ᠶ᠋ᠢᠨ ᠣᠷᠳᠣᠨ ᠺᠢᠨᠤ᠋ ᠭᠠᠷᠭᠠᠵᠤ ᠡᠬᠢᠯᠡᠬᠦ ᠳ᠋ᠤ᠂ ᠵᠢᠭᠤᠯᠴᠢᠯᠠᠬᠰᠡᠳ ᠨᠠᠭᠤᠷ᠎ᠤᠨ ᠬᠥᠪᠡᠭᠡᠨ᠎ᠳᠦ ᠬᠦᠷᠢᠶᠡᠯᠡᠨ ᠰᠠᠭᠤᠵᠠᠭᠠᠵᠤ᠂ ᠰᠣᠩᠭᠣᠳᠠᠭ ᠺᠢᠨᠣ᠋᠎ᠶ᠋ᠢ ᠬᠠᠮᠲᠤ᠎ᠪᠠᠷ ᠰᠣᠨᠢᠷᠬᠠᠵᠤ᠂ ᠠᠮᠠᠷᠠᠯᠳᠠ ᠵᠢᠨ ᠡᠳᠤᠷ ᠵᠢᠡᠨ ᠲᠠᠪᠠᠳᠠᠢ ᠰᠠᠢᠬᠠᠨ ᠦᠨᠭᠭᠡᠷᠡᠬᠦᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号