ᠮᠡᠷᠬᠡᠵᠢᠯ ᠴᠢᠳᠠᠪᠤᠷᠢ ᠤᠯᠭᠤᠭᠰᠠᠨ ᠤᠶᠤᠨᠳᠤ ᠰᠤᠷᠭᠠᠨ ᠬᠥᠮᠦᠵᠢᠯ᠎ᠤᠨ ᠰᠢᠨ᠎ᠡ ᠠᠶᠠᠨ
2026-05-06 11:11:07
ᠵᠣᠬᠢᠶᠠᠭ᠍ᠴᠢ᠄
ᠨᠠᠪᠴᠢ
ᠣᠩᠱᠢᠭ᠍ᠰᠠᠨ ᠣᠳᠠᠭ᠎ᠠ᠄
★★★☆☆

ᠬᠦᠬᠡᠬᠤᠳᠠ᠎ᠶᠢᠨ ᠬᠣᠷᠢᠨᠭᠡᠷ ᠰᠢᠨ᠎ᠡ ᠲᠣᠭᠣᠷᠢᠭ᠋ ᠲᠸ᠋ ᠪᠠᠢᠷᠢᠯᠠᠭ᠎ᠠ ᠥᠪᠥᠷ ᠮᠣᠩᠭᠣᠯ᠎ᠤᠨ ᠪᠠᠭ᠍ᠰᠢ᠎ᠶᠢᠨ ᠶᠡᠬᠡ ᠰᠤᠷᠭᠠᠭᠤᠯᠢ᠎ᠶᠢᠨ ᠬᠠᠷᠢᠶᠠᠲᠤ ᠶᠦᠨ ᠭᠦ ᠰᠤᠷᠭᠠᠭᠤᠯᠢ᠎ᠵᠢᠨ ᠬᠦᠷᠢᠶᠡᠨ ᠳ᠋ᠤ ᠤᠷᠤᠬᠤᠶ᠎ᠠ ᠰᠤᠷᠭᠠᠭᠤᠯᠢ᠎ᠶᠢᠨ ᠬᠦᠷᠢᠶᠡᠨ᠎ᠦ ᠭᠠᠵᠠᠷ ᠪᠣᠯᠭᠠᠨ᠎ᠳᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠠᠭᠤᠷ ᠠᠮᠢᠰᠬᠤᠯ ᠪᠢᠯᠬᠠᠵᠤ ᠪᠠᠢᠯ᠎ᠠ᠃ ᠰᠤᠷᠭᠠᠭᠤᠯᠢ᠎ᠶᠢᠨ ᠡᠭᠦᠳᠡᠨ᠎ᠳ᠋ᠡᠬᠢ ᠠᠪᠢᠶᠠᠨ᠎ᠤ ᠬᠠᠷᠢᠯᠴᠠᠭᠠᠨ᠎ᠤ ᠮᠠᠰᠢᠨ ᠬᠥᠮᠥᠨ ᠳᠠᠭᠤᠤ ᠠᠶᠠᠯᠠᠭᠤᠯᠤᠨ ᠪᠥᠵᠢᠭᠯᠡᠨ᠎ᠡ; ᠪᠡᠶ᠎ᠡ᠎ᠶᠢᠨ ᠲᠠᠮᠢᠷ᠎ᠤᠨ ᠲᠠᠯᠠᠪᠠᠢ᠎ᠳᠤ᠂ ᠰᠤᠷᠤᠭ᠍ᠴᠢᠳ ᠣᠶᠤᠨᠲᠤ ᠭᠠᠷ᠎ᠤᠨ ᠪᠠᠭᠤᠪᠴᠢ ᠵᠡᠭᠦᠵᠦ ᠬᠥᠯᠥᠰᠦ ᠠᠰᠬᠠᠷᠠᠭᠤᠯᠤᠨ ᠪᠤᠯᠪᠠᠰᠤᠷᠠᠨ᠎ᠠ; ᠬᠢᠴᠢᠶᠡᠯ᠎ᠦᠨ ᠲᠠᠩᠬᠢᠮ᠎ᠳᠤ᠂ ᠣᠶᠤᠨᠴᠢ ᠦᠵᠦᠬᠦᠷᠯᠢᠭ᠎ᠢᠶᠡᠷ ᠰᠤᠷᠤᠯᠭ᠎ᠠ᠎ᠶᠢᠨ ᠪᠠᠢᠳᠠᠯ᠎ᠢᠶᠠᠨ ᠴᠠᠭ ᠲᠤᠬᠠᠢ ᠳ᠋ᠤᠨᠢ ᠤᠢᠯᠠᠭᠠᠨ᠎ᠠ; AI ᠬᠢᠨᠠᠭᠤᠷ ᠮᠠᠰᠢᠨ ᠥᠨᠳᠥᠷ ᠪᠦᠲᠦᠮᠵᠢᠲᠡᠢ᠎ᠪᠡᠷ ᠰᠢᠯᠭᠠᠯᠲᠠ ᠬᠢᠨᠠᠨ᠎ᠠ ᠁ ᠥᠪᠥᠷ ᠮᠣᠩᠭᠣᠯ᠎ᠤᠨ 《ᠢᠷᠡᠭᠡᠳᠦᠢ᠎ᠶᠢᠨ ᠰᠤᠷᠭᠠᠭᠤᠯᠢ》 ᠵᠢᠨ ᠲᠤᠷᠰᠢᠯᠲᠠ᠎ᠶᠢᠨ ᠴᠡᠭ ᠪᠣᠯᠤᠭᠰᠠᠨ ᠬᠥᠬᠡᠬᠣᠲᠠ᠎ᠶᠢᠨ ᠠᠩᠬᠠᠨ᠎ᠤ ᠪᠦᠯᠦᠭ᠎ᠦᠨ 《ᠵᠣᠬᠢᠶᠠᠮᠠᠯ ᠤᠶᠤᠨ ᠴᠢᠳᠠᠪᠤᠷᠢ + ᠰᠤᠷᠭᠠᠨ ᠬᠥᠮᠦᠵᠢᠯ》 ᠤ᠋ᠨ ᠵᠢᠱ᠌ᠢᠶ᠎ᠡ ᠦᠵᠡᠭᠦᠯᠬᠦ ᠰᠤᠷᠭᠠᠭᠤᠯᠢ᠂ ᠥᠪᠥᠷ ᠮᠣᠩᠭᠣᠯ᠎ᠤᠨ ᠪᠠᠭ᠍ᠰᠢ᠎ᠶᠢᠨ ᠶᠡᠬᠡ ᠰᠤᠷᠭᠠᠭᠤᠯᠢ᠎ᠶᠢᠨ ᠬᠠᠷᠢᠶᠠᠲᠤ ᠶᠦᠨ ᠭᠦ ᠰᠤᠷᠭᠠᠭᠤᠯᠢ ᠨᠢ ᠣᠷᠣᠨ ᠪᠦᠰᠡ᠎ᠶᠢᠨ ᠪᠤᠳᠤᠯᠳᠠ᠎ᠶᠢᠨ ᠳᠠᠪᠠᠭᠤᠯᠢᠭ᠋᠎ᠲᠠᠭᠠᠨ ᠲᠦᠰᠢᠭᠯᠡᠵᠦ᠂ ᠵᠣᠬᠢᠶᠠᠮᠠᠯ ᠤᠶᠤᠨ ᠴᠢᠳᠠᠪᠤᠷᠢ᠎ᠶᠢ ᠵᠢᠭᠠᠨ ᠰᠤᠷᠭᠠᠬᠤ᠂ ᠰᠤᠷᠤᠯᠴᠠᠬᠤ᠂ ᠰᠢᠯᠭᠠᠬᠤ᠂ ᠦᠨᠡᠯᠡᠬᠦ᠂ ᠬᠠᠮᠢᠶᠠᠷᠬᠤ ᠪᠦᠬᠦ ᠶᠠᠪᠤᠴᠠ᠎ᠳᠤ ᠭᠦᠨᠵᠡᠭᠡᠢ ᠠᠭᠤᠰᠤᠯᠴᠠᠭᠤᠯᠵᠤ᠂ ᠤᠷᠤᠨ᠎ᠤ ᠲᠥᠪ᠎ᠦᠨ ᠰᠠᠭᠤᠷᠢ ᠰᠤᠷᠭᠠᠨ ᠬᠥᠮᠦᠵᠢᠯ᠎ᠦᠨ ᠲᠣᠭᠠᠴᠢᠯᠠᠭᠰᠠᠨ ᠳᠡᠢᠰᠢ ᠬᠡᠯᠪᠡᠷᠢ ᠪᠠᠨ ᠬᠤᠪᠢᠷᠠᠭᠤᠯᠬᠤ ᠵᠢᠨ ᠠᠮᠢᠳᠤᠯᠢᠭ᠋ ᠬᠤᠷᠢᠶᠠᠩᠭᠤᠢ ᠵᠢᠷᠤᠭᠯᠠᠯ ᠪᠤᠯᠵᠠᠢ᠃


090a6d96-9086-4722-aefc-dfeffc838cf7.png


ᠰᠤᠷᠤᠭᠴᠢᠳ ᠮᠠᠰᠢᠨ ᠬᠥᠮᠥᠨ ᠲᠠᠢ ᠬᠠᠮᠳᠤ ᠪᠦᠵᠢᠭ᠌ᠯᠡᠨ᠎ᠡ


2025 ᠣᠨ᠎ᠤ 6 ᠰᠠᠷ᠎ᠠ᠎ᠳᠤ᠂ ᠥᠪᠥᠷ ᠮᠣᠩᠭᠣᠯ᠎ᠤᠨ ᠪᠠᠭ᠍ᠰᠢ᠎ᠶᠢᠨ ᠶᠡᠬᠡ ᠰᠤᠷᠭᠠᠭᠤᠯᠢ᠎ᠶᠢᠨ ᠬᠠᠷᠢᠶᠠᠲᠤ ᠶᠦᠨ ᠬᠥ ᠰᠤᠷᠭᠠᠭᠤᠯᠢ ᠨᠢ ᠺᠧ ᠳ᠋ᠠ ᠰᠢᠶᠦ᠋ᠨ ᠹᠧᠢ ᠵᠡᠷᠭᠡ AI ᠠᠵᠤ ᠠᠬᠤᠢᠯᠠᠯ ᠯᠤᠭ᠎ᠠ ᠭᠠᠷ ᠬᠣᠯᠪᠣᠨ ᠬᠠᠮᠲᠤᠷᠠᠯᠴᠠᠵᠤ᠂ ᠪᠥᠬᠥ ᠲᠠᠯᠠᠪᠤᠷ᠎ᠢ ᠬᠠᠮᠤᠷᠤᠭᠰᠠᠨ ᠣᠶᠤᠨᠲᠤ ᠰᠤᠷᠭᠠᠭᠤᠯᠢ᠎ᠶᠢᠨ ᠬᠦᠷᠢᠶᠡᠨ᠎ᠦ ᠰᠢᠰᠲᠧᠮ᠎ᠢ ᠪᠠᠢᠭᠤᠯᠪᠠ᠃ 《ᠪᠢᠳᠡ ᠳᠤᠮᠳᠠᠳᠤ ᠤᠯᠤᠰ᠎ᠤᠨ ᠡᠭᠦᠯᠡᠨ ᠬᠥᠨᠳᠡᠢ᠎ᠶᠢᠨ ᠪᠣᠳᠣᠯᠭ᠎ᠠ᠎ᠶᠢᠨ ᠬᠦᠴᠦᠨ᠎ᠳᠦ ᠰᠠᠭᠤᠷᠢᠯᠠᠵᠤ᠂ ᠲᠣᠭ᠎ᠠ ᠪᠠᠷᠢᠮᠲᠠ᠎ᠶᠢ ᠰᠤᠷᠭᠠᠨ ᠬᠥᠮᠦᠵᠢᠯ᠎ᠦᠨ ᠬᠥᠭᠵᠢᠯᠲᠡ᠎ᠶᠢᠨ ᠴᠢᠬᠤᠯᠠ ᠡᠬᠢ ᠪᠠᠶᠠᠯᠢᠭ᠋ ᠪᠣᠯᠭᠠᠵᠤ᠂ ᠰᠠᠭᠤᠷᠢ ᠰᠤᠷᠭᠠᠨ ᠬᠥᠮᠦᠵᠢᠯ ᠬᠢᠭᠡᠳ ᠢᠷᠡᠭᠡᠳᠦᠢ᠎ᠶᠢᠨ ᠴᠢᠳᠠᠪᠤᠷᠢᠲᠠᠨ᠎ᠤ ᠬᠡᠷᠡᠭᠴᠡᠭᠡ ᠱᠠᠭᠠᠷᠳᠠᠯᠭ᠎ᠠ᠎ᠶᠢ ᠨᠠᠷᠢᠯᠢᠭ᠋ ᠣᠨᠣᠴᠠᠲᠠᠢ᠎ᠪᠠᠷ ᠵᠣᠯᠭᠠᠭᠤᠯᠬᠤ᠎ᠶᠢ ᠠᠬᠢᠭᠤᠯᠵᠤ ᠪᠠᠢᠨ᠎ᠠ》 ᠬᠡᠵᠦ ᠰᠤᠷᠭᠠᠭᠤᠯᠢ᠎ᠶᠢᠨ ᠳᠡᠳ᠋ ᠵᠠᠬᠢᠷᠤᠯ ᠭᠧ ᠰᠢᠶᠠᠩ ᠸᠧᠢ᠎ᠳᠠᠨᠢᠯᠴᠠᠭᠤᠯᠤᠨ᠎ᠠ᠃ ᠰᠤᠷᠭᠠᠭᠤᠯᠢ ᠨᠢ ᠤᠯᠠᠮᠵᠢᠯᠠᠯᠲᠤ ᠰᠤᠷᠭᠠᠨ ᠬᠥᠮᠦᠵᠢᠯ᠎ᠦᠨ ᠵᠠᠭᠠᠭ ᠬᠢᠵᠠᠭᠠᠷ ᠪᠠ ᠬᠢᠵᠠᠭᠠᠷᠯᠠᠯ᠎ᠢ ᠡᠪᠳᠡᠵᠦ᠂ ᠮᠡᠷᠭᠡᠵᠢᠯ᠎ᠦᠨ ᠰᠢᠨᠡᠴᠢᠯᠡᠯᠲᠡ᠎ᠪᠡᠷ ᠵᠢᠭᠠᠨ ᠰᠤᠷᠭᠠᠯᠲᠠ᠎ᠶᠢᠨ ᠬᠤᠪᠢᠰᠤᠯᠲᠠ᠎ᠵᠢ ᠠᠬᠢᠭᠤᠯᠵᠤ᠂ ᠣᠶᠤᠨᠴᠢ ᠰᠤᠷᠭᠠᠨ ᠬᠥᠮᠦᠵᠢᠯ᠎ᠢ 《ᠲᠤᠷᠰᠢᠯᠲᠠ᠎ᠶᠢᠨ ᠴᠡᠭ᠎ᠦᠨ ᠬᠠᠢᠨ ᠰᠦᠪᠡᠭᠴᠢᠯᠡᠯᠲᠡ》᠎ᠡᠴᠡ 《ᠪᠠᠢᠩᠭᠤ ᠬᠡᠷᠡᠭᠯᠡᠬᠦ》 ᠳᠠᠢᠰᠢ ᠰᠢᠯᠵᠢᠭᠦᠯᠵᠦ ᠪᠠᠢᠭ᠎ᠠ ᠶᠤᠮ᠃


c1e2d737-133f-4638-9f79-ef23071feadd.png


ᠰᠤᠷᠤᠭᠴᠢᠳ ᠢ᠋ ᠦᠨᠡᠯᠡᠬᠦ ᠰᠢᠰᠲᠧᠮ ᠢ᠋ ᠳᠠᠨᠢᠯᠴᠠᠭᠤᠯᠤᠨ᠎ᠠ


ᠰᠤᠷᠭᠠᠭᠤᠯᠢ ᠵᠢᠨ ᠪᠡᠶ᠎ᠡ᠎ᠶᠢᠨ ᠲᠠᠮᠢᠷ᠎ᠤᠨ ᠬᠢᠴᠢᠶᠡᠯ ᠨᠢ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠢ ᠬᠡᠷᠡᠭᠯᠡᠭᠰᠡᠨ ᠡᠴᠡ ᠪᠤᠯᠵᠤ ᠨᠠᠩ ᠠᠮᠤᠷ ᠲᠦᠪᠰᠢᠨ᠂ ᠨᠠᠩ ᠳᠤᠷ᠎ᠠ ᠰᠤᠨᠢᠷᠬᠠᠯ᠎ᠢ ᠳᠠᠳᠠᠬᠤ ᠪᠤᠯᠪᠠ᠃ ᠰᠤᠷᠭᠠᠭᠤᠯᠢ᠎ᠶᠢᠨ ᠣᠶᠤᠨᠲᠤ ᠪᠡᠶ᠎ᠡ᠎ᠶᠢᠨ ᠲᠠᠮᠢᠷ᠎ᠤᠨ ᠲᠠᠯᠠᠪᠠᠢ᠎ᠳᠤ᠂ ᠰᠤᠷᠤᠭ᠍ᠴᠢᠳ ᠣᠶᠤᠨᠲᠤ ᠭᠠᠷ᠎ᠤᠨ ᠪᠠᠭᠤᠪᠴᠢ ᠵᠡᠭᠦᠵᠦ ᠭᠦᠶᠦᠬᠦ᠂ ᠬᠤᠯᠠ ᠬᠠᠷᠠᠢᠵᠤ ᠪᠤᠯᠪᠠᠰᠤᠷᠠᠬᠤ ᠳ᠋ᠤ ᠭᠠᠷ᠎ᠤᠨ ᠪᠠᠭᠤᠪᠴᠢ ᠨᠢ ᠵᠢᠷᠦᠬᠡᠨ᠎ᠦ ᠯᠤᠭᠰᠢᠯᠳᠠ᠂ ᠬᠥᠳᠡᠯᠭᠡᠭᠡᠨ᠎ᠦ ᠪᠠᠢᠳᠠᠯ᠂ ᠳᠠᠮᠢᠷ ᠳᠡᠩᠬᠡᠬᠡ ᠵᠢᠨ ᠪᠠᠢᠳᠠᠯ ᠵᠡᠷᠭᠡ ᠵᠢᠭᠠᠯᠲᠠ ᠲᠣᠭ᠎ᠠ᠎ᠶᠢ ᠴᠠᠭ ᠲᠤᠬᠠᠢ ᠳ᠋ᠤᠨᠢ ᠬᠢᠨᠠᠨ ᠬᠡᠮᠵᠢᠵᠦ᠂ ᠥᠪᠡᠷᠮᠢᠴᠡ ᠬᠥᠳᠡᠯᠭᠡᠭᠡᠨ᠎ᠦ ᠮᠡᠳᠡᠭᠦᠯᠦᠯᠲᠡ᠎ᠶᠢ ᠪᠤᠢ ᠪᠤᠯᠭᠠᠳᠠᠭ᠃ ᠪᠡᠶ᠎ᠡ᠎ᠶᠢᠨ ᠲᠠᠮᠢᠷ᠎ᠤᠨ ᠪᠠᠭ᠍ᠰᠢ ᠴᠠᠭ ᠠᠳᠬᠤᠨ ᠲᠡᠮᠳᠡᠭᠯᠡᠬᠦ ᠬᠡᠷᠡᠭ ᠦᠭᠡᠢ ᠪᠤᠯᠤᠭᠰᠠᠨ ᠵᠢᠡᠷ ᠪᠠᠷᠠᠬᠤ ᠦᠬᠡᠢ ᠰᠤᠷᠤᠭ᠍ᠴᠢᠳ᠎ᠤᠨ ᠬᠥᠳᠡᠯᠭᠡᠭᠡᠨ᠎ᠦ ᠪᠠᠢᠳᠠᠯ ᠢ᠋ ᠲᠣᠳᠣᠷᠬᠠᠢ ᠡᠵᠡᠮᠰᠢᠵᠦ ᠴᠢᠳᠠᠳᠠᠭ ᠪᠤᠯᠵᠠᠢ᠃ ᠰᠢᠰᠲᠧᠮ ᠨᠢ ᠪᠠᠰᠠ ᠬᠦᠴᠦᠳᠡᠢ ᠬᠥᠳᠡᠯᠭᠡᠭᠡᠨ᠎ᠦ ᠲᠦᠭᠰᠢᠭᠦᠷᠢ᠎ᠶᠢ ᠣᠯᠵᠤ ᠮᠡᠳᠡᠮᠡᠭᠴᠡ ᠲᠡᠷᠡ ᠳᠠᠷᠤᠢᠬᠠᠨ ᠰᠡᠷᠡᠮᠵᠢ᠎ᠶᠢᠨ ᠳᠣᠬᠢᠶ᠎ᠠ ᠥᠭᠲᠡᠭ᠃ 《AI ᠮᠡᠷᠬᠡᠵᠢᠯ ᠮᠢᠨᠦ ᠬᠤᠯᠠ ᠬᠠᠷᠠᠢᠯᠲᠠ᠎ᠶᠢᠨ ᠬᠥᠳᠡᠯᠭᠡᠭᠡᠨ᠎ᠢ ᠵᠠᠯᠠᠷᠠᠭᠤᠯᠵᠤ᠂ ᠬᠢᠷᠢ ᠪᠦᠲᠦᠮᠵᠢ ᠵᠢ 2.2 ᠮᠧᠲᠷ ᠡᠴᠡ 2.35 ᠮᠧᠲᠷ ᠪᠣᠯᠭᠠᠵᠤ ᠳᠡᠭᠡᠭᠰᠢᠯᠡᠭᠦᠯᠵᠡᠢ》 ᠭᠡᠵᠦ ᠰᠤᠷᠤᠭ᠍ᠴᠢ ᠯᠥᠸᠧ ᠨᠢᠩ ᠪᠠᠶᠠᠷᠳᠠᠢᠬᠠᠨ ᠶᠠᠷᠢᠨ᠎ᠠ᠃ ᠤᠤᠯ ᠨᠢ ᠪᠡᠶ᠎ᠠ ᠵᠢᠨ ᠲᠠᠮᠢᠷ᠎ᠤᠨ ᠬᠥᠳᠡᠯᠭᠡᠭᠡᠨ᠎ᠳᠦ ᠤᠷᠮ᠎ᠠ ᠪᠠᠬ᠎ᠠ᠎ᠪᠠᠷ ᠠᠨᠠᠢ ᠪᠠᠢᠭᠰᠠᠨ ᠰᠤᠷᠤᠭ᠍ᠴᠢᠳ ᠴᠤ᠌ ᠤᠶᠤᠨᠳᠤ ᠪᠠᠭᠠᠵᠢ ᠬᠡᠷᠡᠭᠰᠡᠯ᠎ᠳᠦ ᠲᠠᠲᠠᠭᠳᠠᠨ ᠪᠡᠶ᠎ᠡ᠎ᠶᠢᠨ ᠪᠣᠯᠪᠠᠰᠤᠷᠠᠯ᠎ᠳᠤ ᠢᠳᠡᠪᠬᠢᠲᠡᠢ ᠣᠷᠣᠯᠴᠠᠳᠠᠭ ᠪᠤᠯᠵᠠᠢ᠃ ᠤᠶᠤᠨᠳᠤ ᠪᠡᠶ᠎ᠡ᠎ᠶᠢᠨ ᠲᠠᠮᠢᠷ᠎ᠤᠨ ᠲᠠᠯᠠᠪᠠᠶ ᠨᠢ 30% ᠠ᠋ᠴᠠ ᠳᠡᠭᠡᠭᠰᠢᠬᠢ ᠪᠡᠶ᠎ᠡ᠎ᠶᠢᠨ ᠲᠠᠮᠢᠷ᠎ᠤᠨ ᠬᠥᠳᠡᠯᠭᠡᠭᠡᠨ᠎ᠦ ᠲᠦᠭᠰᠢᠭᠦᠷᠢ᠎ᠶᠢ ᠪᠠᠭᠠᠰᠬᠠᠭᠰᠠᠨ᠎ᠢᠶᠠᠷ ᠪᠠᠷᠠᠬᠤ ᠦᠭᠡᠢ ᠨᠠᠩ ᠴᠤ᠌ ᠰᠤᠷᠤᠭ᠍ᠴᠢᠳ᠎ᠤᠨ ᠪᠡᠶ᠎ᠡ᠎ᠶᠢᠨ ᠲᠠᠮᠢᠷ᠎ᠤᠨ ᠬᠥᠳᠡᠯᠭᠡᠭᠡᠨ ᠳ᠋ᠤ ᠤᠷᠤᠯᠴᠠᠬᠤ ᠬᠠᠯᠠᠭᠤᠨ ᠰᠡᠳᠬᠢᠯᠭᠡ᠎ᠶᠢ ᠬᠥᠭᠵᠢᠭᠡᠵᠦ᠂ ᠪᠡᠶ᠎ᠡ᠎ᠶᠢᠨ ᠲᠠᠮᠢᠷ᠎ᠤᠨ ᠬᠢᠴᠢᠶᠡᠯ ᠳ᠋ᠤ ᠳᠤᠷ᠎ᠠ ᠪᠠᠬ᠎ᠠ ᠳᠠᠢ ᠪᠤᠯᠪᠠ᠃


2693eacb-d7e3-4534-828b-a1745d1556d3.png


ᠰᠤᠷᠤᠭᠴᠢᠳ ᠤᠶᠤᠨᠴᠢ ᠦᠵᠦᠬᠦᠷᠯᠢᠭ ᠵᠢᠡᠷ ᠬᠢᠴᠢᠶᠡᠯ ᠤᠷᠤᠨ᠎ᠠ


ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠰᠢᠨ᠎ᠡ᠎ᠶᠢ ᠡᠭᠦᠳᠬᠦ ᠬᠥᠮᠦᠵᠢᠯ ᠨᠢ ᠰᠤᠷᠤᠭᠴᠢᠳ᠎ᠤᠨ ᠳᠤᠷ᠎ᠠ ᠰᠤᠨᠢᠷᠬᠠᠯ ᠵᠢᠡᠨ ᠬᠦᠮᠦᠵᠢᠬᠦᠯᠬᠦ  ᠳ᠋ᠤ ᠳᠠᠪᠴᠠᠩ ᠤᠯᠭᠤᠨ᠎ᠠ᠃ ᠰᠤᠷᠭᠠᠭᠤᠯᠢ ᠨᠢ ᠫᠷᠣᠭ᠌ᠷᠠᠮ ᠨᠠᠢᠷᠠᠭᠤᠯᠬᠤ᠎ᠶᠢ ᠡᠩ᠎ᠦᠨ ᠣᠨᠴᠠᠯᠢᠭ᠍ᠲᠤ ᠬᠢᠴᠢᠶᠡᠯ᠎ᠳᠦ ᠣᠷᠣᠭᠤᠯᠵᠤ᠂ ᠰᠤᠷᠤᠭ᠍ᠴᠢᠳ ᠪᠠᠭ᠍ᠰᠢ᠎ᠶᠢᠨ᠎ᠢᠶᠠᠨ ᠵᠢᠯᠣᠭᠣᠳᠤᠯᠭ᠎ᠠ ᠳᠣᠣᠷ᠎ᠠ ᠺᠣᠳ᠋ ᠨᠠᠢᠷᠠᠭᠤᠯᠤᠨ᠂ ᠮᠠᠰᠢᠨ ᠬᠥᠮᠥᠨ᠎ᠢ ᠲᠤᠷᠰᠢᠨ ᠲᠣᠬᠢᠷᠠᠭᠤᠯᠵᠤ᠂ 《ᠠᠪᠤᠷᠠᠨ ᠲᠤᠰᠠᠯᠠᠬᠤ ᠮᠠᠰᠢᠨ ᠬᠥᠮᠥᠨ》 ᠤ᠋ ᠲᠣᠭᠣᠷᠢᠨ᠎ᠳᠤ ᠵᠣᠷᠢᠭ᠍ᠲᠠᠢ᠎ᠪᠠᠷ ᠰᠡᠳᠬᠢᠨ ᠪᠣᠳᠣᠯᠬᠢᠯᠠᠵᠤ ᠂ ᠲᠡᠯᠡᠶ ᠲᠠᠩᠭᠢᠰ᠎ᠢᠶᠠᠷ ᠠᠶᠠᠯᠠᠬᠤ᠂ ᠬᠠᠨᠠᠭᠠᠷ ᠣᠭᠲᠠᠷᠭᠤᠢ᠎ᠪᠠᠷ ᠨᠢᠰᠬᠦ᠂ ᠡᠬᠡ ᠬᠠᠭᠤᠷᠠᠢ᠎ᠳᠤ ᠬᠠᠢᠨ ᠰᠦᠪᠡᠭᠴᠢᠯᠡᠬᠦ ᠵᠡᠷᠭᠡ ᠪᠦᠲᠦᠭᠡᠯᠴᠢ ᠰᠡᠳᠬᠢᠮᠵᠢ᠎ᠶᠢ ᠫᠷᠣᠭ᠌ᠷᠠᠮ᠎ᠤᠨ ᠲᠥᠰᠥᠪᠯᠡᠯ᠎ᠳᠡᠭᠡᠨ ᠠᠭᠤᠰᠬᠠᠨ ᠣᠷᠣᠭᠤᠯᠪᠠ᠃ 《ᠫᠷᠣᠭ᠌ᠷᠠᠮ ᠨᠠᠢᠷᠠᠭᠤᠯᠬᠤ᠎ᠳᠤ ᠰᠡᠳᠬᠢᠨ ᠪᠤᠳᠤᠯᠳᠠ ᠶᠡᠬᠡ ᠴᠢᠬᠤᠯᠠ᠂ ᠪᠢ ᠣᠷᠣᠯᠠᠬᠤ ᠲᠡᠮᠳᠡᠭ᠎ᠢ ᠠᠰᠢᠭᠯᠠᠨ ᠮᠠᠰᠢᠨ᠎ᠢᠶᠡᠷ ᠥᠪᠡᠷ᠎ᠦᠨ ᠪᠣᠳᠣᠯ᠎ᠢᠶᠠᠨ ᠢᠯᠡᠳᠬᠡᠵᠦ ᠴᠢᠳᠠᠨ᠎ᠠ᠃ ᠢᠷᠡᠭᠡᠳᠦᠢ᠎ᠳᠦ AI ᠮᠡᠷᠬᠡᠵᠢᠯ᠎ᠤᠨ ᠬᠦᠷᠢᠶᠡᠨ᠎ᠳᠦ ᠬᠠᠢᠨ ᠰᠦᠪᠡᠭᠴᠢᠯᠡᠯᠳᠡ ᠬᠢᠬᠦ ᠬᠦᠰᠡᠯ ᠳᠠᠢ》 ᠬᠡᠵᠦ ᠰᠠᠶᠢᠬᠠᠨ ᠫᠷᠣᠭ᠌ᠷᠠᠮ ᠨᠠᠢᠷᠠᠭᠤᠯᠬᠤ ᠬᠢᠴᠢᠶᠡᠯ ᠣᠷᠣᠭᠰᠠᠨ ᠰᠤᠷᠤᠭ᠍ᠴᠢ ᠦ᠋ ᠵᠢᠩ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠰᠢᠨ᠎ᠡ᠎ᠶᠢ ᠡᠭᠦᠳᠬᠦ ᠬᠦᠰᠡᠯ ᠵᠢᠡᠨ ᠲᠡᠯᠭᠡᠨ᠎ᠡ᠃

AI ᠮᠡᠷᠭᠡᠵᠢᠯ ᠬᠢᠭᠡᠳ ᠡᠩ᠎ᠦᠨ ᠵᠢᠭᠠᠨ ᠰᠤᠷᠭᠠᠯᠲᠠ᠎ᠶᠢᠨ ᠭᠦᠨᠵᠡᠭᠡᠢ ᠠᠭᠤᠰᠤᠯᠴᠠᠯ ᠨᠢ ᠵᠢᠭᠠᠨ ᠰᠤᠷᠭᠠᠯᠳᠠ ᠵᠢ ᠤᠯᠠᠮ ᠠᠮᠢᠳᠤᠯᠢᠭ ᠪᠤᠯᠭᠠᠨ᠎ᠠ᠃ ᠬᠢᠴᠢᠶᠡᠯ᠎ᠦᠨ ᠲᠠᠩᠬᠢᠮ᠎ᠳᠤ᠂ ᠪᠠᠭ᠍ᠰᠢ ᠣᠶᠤᠨᠳᠤ ᠬᠠᠪᠲᠠᠭᠠᠢ ᠺᠤᠮᠫᠢᠦ᠋ᠲᠧᠷ ᠵᠢᠡᠷ ᠳᠡᠮᠵᠢᠨ ᠬᠢᠴᠢᠶᠡᠯ᠎ᠦᠨ ᠲᠠᠩᠬᠢᠮ᠎ᠤᠨ ᠵᠢᠭᠠᠨ ᠰᠤᠷᠭᠠᠯᠳᠠ ᠵᠢᠨ ᠪᠠᠢᠳᠠᠯ ᠳ᠋ᠠᠭᠠᠨ ᠬᠢᠨᠠᠨ ᠪᠠᠢᠴᠠᠭᠠᠯᠳᠠ ᠬᠢᠵᠦ᠂ ᠰᠣᠷᠣᠭ᠍ᠴᠢ᠎ᠶᠢᠨ ᠰᠡᠳᠦᠪ ᠬᠠᠷᠢᠭᠤᠯᠤᠭᠰᠠᠨ ᠲᠣᠭ᠎ᠠ ᠪᠠᠷᠢᠮᠲᠠ᠎ᠶᠢ ᠴᠠᠭ ᠲᠤᠬᠠᠢ ᠳ᠋ᠤᠨᠢ ᠲᠣᠮᠣ᠌ ᠳᠡᠯᠭᠡᠴᠡ᠎ᠳᠦ ᠬᠤᠷᠢᠶᠠᠩᠭᠤᠢᠯᠠᠵᠤ᠂ ᠮᠡᠳᠡᠯᠭᠡ᠎ᠶᠢᠨ ᠴᠡᠭ᠎ᠦᠨ ᠵᠥᠪ ᠣᠨᠣᠪᠴᠢᠲᠠᠶ ᠪᠠᠢᠬᠤ ᠨᠣᠷᠮ᠎ᠠ᠂ ᠠᠮᠠᠷᠬᠠᠨ ᠪᠤᠷᠤᠭᠤᠳᠠᠬᠤ ᠵᠦᠢᠯᠡᠰ᠎ᠢ ᠦᠵᠡᠮᠡᠭᠴᠡ ᠮᠡᠳᠡᠴᠢᠬᠡᠨ᠎ᠡ᠃ AI ᠠᠦ᠋ᠲ᠋ᠣ᠋ ᠬᠢᠨᠠᠬᠤ ᠮᠠᠰᠢᠨ ᠨᠢ ᠬᠣᠶᠠᠷᠬᠠᠨ ᠮᠢᠨᠦ᠋ᠲ᠎ᠦᠨ ᠳᠣᠲᠣᠷ᠎ᠠ ᠨᠢᠭᠡ ᠠᠩᠭᠢ᠎ᠶᠢᠨ 48 ᠬᠤᠪᠢ ᠰᠢᠯᠭᠠᠯᠲᠠ᠎ᠶᠢᠨ ᠬᠠᠭᠤᠳᠠᠰᠤ᠎ᠶᠢ ᠴᠣᠬᠣᠯᠠᠪᠤᠷᠢᠯᠠᠨ ᠵᠠᠰᠠᠵᠤ ᠳᠡᠢᠯᠳᠡᠭ᠃ ᠪᠠᠭ᠍ᠰᠢ ᠨᠠᠷ ᠨᠠᠷᠢᠯᠢᠭ᠋ ᠣᠨᠣᠴᠠᠲᠠᠢ ᠰᠤᠷᠤᠯᠭ᠎ᠠ᠎ᠶᠢᠨ ᠪᠠᠢᠳᠠᠯ᠎ᠤᠨ ᠲᠣᠭ᠎ᠠ ᠪᠠᠷᠢᠮᠲᠠ᠎ᠳᠤ ᠲᠦᠰᠢᠭᠯᠡᠨ᠂ ᠨᠡᠢᠲᠡᠯᠢᠭ ᠴᠢᠨᠠᠷᠲᠠᠢ ᠠᠰᠠᠭᠤᠳᠠᠯ᠎ᠳᠤ ᠠᠩᠬᠠᠷᠤᠯ᠎ᠢᠶᠠᠨ ᠲᠥᠪᠯᠡᠷᠡᠭᠦᠯᠦᠨ ᠭᠣᠣᠯᠳᠠᠯᠭ᠎ᠠ᠎ᠲᠠᠢ ᠲᠠᠢᠯᠤᠮᠵᠢ ᠬᠢᠵᠦ᠂ ᠥᠪᠡᠷᠮᠢᠴᠡ ᠠᠰᠠᠭᠤᠳᠠᠯ᠎ᠳᠤ ᠴᠢᠭᠯᠡᠭᠦᠯᠦᠨ ᠲᠤᠰᠠᠭᠠᠷ ᠬᠠᠪᠰᠤᠷᠤᠨ ᠵᠢᠯᠤᠭᠤᠳᠴᠤ᠂ ᠦᠩᠬᠡᠷᠡᠭᠰᠡᠨ᠎ᠤ ᠰᠤᠷᠤᠭᠴᠢ ᠪᠦᠬᠦᠨ ᠳ᠋ᠤ ᠠᠳᠠᠯᠢᠬᠠᠨ ᠶᠠᠷᠢᠬᠤ ᠪᠠᠢᠳᠠᠯ ᠡᠴᠡ ᠵᠠᠢᠯᠠᠰᠬᠢᠪᠠ᠃


ce07742b-c76e-45de-9002-c4ae0da59169.png


ᠠᠯᠤᠰ ᠡᠵᠡᠮᠳᠡᠭᠦᠷ ᠵᠢᠡᠷ ᠮᠠᠰᠢᠨ ᠵᠢᠯᠤᠭᠤᠳᠬᠤ ᠵᠢ ᠪᠡᠶᠡᠴᠢᠯᠡᠨ ᠤᠢᠯᠠᠭᠠᠨ᠎ᠠ


ᠣᠳᠣᠬᠠᠨ᠎ᠳᠤ᠂ ᠥᠪᠥᠷ ᠮᠣᠩᠭᠣᠯ᠎ᠤᠨ ᠪᠠᠭ᠍ᠰᠢ᠎ᠶᠢᠨ ᠶᠡᠬᠡ ᠰᠤᠷᠭᠠᠭᠤᠯᠢ᠎ᠶᠢᠨ ᠬᠠᠷᠢᠶᠠᠲᠤ ᠶᠦᠨ ᠬᠥ ᠰᠤᠷᠭᠠᠭᠤᠯᠢ ᠨᠢᠭᠡᠨᠲᠡ ᠪᠥᠬᠥ ᠠᠩᠬᠢ ᠨᠢᠬᠡᠴᠢ ᠵᠢᠨ ᠪᠥᠬᠥ ᠬᠢᠴᠢᠶᠡᠯ ᠲᠥᠷᠥᠯ᠎ᠦᠨ ᠣᠶᠤᠨᠲᠤ ᠬᠢᠴᠢᠶᠡᠯ᠎ᠦᠨ ᠲᠠᠩᠬᠢᠮ᠎ᠢ ᠬᠠᠮᠤᠷᠬᠤ᠎ᠶᠢ ᠪᠡᠶᠡᠯᠡᠭᠦᠯᠵᠦ᠂ ᠣᠶᠤᠨᠴᠢ ᠵᠢᠭᠠᠨ ᠰᠤᠷᠭᠠᠯᠲᠠ᠎ᠶᠢᠨ ᠰᠢᠰᠲᠧᠮ ᠨᠢ ᠬᠡᠢᠰᠪᠦᠷᠢ ᠮᠡᠳᠡᠯᠭᠡ᠎ᠶᠢ ᠰᠢᠭᠤᠳ ᠪᠤᠳᠠᠳᠠᠢ ᠣᠢᠯᠠᠭᠠᠬᠤ᠎ᠳᠤ ᠬᠢᠯᠪᠠᠷ ᠪᠤᠯᠵᠤ᠂ AI ᠵᠢᠱ᠌ᠢᠮᠡᠭ ᠬᠥᠮᠥᠨ᠎ᠯᠤᠬᠡ ᠵᠢᠨ ᠶᠠᠷᠢᠯᠴᠠᠭ᠎ᠠ ᠵᠡᠷᠭᠡ ᠦᠢᠯᠡᠳᠦᠯᠴᠡᠯ᠎ᠦᠨ ᠴᠢᠳᠠᠮᠵᠢ᠎ᠪᠠᠷ ᠰᠤᠷᠤᠭ᠍ᠴᠢᠳ᠎ᠤᠨ ᠢᠳᠡᠪᠬᠢᠵᠢᠯ᠎ᠢ ᠭᠦᠢᠴᠡᠳ ᠳᠠᠶ᠋ᠢᠴᠢᠯᠠᠵᠤ ᠪᠤᠢ᠃ ᠲᠣᠭ᠎ᠠ ᠪᠦᠷᠢᠳᠬᠡᠯ ᠳ᠋ᠤ ᠢᠯᠡᠷᠡᠬᠦᠯᠦᠭᠰᠡᠨ ᠵᠢᠡᠷ᠂ ᠡᠨᠡ ᠨᠢ ᠲᠣᠰ ᠰᠤᠷᠭᠠᠭᠤᠯᠢ᠎ᠶᠢᠨ ᠪᠠᠭ᠍ᠰᠢ᠎ᠶᠢᠨ ᠬᠢᠴᠢᠶᠡᠯ ᠪᠡᠯᠡᠳᠬᠡᠬᠦ ᠦᠷ᠎ᠡ ᠪᠦᠲᠦᠮᠵᠢ᠎ᠶᠢ 60% ᠭᠠᠷᠤᠢ᠎ᠪᠠᠷ ᠳᠡᠭᠡᠭᠰᠢᠯᠡᠭᠦᠯᠵᠦ᠂ ᠵᠢᠭᠠᠨ ᠰᠤᠷᠭᠠᠯᠲᠠ᠎ᠶᠢᠨ ᠰᠢᠰᠲᠧᠮ᠎ᠦᠨ ᠨᠠᠷᠢᠯᠢᠭ ᠤᠨᠤᠴᠠᠳᠠᠢ ᠪᠡᠷ ᠬᠦᠷᠭᠡᠭᠰᠡᠨ ᠪᠣᠯᠪᠠᠰᠤᠷᠠᠯ᠎ᠤᠨ ᠰᠡᠳᠦᠪ ᠨᠡᠶ᠋ᠢᠲᠡ 2.2 ᠲᠦᠮᠡ᠎ᠶᠢ ᠳᠠᠪᠠᠵᠤ᠂ ᠡᠯ᠎ᠡ ᠬᠢᠴᠢᠶᠡᠯ ᠲᠦᠷᠦᠯ᠎ᠤᠨ ᠮᠡᠳᠡᠯᠭᠡ᠎ᠶᠢᠨ ᠴᠡᠭ᠎ᠦᠨ ᠣᠯᠣᠭᠰᠠᠨ ᠬᠤᠪᠢ᠎ᠶᠢ ᠳᠤᠮᠳᠠᠴᠢ᠎ᠪᠠᠷ 16.4% ᠪᠡᠷ ᠳᠡᠭᠡᠭᠰᠢᠯᠡᠭᠦᠯᠵᠦ᠂ ᠥᠪᠡᠷᠮᠢᠴᠡ ᠵᠢᠭᠠᠨ ᠰᠤᠷᠭᠠᠯᠲᠠ᠎ᠶᠢ ᠦᠨᠡᠨ ᠬᠦ᠌ ᠪᠡᠶᠡᠯᠡᠭᠦᠯᠦᠭᠰᠡᠨ ᠪᠠᠢᠨ᠎ᠠ᠃

ᠰᠣᠷᠣᠭ᠍ᠴᠢ᠎ᠵᠢᠨ ᠦᠨᠡᠯᠡᠯᠳᠡ ᠵᠢᠨ ᠬᠤᠪᠢ ᠳ᠋ᠤ ᠰᠤᠷᠭᠠᠭᠤᠯᠢ ᠨᠢ AI ᠮᠡᠷᠬᠡᠵᠢᠯ ᠳ᠋ᠤ ᠲᠦᠰᠢᠭᠯᠡᠨ 《ᠲᠠᠪᠤᠨ ᠬᠥᠮᠦᠵᠢᠯ + ᠰᠢᠨᠵᠢᠯᠡᠬᠦ ᠤᠬᠠᠭᠠᠨ ᠲᠸᠭᠨᠢᠭ ᠮᠡᠷᠭᠡᠵᠢᠯ》 ᠢ᠋ ᠠᠭᠤᠰᠤᠯᠴᠠᠭᠤᠯᠤᠨ ᠦᠨᠡᠯᠡᠬᠦ ᠰᠢᠰᠲᠧᠮ᠎ᠢ ᠪᠠᠢᠭᠤᠯᠵᠤ᠂ ᠪᠡᠶ᠎ᠡ ᠰᠡᠳᠬᠢᠴᠡ ᠵᠢᠨ ᠬᠥᠭᠵᠢᠯᠲᠡ᠂ ᠰᠤᠷᠤᠯᠭ᠎ᠠ᠎ᠶᠢᠨ ᠪᠠᠢᠳᠠᠯ᠂ ᠪᠣᠯᠪᠠᠰᠤᠨ ᠶᠣᠰᠣ᠌ ᠵᠢᠷᠤᠮ᠂ ᠬᠥᠳᠡᠯᠮᠦᠷᠢ ᠦᠢᠯᠡᠳᠦᠯᠭᠡ ᠵᠡᠷᠭᠡ ᠣᠯᠠᠨ ᠲᠠᠯ᠎ᠠ᠎ᠠᠴᠠ ᠦᠰᠦᠨ ᠪᠣᠶ᠋ᠢᠵᠢᠯᠲᠠ᠎ᠶᠢᠨ ᠤᠯᠠ ᠮᠥᠷ᠎ᠢ ᠲᠡᠮᠳᠡᠭᠯᠡᠵᠦ᠂ ᠰᠣᠷᠣᠭ᠍ᠴᠢ ᠨᠢᠭᠡᠪᠦᠷᠢ᠎ᠳᠦ ᠲᠤᠰᠬᠠᠢ ᠬᠠᠷᠢᠶᠠᠯᠠᠭᠳᠠᠬᠤ 《ᠦᠰᠦᠨ ᠪᠣᠶ᠋ᠢᠵᠢᠯᠲᠠ᠎ᠶᠢᠨ ᠲᠣᠭᠠᠴᠢᠯᠠᠭᠰᠠᠨ ᠳᠡᠮᠳᠡᠭᠯᠡᠯ》᠎ᠢ᠋ ᠪᠣᠶ ᠪᠣᠯᠭᠠᠵᠤ᠂ ᠨᠡᠶ᠋ᠢᠲᠡ 1000 ᠭᠠᠷᠤᠢ ᠬᠤᠪᠢ ᠦᠨᠡᠯᠡᠯᠲᠡ᠎ᠶᠢᠨ ᠮᠡᠳᠡᠭᠦᠯᠦᠯᠲᠡ᠎ᠶᠢ ᠪᠣᠶ ᠪᠣᠯᠭᠠᠪᠠ᠃ ᠡᠭᠦᠨ᠎ᠦ ᠵᠡᠷᠭᠡ᠎ᠳᠦ᠂ ᠠᠪᠢᠶᠠᠨ᠎ᠤ ᠰᠡᠳᠦᠪ ᠬᠠᠷᠢᠭᠤᠯᠬᠤ ᠮᠠᠰᠢᠨ ᠨᠢ ᠠᠩᠭ᠌ᠯᠢ ᠬᠡᠯᠡᠨ᠎ᠦ ᠰᠤᠨᠤᠰᠴᠤ ᠶᠠᠷᠢᠬᠤ ᠵᠢ ᠴᠠᠭ ᠲᠤᠬᠠᠢ ᠳ᠋ᠤᠨᠢ ᠬᠤᠪᠢ ᠳᠡᠮᠳᠡᠭᠯᠡᠨ ᠦᠭᠴᠦ᠂ ᠪᠤᠷᠤᠭᠤ ᠠᠪᠢᠶᠠᠯᠠᠭᠰᠠᠨ ᠎ᠢ ᠨᠢ ᠵᠠᠯᠠᠷᠠᠭᠤᠯᠤᠨ ᠦᠭᠴᠦ᠂ ᠰᠤᠷᠤᠭ᠍ᠴᠢᠳ᠎ᠤᠨ ᠰᠤᠷᠤᠯᠴᠠᠬᠤ ᠢᠳᠡᠪᠬᠢᠵᠢᠯ᠎ᠢ 80%᠎ᠪᠠᠷ ᠳᠡᠭᠡᠭᠰᠢᠯᠡᠭᠦᠯᠪᠡ; ᠣᠶᠤᠨᠲᠤ ᠬᠠᠮᠢᠶᠠᠷᠤᠯᠲᠠ᠎ᠶᠢᠨ ᠰᠢᠰᠲᠧᠮ᠎ᠨᠢ ᠠᠵᠢᠯ᠎ᠳᠤ ᠭᠠᠷᠬᠤ᠎ᠶᠢ ᠰᠢᠯᠭᠠᠨ ᠪᠠᠢᠴᠠᠭᠠᠬᠤ᠂ ᠬᠢᠴᠢᠶᠡᠯ᠎ᠦᠨ ᠲᠠᠩᠬᠢᠮ᠎ᠤᠨ ᠰᠠᠬᠢᠯᠭ᠎ᠠ ᠪᠠᠲᠤ᠎ᠶᠢ ᠬᠢᠨᠠᠨ ᠬᠡᠮᠵᠢᠬᠦ᠎ᠶᠢ ᠥᠨᠳᠥᠷ ᠪᠦᠲᠦᠮᠵᠢᠲᠡᠢ ᠪᠡᠶᠡᠯᠡᠭᠦᠯᠵᠦ᠂ ᠰᠤᠷᠭᠠᠭᠤᠯᠢ᠎ᠶᠢᠨ ᠬᠦᠷᠢᠶᠡᠨ᠎ᠦ ᠬᠠᠮᠢᠶᠠᠷᠤᠯᠲᠠ᠎ᠶᠢ ᠨᠡᠩ ᠨᠠᠷᠢᠯᠢᠭ᠋᠂ ᠥᠨᠳᠥᠷ ᠪᠦᠲᠦᠮᠵᠢᠲᠡᠢ ᠪᠤᠯᠭᠠᠵᠤ ᠪᠠᠢᠭ᠎ᠠ ᠶᠤᠮ᠃ 《ᠰᠤᠷᠭᠠᠭᠤᠯᠢ ᠨᠢ AI ᠮᠡᠷᠬᠡᠵᠢᠯ ᠳ᠋ᠤ ᠲᠦᠰᠢᠭᠯᠡᠨ ᠤᠶᠤᠨᠴᠢ ᠵᠢᠭᠠᠨ ᠰᠤᠷᠭᠠᠯᠳᠠ ᠵᠢᠨ ᠪᠦᠷᠢᠨ ᠪᠦᠲᠦᠨ ᠪᠢᠲᠡᠭᠦᠦ ᠴᠠᠭᠠᠷᠢᠭ᠋ ᠢ᠋ ᠪᠤᠶ ᠪᠣᠯᠭᠠᠵᠤ᠂ ᠵᠢᠭᠠᠨ ᠰᠤᠷᠭᠠᠯᠲᠠ᠂ ᠦᠨᠡᠯᠡᠯᠲᠡ᠎ᠡᠴᠡ ᠬᠠᠮᠢᠶᠠᠷᠤᠯᠲᠠ ᠬᠦᠷᠲᠡᠯ᠎ᠡ᠂ ᠭᠣᠭᠴᠣᠭ᠎ᠠ ᠨᠢᠭᠡᠪᠦᠷᠢ᠎ᠳᠦ ᠴᠥᠮ ᠮᠡᠷᠭᠡᠵᠢᠯ᠎ᠵᠢᠡᠷ ᠴᠢᠳᠠᠪᠤᠷᠢ ᠣᠯᠭᠣᠵᠤ᠂ ᠰᠤᠷᠤᠭ᠍ᠴᠢ᠎ᠪᠠᠷ ᠭᠣᠣᠯ ᠪᠣᠯᠭᠠᠬᠤ  ᠶ᠋ᠢ ᠦᠨᠡᠨ᠎ᠬᠦ ᠪᠡᠶᠡᠯᠡᠭᠦᠯᠦᠭᠰᠡᠨ ᠪᠠᠢᠨ᠎ᠠ᠃ ᠪᠢᠳᠡ ᠣᠶᠤᠨᠲᠤ ᠰᠤᠷᠭᠠᠭᠤᠯᠢ᠎ᠶᠢᠨ ᠬᠦᠷᠢᠶᠡᠨ᠎ᠦ ᠰᠢᠰᠲ᠋ᠧᠮ᠎ᠢ ᠦᠷᠭᠦᠯᠵᠢᠯᠡᠨ ᠲᠡᠭᠦᠯᠳᠡᠷᠵᠢᠭᠦᠯᠵᠦ᠂ AI ᠮᠡᠷᠬᠡᠵᠢᠯ ᠪᠣᠯᠣᠨ ᠰᠠᠭᠤᠷᠢ ᠰᠤᠷᠭᠠᠨ ᠬᠥᠮᠦᠵᠢᠯ᠎ᠦᠨ ᠠᠭᠤᠰᠤᠯᠴᠠᠯ᠎ᠤᠨ ᠰᠢᠨ᠎ᠡ ᠠᠷᠭ᠎ᠠ ᠵᠠᠮ᠎ᠢ ᠲᠠᠰᠤᠷᠠᠯᠳᠡ ᠦᠭᠡᠢ ᠰᠦᠪᠡᠭᠴᠢᠯᠡᠨ᠎ᠡ》 ᠬᠡᠵᠦ ᠭᠧ ᠰᠢᠶᠠᠩ ᠸᠧᠢ ᠶᠠᠷᠢᠯ᠎ᠠ᠃


67963dcc-0fe1-4aa8-8cdd-61d9a24863e2.png


ᠤᠶᠤᠨᠳᠤ ᠳᠠᠮᠢᠷ ᠤ᠋ᠨ ᠳᠠᠯᠠᠪᠠᠢ ᠳ᠋ᠤ


2026 ᠣᠨ᠎ᠳᠤ᠂ ᠪᠥᠬᠥ ᠬᠣᠲᠠ᠎ᠪᠠᠷ᠎ᠢᠶᠠᠨ 《AI ᠰᠤᠷᠭᠠᠨ ᠬᠥᠮᠦᠵᠢᠯ᠎ᠦᠨ ᠶᠡᠬᠡ ᠲᠠᠷᠢᠬᠢ》 ᠶ᠋ᠢ ᠪᠠᠢᠭᠤᠯᠵᠤ᠂ 50 《ᠵᠣᠬᠢᠶᠠᠮᠠᠯ ᠣᠶᠤᠨ ᠴᠢᠳᠠᠪᠤᠷᠢ + ᠰᠤᠷᠭᠠᠨ ᠬᠥᠮᠦᠵᠢᠯ 》 ᠤ᠋ᠨ ᠲᠤᠷᠰᠢᠯᠲᠠ᠎ᠶᠢᠨ ᠰᠤᠷᠭᠠᠭᠤᠯᠢ᠎ᠶᠢ ᠪᠣᠢᠵᠢᠭᠤᠯᠵᠤ᠂ ᠬᠣᠲᠠ᠎ᠶᠢᠨ ᠲᠠᠰ᠎ᠤᠨ ᠣᠶᠤᠨᠲᠤ ᠰᠤᠷᠭᠠᠨ ᠬᠥᠮᠦᠵᠢᠯ᠎ᠦᠨ ᠳ᠋ᠠᠢᠲ᠋ᠠ᠎ᠶᠢᠨ ᠲᠥᠪ᠎ᠢᠶᠡᠷ ᠲᠦᠰᠢᠭ ᠪᠣᠯᠭᠠᠨ᠂ ᠴᠢᠨᠠᠷ ᠰᠠᠢᠲᠠᠢ ᠲᠣᠭᠠᠴᠢᠯᠠᠭᠰᠠᠨ ᠰᠤᠷᠭᠠᠨ ᠬᠥᠮᠦᠵᠢᠯ᠎ᠦᠨ ᠡᠬᠢ ᠪᠠᠶᠠᠯᠢᠭ᠋᠎ᠤᠨ ᠬᠠᠮᠤᠷᠬᠤ ᠬᠡᠪᠴᠢᠶ᠎ᠡ᠎ᠶᠢ ᠥᠷᠭᠡᠳᠬᠡᠵᠦ᠂ ᠮᠡᠷᠭᠡᠵᠢᠯ ᠬᠢᠭᠡᠳ ᠰᠤᠷᠭᠠᠨ ᠬᠥᠮᠦᠵᠢᠯ ᠵᠢᠭᠠᠨ ᠰᠤᠷᠭᠠᠯᠲᠠ᠎ᠶᠢᠨ ᠭᠦᠨᠵᠡᠭᠡᠢ ᠠᠭᠤᠰᠤᠯᠴᠠᠯ᠎ᠢ ᠠᠬᠢᠭᠤᠯᠵᠤ ᠪᠤᠢ᠃ ᠣᠶᠤᠨᠲᠤ ᠬᠢᠴᠢᠶᠡᠯ᠎ᠦᠨ ᠲᠠᠩᠬᠢᠮ᠎ᠠᠴᠠ ᠣᠶᠤᠨᠲᠤ ᠲᠠᠮᠢᠷ᠎ᠤᠨ ᠲᠠᠯᠠᠪᠠᠢ ᠬᠦᠷᠲᠡᠯ᠎ᠡ᠂ ᠤᠨᠤᠴᠠᠳᠠᠢ ᠵᠢᠭᠠᠨ ᠰᠤᠷᠭᠠᠬᠤ᠎ᠠᠴᠠ ᠪᠦᠬᠦ ᠲᠠᠯ᠎ᠠ᠎ᠪᠠᠷ ᠬᠥᠮᠥᠨ᠎ᠢ ᠬᠥᠮᠥᠵᠢᠭᠦᠯᠬᠦ ᠬᠦᠷᠲᠡᠯ᠎ᠡ᠂ ᠬᠥᠬᠡᠬᠣᠲᠠ᠎ᠶᠢᠨ ᠬᠢᠨ ᠶᠠᠭ ᠲᠣᠭᠠᠴᠢᠯᠠᠯᠲᠠ ᠪᠡᠷ ᠵᠢᠬᠦᠷ ᠪᠤᠯᠭᠠᠵᠤ᠂ ᠰᠠᠭᠤᠷᠢ ᠰᠤᠷᠭᠠᠨ ᠬᠥᠮᠦᠵᠢᠯ᠎ᠦᠨ ᠴᠢᠨᠠᠷ ᠰᠠᠢᠲᠠᠢ ᠬᠥᠭᠵᠢᠯᠲᠡ᠎ᠶᠢᠨ ᠰᠢᠨ᠎ᠡ ᠬᠠᠭᠤᠳᠠᠰᠤ᠎ᠶᠢ ᠪᠢᠴᠢᠭᠯᠡᠨ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠢᠶᠡᠷ ᠰᠤᠷᠭᠠᠨ ᠬᠦᠮᠦᠵᠢᠯ ᠳ᠋ᠤ ᠴᠢᠳᠠᠪᠤᠷᠢ ᠣᠯᠭᠣᠨ᠂ ᠰᠤᠷᠤᠭᠴᠢ ᠨᠢᠬᠡᠪᠦᠷᠢ ᠵᠢᠨ ᠢᠷᠡᠬᠡᠳᠦᠢ ᠵᠢᠨ ᠦᠰᠦᠨ ᠪᠤᠢᠵᠢᠯᠳᠠ ᠳ᠋ᠤ ᠦᠷᠬᠡᠨ ᠳᠠᠪᠴᠠᠩ ᠬᠠᠩᠭᠠᠵᠤ ᠪᠤᠢ᠃

( ᠭᠡᠷᠡᠯ ᠵᠢᠷᠤᠭ ᠢ᠋ ᠰᠤᠷᠪᠤᠯᠵᠢᠯᠠᠭᠴᠢ ᠸᠠᠩ ᠯᠧᠢ ᠰᠡᠬᠦᠳᠡᠷᠯᠡᠪᠡ )

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号