《5·1》 ᠤ᠋ ᠠᠮᠠᠷᠠᠯᠲᠠ᠎ᠶ᠋ᠢᠨ ᠬᠤᠭᠤᠴᠠᠭᠠᠨ᠎ᠳᠤ᠂ ᠪᠠᠶᠠᠨᠨᠠᠭᠤᠷ ᠬᠤᠳᠠ᠎ᠶ᠋ᠢᠨ ᠳ᠋ᠸᠩᠺᠸᠤ ᠱᠢᠶᠠᠨ᠎ᠤ ᠡᠷᠬᠢᠯᠡᠭ᠌ᠰᠡᠨ《ᠳ᠋ᠸᠩᠺᠸᠤ ᠳ᠋ᠦ᠍ ᠢᠷᠡᠵᠦ᠍ ᠮᠤᠨᠠ ᠠᠭᠤᠯᠠ᠎ᠶ᠋ᠢ ᠲᠤᠭᠤᠯᠤᠨ ᠵᠢᠭᠠᠰᠤ ᠠᠮᠳᠠᠯᠠᠬᠤ》ᠠᠵᠢᠯᠯᠠᠭ᠎ᠠ ᠨᠢ ᠦᠭᠡᠷ᠎ᠠ ᠮᠤᠵᠢ᠎ᠶ᠋ᠢᠨ ᠦᠪᠡᠰᠦᠪᠡᠨ ᠲᠡᠷᠭᠡ ᠵᠢᠯᠣᠭᠣᠳᠬᠤ ᠤᠯᠠᠨ ᠵᠢᠭᠤᠯᠴᠢᠯᠠᠭᠰᠠᠳ ᠢ᠋ ᠲᠠᠲᠠᠪᠠ᠃ ᠡᠨᠡ ᠬᠦ᠌ ᠬᠤᠭᠤᠴᠠᠭᠠᠨ᠎ᠳᠤ᠂ ᠳ᠋ᠸᠩᠺᠸᠤ ᠱᠢᠶᠠᠨ᠎ᠤ ᠭᠠᠷᠭᠠᠭᠰᠠᠨ 《ᠮᠤᠨᠠ ᠠᠭᠤᠯᠠ᠎ᠶ᠋ᠢ ᠲᠤᠭᠤᠯᠬᠤ ᠲᠡᠭ ᠺᠢᠯᠤᠮᠸᠲᠷ᠎ᠤᠨ ᠤᠯᠠᠭ᠎ᠠ ᠦᠷᠳᠡᠬᠡ》 ᠨᠢ ᠥᠪᠡᠷᠮᠢᠴᠡ ᠣᠨᠴᠠᠯᠢᠭ᠎ᠲᠠᠶ ᠰᠣᠶᠣᠯ ᠵᠢᠭᠤᠯᠴᠢᠯᠠᠯ ᠢ᠋ ᠪᠡᠶᠡᠴᠢᠯᠡᠨ ᠣᠢᠯᠠᠭᠠᠬᠤ ᠵᠠᠪᠱᠢᠶᠠᠨ ᠬᠠᠩᠭᠠᠪᠠ᠃
5 ᠰᠠᠷ᠎ᠠ᠎ᠶ᠋ᠢᠨ 2 ᠤ᠋ᠨ ᠡᠳᠦᠷ᠂ ᠳ᠋ᠸᠩᠺᠸᠤ ᠱᠢᠶᠠᠨ᠎ᠤ ᠨᠠᠨ ᠬᠤ᠌ ᠨᠤᠭᠤ ᠭᠠᠵᠠᠷ᠎ᠤᠨ ᠴᠡᠴᠡᠷᠯᠢᠭ᠎ᠲᠦ᠂ᠮᠤᠷᠢᠨ ᠬᠤᠭᠤᠷ᠎ᠤᠨ ᠡᠭᠡᠰᠢᠭ ᠬᠠᠩᠬᠢᠨᠠᠵᠤ ᠠᠵᠢᠯᠯᠠᠭ᠎ᠠ ᠵᠢᠨ ᠬᠥᠱᠢᠭᠡ᠎ᠶ᠋ᠢ ᠰᠡᠬᠦᠪᠡ᠃ ᠪᠡᠭᠡᠵᠢᠩ᠎ᠡᠴᠡ ᠢᠷᠡᠭ᠌ᠰᠡᠨ ᠵᠢᠭᠤᠯᠴᠢᠯᠠᠭᠴᠢ ᠭᠤᠤ ᠢᠦᠶ ᠴᠧᠩ ᠨᠥᠬᠥᠳ᠎ᠲᠡᠶ᠎ᠪᠡᠨ ᠡᠨᠳᠡ ᠴᠤᠭ᠍ᠯᠠᠷᠠᠭ᠍ᠰᠠᠨᠤ ᠳᠠᠷᠠᠭ᠎ᠠ᠂ ᠮᠤᠨᠠ ᠠᠭᠤᠯᠠ ᠵᠦᠭ ᠮᠤᠷᠳᠠᠪᠠ᠃ 《ᠮᠣᠷᠳᠠᠬᠤ᠎ᠡᠴᠡ ᠡᠮᠦᠨ᠎ᠡ ᠤᠯᠠᠭ᠎ᠠ ᠥᠷᠲᠡᠭᠡ᠎ᠳᠦ ᠠᠮᠠᠷᠠᠭᠰᠠᠨ᠎ᠨᠢ ᠠᠶᠠᠨ᠎ᠳᠤ ᠬᠦᠷ ᠨᠡᠮᠡᠵᠠᠢ》ᠭᠡᠵᠦ᠍ ᠲᠡᠷᠡ ᠬᠡᠯᠡᠪᠡ᠃ ᠱᠠᠨ ᠰᠢ᠎ᠶ᠋ᠢᠨ ᠵᠢᠭᠤᠯᠴᠢᠯᠠᠭᠴᠢ ᠱ᠌ᠢ᠎ᠲᠡᠶ ᠯᠦᠩ᠂ ᠡᠨᠡ ᠬᠦ᠌ ᠵᠠᠮ ᠱᠤᠭᠤᠮ᠎ᠤᠨ ᠦᠵᠡᠮᠵᠢ ᠭᠤᠶᠤ ᠰᠠᠢᠬᠠᠨ᠂ ᠬᠦᠴᠢᠷ᠎ᠦᠨ ᠬᠡᠮᠵᠢᠶ᠎ᠡ ᠲᠣᠬᠢᠷᠠᠮᠵᠢᠲᠠᠢ᠂ ᠰᠠᠢᠬᠠᠨ ᠰᠣᠩᠭᠣᠯᠲᠠ ᠪᠣᠯᠤᠨ᠎ᠠ ᠭᠡᠪᠡ᠃ ᠨᠢᠩᠱᠢᠶᠠ᠎ᠶ᠋ᠢᠨ ᠵᠢᠭᠤᠯᠴᠢᠯᠠᠭᠴᠢ ᠮᠢ ᠽᠧ ᠠᠭᠤᠯᠠ ᠲᠠᠪᠠᠭᠰᠠᠨᠤ ᠳᠠᠷᠠᠭ᠎ᠠ᠂ ᠮᠤᠨᠠ ᠠᠭᠤᠯᠠ᠎ᠶ᠋ᠢᠨ ᠰᠦᠷ ᠵᠢᠪᠬᠤᠭᠠᠲᠦ ᠪᠠᠢᠳᠠᠯ᠎ᠨᠢ ᠤᠷᠢᠳ ᠡᠮᠦᠨ᠎ᠡ ᠪᠠᠢᠭ᠎ᠠ ᠥᠬᠡᠶ ᠲᠦᠷᠦᠭᠳᠡᠯ ᠠᠪᠴᠢᠷᠠᠵᠠᠶ ᠭᠡᠪᠡ᠃
ᠳ᠋ᠸᠩᠺᠸᠤ ᠱᠢᠶᠠᠨ ᠪᠣᠯ ᠬᠠᠲᠤᠨ ᠭᠤᠤᠯ᠎ᠤᠨ 《ᠶᠡᠬᠡ ᠲᠣᠬᠣᠶ》 ᠤᠷᠤᠨ᠂ ᠤᠯᠠᠭᠠᠨᠪᠤᠬ᠎ᠠ ᠡᠯᠡᠰᠦᠨ ᠴᠥᠯ᠎ᠦᠨ ᠵᠡᠭᠦᠨ ᠵᠠᠬ᠎ᠠ᠎ᠳᠤ ᠪᠠᠢᠷᠢᠯᠠᠵᠤ᠂ ᠮᠤᠨᠠ ᠠᠭᠤᠯᠠᠨ᠎ᠳᠤ ᠣᠷᠣᠬᠤ ᠴᠢᠬᠤᠯᠠ ᠬᠦᠨᠡᠰᠦ ᠲᠤᠰᠤ ᠨᠦᠬᠦᠪᠦᠷᠢᠯᠡᠬᠦ ᠭᠠᠵᠠᠷ ᠪᠣᠯᠤᠨ᠎ᠠ᠃ ᠳ᠋ᠸᠩᠺᠸᠤ ᠱᠢᠶᠠᠨ᠎ᠤ ᠰᠣᠶᠣᠯ ᠪᠡᠶ᠎ᠡ᠎ᠶ᠋ᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ᠎ᠦᠨ ᠲᠣᠪᠴᠢᠶᠠᠨ᠎ᠤ ᠳᠠᠷᠤᠭ᠎ᠠ ᠵᠢᠶᠠ ᠱᠢᠨ ᠱᠢᠶᠠ᠂ ᠲᠣᠰ ᠤᠳᠠᠭᠠᠨ᠎ᠤ ᠠᠵᠢᠯᠯᠠᠭ᠎ᠠ ᠳ᠋ᠤ ᠲᠣᠰ ᠭᠠᠵᠠᠷ᠎ᠤᠨ ᠦᠵᠡᠮᠵᠢ᠎ᠶ᠋ᠢᠨ ᠣᠷᠣᠨ᠎ᠤ ᠴᠤᠭ᠍ᠯᠠᠭ᠎ᠠ ᠮᠠᠢᠮᠠᠶ᠂ ᠰᠥᠨᠢ᠎ᠶ᠋ᠢᠨ ᠲᠣᠭ᠍ᠯᠠᠯᠲᠠ ᠵᠡᠷᠭᠡ ᠵᠢ ᠠᠭᠤᠰᠤᠯᠴᠠᠭᠤᠯᠵᠤ᠂ ᠵᠢᠭᠤᠯᠴᠢᠯᠠᠭ᠍ᠰᠠᠳ᠎ᠤᠨ ᠰᠠᠭᠠᠲᠠᠵᠤ ᠰᠤᠨᠢᠷᠬᠠᠬᠤ ᠪᠠ ᠪᠡᠶᠡᠴᠢᠯᠡᠨ ᠣᠢᠯᠠᠭᠠᠬᠤ ᠬᠦᠰᠡᠯ ᠢ᠋ ᠬᠠᠨᠭᠭᠠᠪᠡ ᠭᠡᠵᠡᠶ᠃
ᠵᠢᠭᠤᠯᠴᠢᠯᠠᠭ᠍ᠰᠠᠳ ᠤᠯᠠᠨ ᠴᠤᠭᠯᠠᠷᠠᠭᠰᠠᠨ ᠨᠢ 《ᠮᠤᠨᠠ ᠠᠭᠤᠯᠠ᠎ᠶ᠋ᠢ ᠲᠤᠭᠤᠯᠬᠤᠢ》 ᠦᠪᠡᠰᠦᠪᠡᠨ ᠲᠡᠷᠭᠡ ᠵᠢᠯᠣᠭᠣᠳᠴᠤ ᠲᠤᠭᠤᠷᠢᠬᠤ ᠰᠣᠶᠣᠯ ᠵᠢᠭᠤᠯᠴᠢᠯᠠᠯ᠎ᠤᠨ ᠲᠦᠷᠦᠯ ᠲᠡᠮᠳᠡᠭ ᠢ᠋ ᠱᠢᠰᠲ᠋ᠧᠮ ᠲᠠᠢ ᠪᠠᠢᠭᠤᠯᠤᠭᠰᠠᠨ ᠡᠴᠡ ᠪᠤᠯᠤᠭᠰᠠᠨ ᠶᠤᠮ᠃ ᠡᠨᠡ ᠬᠦ᠌1600 ᠺᠢᠯᠣᠮᠧᠲ᠋ᠷ ᠣᠷᠳᠣ᠂ 7 ᠬᠣᠱᠢᠭᠤ ᠱᠢᠶᠠᠨ ᠲᠣᠭᠣᠷᠢᠭ᠎ᠢ ᠬᠣᠯᠪᠣᠵᠤ᠂ ᠵᠠᠭᠤ ᠭᠠᠷᠤᠶ ᠲᠡᠦᠬᠡ᠎ᠶ᠋ᠢᠨ ᠳᠤᠷᠠᠰᠭᠠᠯᠲᠤ ᠵᠦᠶ᠋ᠯᠡᠰ ᠪᠣᠯᠤᠨ ᠦᠵᠡᠮᠵᠢ᠎ᠶ᠋ᠢᠨ ᠬᠣᠩᠭᠢᠯ᠎ᠢ ᠬᠣᠯᠪᠣᠭᠰᠠᠨ ᠱᠤᠭᠤᠮ ᠨᠢ ᠨᠢᠭᠡᠨᠲᠡ ᠣᠷᠣᠨ ᠪᠦᠰᠡ᠎ᠶ᠋ᠢᠨ ᠠᠮᠢ ᠠᠬᠤᠶ ᠰᠣᠶᠣᠯ᠎ᠤᠨ ᠡᠬᠢ ᠪᠠᠶᠠᠯᠢᠭ᠎ᠢ ᠨᠡᠢᠳᠭᠡᠭᠰᠡᠨ ᠦᠵᠡᠮᠵᠢ᠎ᠶ᠋ᠢᠨ ᠱᠤᠭᠤᠮ ᠪᠣᠯᠤᠭ᠍ᠰᠠᠨ ᠪᠠᠢᠨ᠎ᠠ᠃ 2025 ᠣᠨ᠎ᠤ 《5·1》 ᠤ᠋ ᠠᠮᠠᠷᠠᠯᠲᠠ᠎ᠶ᠋ᠢᠨ ᠬᠤᠭᠤᠴᠠᠭᠠᠨ᠎ᠳᠤ᠂ ᠲᠣᠰ ᠠᠵᠢᠯᠯᠠᠭ᠎ᠠ᠎ᠳᠤ ᠪᠥᠬᠥ᠌ ᠤᠯᠤᠰ᠎ᠤᠨ 28 ᠮᠤᠵᠢ ᠣᠷᠣᠨ ᠤ᠋ 3 ᠲᠦᠮᠡ ᠭᠠᠷᠤᠶ ᠲᠡᠷᠭᠡ᠂ 7 ᠲᠦᠮᠡ ᠭᠠᠷᠤᠶ ᠬᠥᠮᠦᠨ ᠤᠳᠠᠭ᠎ᠠ ᠣᠷᠣᠯᠴᠠᠵᠠᠶ᠃ ᠡᠨᠡ ᠵᠢᠯ᠎ᠦᠨ 《5·1》 ᠤ᠋ ᠠᠮᠠᠷᠠᠯᠲᠠ᠎ᠶ᠋ᠢᠨ ᠬᠤᠭᠤᠴᠠᠭᠠᠨ᠎ᠳᠤ ᠪᠠᠶᠠᠨᠨᠠᠭᠤᠷ ᠬᠣᠲᠠ᠎ᠶ᠋ᠢᠨ ᠵᠢᠭᠤᠯᠴᠢᠯᠠᠯ᠎ᠤᠨ ᠵᠠᠬ᠎ᠠ ᠳᠡᠯᠭᠡᠭᠦᠷ ᠮᠦᠨ ᠬᠦ᠌ ᠬᠥᠭ᠌ᠵᠢᠶᠡᠨᠲᠡᠶ ᠪᠠᠢᠵᠤ᠂ ᠲᠤᠭ᠎ᠠ ᠪᠦᠷᠢᠳᠭᠡᠯ᠎ᠢ ᠦᠨᠳᠦᠰᠦᠯᠡᠪᠡᠯ᠂ 5 ᠰᠠᠷ᠎ᠠ᠎ᠶ᠋ᠢᠨ 1 ᠤ᠋ ᠡᠳᠦᠷ᠎ᠡᠴᠡ 2 ᠤ᠋ᠨ ᠡᠳᠦᠷ ᠪᠣᠯᠲᠠᠯ᠎ᠠ᠂ ᠪᠥᠬᠥ᠌ ᠬᠣᠲᠠ ᠨᠢᠭᠡᠨᠲᠡ 《ᠮᠤᠨᠠ ᠠᠭᠤᠯᠠ᠎ᠶ᠋ᠢ ᠲᠤᠭᠤᠯᠬᠤᠢ》 ᠠᠵᠢᠯᠯᠠᠭ᠎ᠠ ᠳ᠋ᠤ ᠤᠷᠤᠯᠴᠠᠬᠤ ᠮᠠᠰᠢᠨ ᠲᠡᠷᠭᠡ ᠵᠢ 1.7 ᠲᠦᠮᠡᠨ ᠲᠡᠷᠭᠡ ᠤᠳᠠᠭ᠎ᠠ᠂ ᠵᠢᠭᠤᠯᠴᠢᠯᠠᠭ᠍ᠴᠢ᠎ᠶᠢ 4.3 ᠲᠦᠮᠡᠨ ᠬᠥᠮᠦᠨ ᠤᠳᠠᠭ᠎ᠠ ᠭᠥᠯᠢᠶᠡᠨ ᠠᠪᠴᠠᠶ᠃ ᠡᠨᠡ ᠵᠢᠯ᠎ᠦᠨ 《5·1》 ᠤ᠋ ᠠᠮᠠᠷᠠᠯᠲᠠ᠎ᠶ᠋ᠢᠨ ᠬᠤᠭᠤᠴᠠᠭᠠᠨ᠎ᠳᠤ᠂ ᠵᠢᠱ᠌ᠢᠯᠲᠡ᠎ᠪᠡᠷ ᠪᠥᠬᠥ᠌ ᠬᠣᠲᠠ 《 ᠮᠤᠨᠠ ᠠᠭᠤᠯᠠ᠎ᠶ᠋ᠢ ᠲᠤᠭᠤᠯᠬᠤᠢ》ᠠᠵᠢᠯᠯᠠᠭ᠎ᠠ ᠳ᠋ᠤ ᠤᠷᠤᠯᠴᠠᠬᠤ ᠮᠠᠱᠢᠨ ᠲᠡᠷᠭᠡ᠎ᠶ᠋ᠢ 3.5 ᠲᠦᠮᠡᠨ ᠲᠡᠷᠭᠡ ᠤᠳᠠᠭ᠎ᠠ ᠭᠥᠯᠢᠶᠡᠨ ᠠᠪᠴᠤ᠌᠂ ᠵᠢᠭᠤᠯᠴᠢᠯᠠᠭᠴᠢ᠎ᠶᠢ 8.8 ᠲᠦᠮᠡᠨ ᠬᠥᠮᠦᠨ ᠤᠳᠠᠭ᠎ᠠ ᠭᠥᠯᠢᠶᠡᠨ ᠠᠪᠬᠤ ᠪᠣᠯᠤᠨ᠎ᠠ᠃
ᠲᠦᠷᠦᠯ ᠲᠡᠮᠳᠡᠭ᠎ᠤᠨ ᠬᠦᠭᠵᠢᠯᠳᠡ᠎ᠶᠢ ᠲᠤᠯᠭᠠᠭᠤᠷᠢᠯᠠᠬᠤ ᠵᠢᠨ ᠲᠥᠯᠥᠭᠡ᠂ ᠲᠤᠬᠠᠶ᠎ᠶ᠋ᠢᠨ ᠭᠠᠵᠠᠷ᠎ᠤᠨ ᠬᠢᠨ 《ᠵᠠᠰᠠᠭ᠎ᠤᠨ ᠣᠷᠳᠣᠨ ᠵᠢᠯᠤᠭᠤᠳᠬᠤ᠂ ᠠᠵᠤ ᠠᠬᠤᠢᠯᠠᠯ ᠭᠤᠤᠯ ᠬᠦᠴᠦᠨ ᠪᠣᠯᠬᠤ᠂ ᠠᠷᠠᠳ ᠣᠯᠠᠨ ᠣᠷᠣᠯᠴᠠᠬᠤ》 ᠲᠣᠭ᠍ᠲᠡᠴᠡ᠎ᠶ᠋ᠢ ᠪᠠᠢᠭᠤᠯᠵᠤ᠂ 《ᠰᠣᠶᠣᠯ᠎ᠤᠨ ᠺᠣᠳ᠋ ᠲᠠᠢᠯᠬᠤ》 ᠢᠨᠵᠧᠨᠧᠷᠢᠩ᠎ᠢ ᠬᠡᠷᠡᠭ᠌ᠵᠢᠭᠦᠯᠬᠦ᠌᠂ ᠲᠣᠰ ᠭᠠᠵᠠᠷ᠎ᠤᠨ ᠠᠵᠤ ᠠᠬᠤᠢᠯᠠᠯ᠎ᠢ ᠬᠦᠭᠵᠢᠭᠦᠯᠬᠦ᠂ ᠲᠤᠰᠭᠠᠶ ᠳᠠᠭᠠᠭᠤᠯᠤᠭ᠍ᠴᠢ᠎ᠶ᠋ᠢ ᠪᠣᠯᠪᠠᠰᠤᠷᠠᠭᠤᠯᠬᠤ ᠵᠡᠷᠭᠡ ᠠᠷᠭ᠎ᠠ ᠬᠡᠮᠵᠢᠶ᠎ᠡ᠎ᠪᠡᠷ ᠳᠠᠮᠵᠢᠭᠤᠯᠤᠨ᠂ ᠵᠢᠭᠤᠯᠴᠢᠯᠠᠯ᠎ᠢ 《ᠨᠢᠭᠡ ᠡᠳᠦᠷ᠎ᠦᠨ ᠵᠢᠭᠤᠯᠴᠢᠯᠠᠯ》 ᠡᠴᠡ 《ᠣᠯᠠᠨ ᠡᠳᠦᠷ᠎ᠦᠨ ᠵᠢᠭᠤᠯᠴᠢᠯᠠᠯ》 ᠲᠡᠢᠰᠢ ᠲᠠᠰ ᠳᠡᠪᠱᠢᠭᠦᠯᠬᠦ᠌᠎ᠶ᠋ᠢ ᠠᠬᠢᠭᠤᠯᠪᠠ᠃ ᠵᠠᠮ ᠳᠠᠭᠠᠤ ᠪᠠᠢᠷᠢᠱᠢᠭᠠ ᠣᠯᠠᠨ ᠭᠤᠤᠯ ᠰᠡᠳᠦᠪᠲᠦ ᠬᠤᠸᠠᠷᠠᠨ᠂ ᠬᠡᠭᠡᠷ᠎ᠡ ᠪᠠᠭᠤᠳᠠᠯᠯᠠᠬᠤ ᠭᠠᠵᠠᠷ ᠵᠢᠴᠢ ᠤᠯᠠᠭ᠎ᠠ ᠥᠷᠲᠡᠭᠡ ᠶᠠᠭ ᠦᠶ᠋ᠯᠡᠴᠢᠯᠡᠭᠡᠨ᠎ᠦ ᠱᠢᠰᠲ᠋ᠧᠮ᠎ᠢ ᠦᠷᠭᠦᠯᠵᠢᠯᠡᠨ ᠲᠡᠭᠦᠯᠳᠡᠷᠵᠢᠭᠦᠯᠵᠦ᠍ ᠪᠠᠢᠨ᠎ᠠ᠃
《 ᠮᠤᠨᠠ ᠠᠭᠤᠯᠠ᠎ᠶ᠋ᠢ ᠲᠤᠭᠤᠯᠬᠤᠢ》 ᠦᠪᠡᠰᠦᠪᠡᠨ ᠲᠡᠷᠭᠡ ᠵᠢᠯᠣᠭᠣᠳᠴᠤ ᠲᠤᠭᠤᠷᠢᠨ ᠵᠢᠭᠤᠯᠴᠢᠯᠠᠬᠤ ᠰᠣᠶᠣᠯ ᠵᠢᠭᠤᠯᠴᠢᠯᠠᠯ᠎ᠤᠨ ᠲᠦᠷᠦᠯ ᠲᠡᠮᠳᠡᠭ᠎ᠦᠨ ᠲᠠᠲᠠᠬᠤ ᠬᠦᠴᠦᠨ ᠨᠢ ᠪᠣᠷᠣᠲᠣᠬᠣᠢ ᠣᠷᠣᠨ᠎ᠤ ᠭᠦᠨ ᠵᠤᠵᠠᠭᠠᠨ ᠲᠡᠦᠬᠡ ᠰᠣᠶᠣᠯ᠎ᠤᠨ ᠰᠢᠯᠢᠳᠡᠭ ᠦᠪ ᠲᠦ᠍ ᠦᠨᠳᠦᠰᠦᠯᠡᠭ᠌ᠰᠡᠨ ᠶᠤᠮ᠃ ᠵᠠᠮ ᠳᠠᠭᠠᠤ ᠵᠢᠢ ᠯᠤ᠌ ᠰᠠᠢ ᠪᠤᠭᠤᠮᠳᠠ᠂ ᠮᠤᠨᠠ ᠠᠭᠤᠯᠠ᠎ᠶ᠋ᠢᠨ ᠬᠠᠳᠠᠨ ᠵᠢᠷᠤᠭ᠂ ᠪᠠᠶᠠᠨᠮᠠᠨᠳᠤᠬᠤ ᠵᠢᠨ ᠠᠪᠤᠷᠭᠤ ᠭᠦᠷᠪᠡᠯ᠎ᠦᠨ ᠴᠢᠯᠠᠭᠤᠵᠢᠮᠠᠯ᠎ᠤᠨ ᠬᠠᠮᠠᠭᠠᠯᠠᠯᠲᠠ᠎ᠶ᠋ᠢᠨ ᠣᠷᠣᠨ ᠵᠡᠷᠭᠡ ᠣᠯᠠᠨ ᠦᠵᠡᠮᠵᠢ ᠵᠢᠨ ᠤᠷᠤᠨ ᠲᠠᠷᠬᠠᠵᠤ ᠪᠠᠢᠨ᠎ᠠ᠃ 2024 ᠣᠨ᠎ᠳᠤ ᠲᠣᠰ ᠵᠠᠮ ᠱᠤᠭᠤᠮ᠎ᠨᠢ ᠪᠥᠬᠥ᠌ ᠤᠯᠤᠰ᠎ᠤᠨ ᠦᠪᠡᠰᠦᠪᠡᠨ ᠲᠡᠷᠭᠡ ᠵᠢᠯᠣᠭᠣᠳᠴᠤ᠌ ᠵᠢᠭᠤᠯᠴᠢᠯᠠᠬᠤ ᠠᠷᠪᠠᠨ ᠶᠡᠬᠡ ᠵᠠᠮ ᠱᠤᠭᠤᠮ᠎ᠳᠤ ᠰᠣᠩᠭᠣᠭ᠍ᠳᠠᠪᠠ᠃
《ᠡᠷᠲᠡᠨ᠎ᠦ ᠬᠥᠮᠦᠰ ᠡᠨᠳᠡ ᠬᠢᠯᠢ᠎ᠪᠡᠨ ᠰᠠᠬᠢᠨ ᠳᠠᠢᠨ ᠪᠠᠢᠯᠳᠤᠭᠠᠨ ᠬᠢᠵᠤ᠂ ᠡᠳᠦᠭᠡ ᠬᠦᠮᠦᠰ ᠡᠨᠳᠡ ᠢᠷᠡᠵᠤ ᠲᠤᠭᠤᠷᠢᠨ ᠵᠢᠭᠤᠯᠴᠢᠯᠠᠨ᠎ᠠ》᠃ 《〈 ᠮᠤᠨᠠ ᠠᠭᠤᠯᠠ᠎ᠶ᠋ᠢ ᠲᠤᠭᠤᠯᠬᠤᠢ 〉 ᠨᠢ ᠵᠥᠪᠬᠡᠨ ᠠᠭᠤᠯᠠ ᠵᠢ ᠲᠠᠪᠠᠵᠤ ᠪᠠᠢᠭ᠎ᠠ ᠲᠡᠳᠤᠢ ᠪᠢᠰᠢ᠂ ᠨᠡᠩ ᠴᠤ᠌ ᠰᠣᠶᠣᠯ᠂ ᠪᠡᠶᠡᠴᠢᠯᠡᠨ ᠣᠢᠯᠠᠭᠠᠯᠲᠠ ᠪᠠ ᠠᠵᠤ ᠦᠢᠯᠡᠰ ᠪᠣᠯᠤᠨ᠎ᠠ》᠃ ᠪᠠᠶᠠᠨᠨᠠᠭᠤᠷ ᠬᠣᠲᠠ᠎ᠶ᠋ᠢᠨ ᠰᠣᠶᠣᠯ ᠵᠢᠭᠤᠯᠴᠢᠯᠠᠯ ᠷᠠᠳᠢᠣ᠋ ᠲᠧᠯᠸᠢᠰ᠎ᠦᠨ ᠲᠣᠪᠴᠢᠶ᠎ᠠ᠎ᠶ᠋ᠢᠨ ᠳᠡᠳ᠋ ᠳᠠᠷᠤᠭ᠎ᠠ ᠯᠢ ᠹᠦ᠋ ᠯᠢ᠂ ᠲᠤᠬᠠᠶ᠎ᠶ᠋ᠢᠨ ᠭᠠᠵᠠᠷ᠎ᠤᠨ᠎ᠬᠢᠨ ᠶᠠᠭ ᠬᠠᠲᠤᠨ ᠭᠤᠤᠯ᠎ᠤᠨ 《ᠶᠡᠬᠡ ᠲᠤᠬᠤᠢ》 ᠤᠷᠤᠨ ᠬᠢᠭᠡᠳ ᠮᠤᠨᠠ ᠠᠭᠤᠯᠠ᠎ᠶ᠋ᠢᠨ ᠲᠡᠷᠢᠭᠦᠨ ᠲᠠᠰ᠎ᠤᠨ ᠡᠬᠢ ᠪᠠᠶᠠᠯᠢᠭ᠎ᠢ ᠬᠤᠯᠪᠤᠬᠤ᠎ᠪᠠᠷ ᠴᠢᠷᠮᠠᠢᠵᠤ᠂ ᠱᠢᠰᠲ᠋ᠧᠮᠲᠦ ᠵᠢᠷᠤᠭ ᠲᠥᠯᠥᠪᠯᠡᠭᠡ᠎ᠪᠡᠷ ᠳᠠᠮᠵᠢᠭᠤᠯᠤᠨ᠂ 《ᠮᠤᠨᠠ ᠠᠭᠤᠯᠠ᠎ᠶ᠋ᠢ ᠲᠤᠭᠤᠯᠬᠤᠢ》᠎ᠶ᠋ᠢ ᠥᠷᠭᠡᠨ ᠳᠡᠯᠭᠡᠷ ᠨᠥᠯᠥᠭᠡᠯᠡᠬᠦ᠌ ᠬᠦᠴᠦᠨ᠎ᠲᠡᠶ ᠰᠣᠶᠣᠯ ᠵᠢᠭᠤᠯᠴᠢᠯᠠᠯ᠎ᠤᠨ IP ᠪᠣᠯᠭᠠᠨ ᠠᠬᠢᠭᠤᠯᠵᠤ᠂ ᠰᠣᠶᠣᠯ᠎ᠤᠨ ᠵᠥᠭᠡᠯᠡᠨ ᠪᠣᠳᠠᠲᠤ ᠬᠦᠴᠦᠨ᠎ᠢ ᠦᠨᠡᠨ ᠬᠦ᠌ ᠠᠵᠤ ᠠᠬᠤᠶ᠎ᠶ᠋ᠢᠨ ᠬᠥᠭ᠌ᠵᠢᠯᠲᠡ᠎ᠶ᠋ᠢᠨ ᠬᠠᠲᠠᠭᠤ ᠲᠤᠯᠭᠠᠭᠤᠷᠢᠯᠠᠯ ᠪᠣᠯᠭᠠᠨ ᠬᠤᠪᠢᠷᠠᠭᠤᠯᠵᠤ ᠪᠠᠢᠨ᠎ᠠ ᠭᠡᠵᠤ ᠢᠯᠡᠳᠭᠡᠪᠡ᠃