《ᠪᠤᠷᠤ ᠠᠪᠳᠠᠷᠠᠳᠤ ᠨᠤᠮ ᠪᠤᠢ᠂ ᠪᠤᠭᠤᠷᠤᠯ ᠡᠮᠸᠳᠤ ᠡᠷᠳᠡᠮ ᠪᠤᠢ》 ᠭᠡᠵᠦ ᠶᠠᠷᠢᠳᠠᠭ᠃ ᠲᠡᠭᠡᠪᠡᠯ ᠪᠤᠷᠤ ᠠᠪᠳᠠᠷᠠᠳᠡᠬᠢ ᠨᠤᠮ ᠲᠤᠲᠤᠷ᠎ᠠ ᠶᠠᠭᠤ ᠪᠠᠢᠳᠠᠭ ᠪᠤᠢ ᠭᠡᠵᠦ ᠠᠰᠠᠭᠤᠪᠠᠯ ᠬᠡᠨ ᠪᠦᠬᠦᠨ ᠦᠰᠦᠭ ᠵᠢᠷᠤᠭ ᠪᠤᠢ ᠭᠡᠵᠦ ᠬᠠᠷᠢᠭᠤᠯᠬᠤ ᠪᠠᠢᠬ᠎ᠠ᠃ ᠦᠨᠡᠨᠳ᠋ᠡᠬᠡᠨ ᠪᠠᠰᠠ ᠦᠰᠦᠭ ᠵᠢᠷᠤᠭ ᠬᠤᠶᠠᠷ ᠯᠡ ᠬᠠᠷᠠᠭᠳᠠᠨ᠎ᠠ᠂ ᠭᠡᠪᠡᠴᠦ ᠨᠠᠷᠢᠨ ᠲᠤᠩᠭᠠᠪᠠᠯ ᠡᠭᠦᠨ ᠡᠴᠡ ᠴᠸ᠋ ᠶᠡᠬᠡ ᠵᠦᠢᠯ ᠪᠤᠢ᠃
ᠨᠤᠮ ᠲᠤᠲᠤᠷ᠎ᠠ ᠤᠳᠤᠨ ᠤᠷᠤᠨ ᠪᠤᠢ᠃ ᠪᠢᠳᠠ ᠨᠠᠷᠠ ᠰᠠᠷ᠎ᠠ᠂ ᠳᠤᠬᠢᠭᠤᠷ ᠳᠤᠯᠤᠭᠠᠨ ᠤᠳᠤ ᠵᠢ ᠡᠭᠡᠯ ᠨᠢᠳᠤ ᠪᠠᠷᠢᠶᠡᠨ ᠤᠯᠵᠦ ᠦᠵᠡᠳᠡᠭ᠃ ᠪᠤᠰᠤᠳ ᠤᠳᠤᠳᠢ ᠬᠠᠷᠠᠬᠤ ᠭᠡᠬᠦᠯᠡᠷ ᠳᠠᠯᠠᠪᠴᠢ ᠤᠷᠭᠤᠭᠠᠳ ᠤᠳᠤᠨ ᠤᠷᠤᠨᠢᠶᠡᠷ ᠠᠶᠠᠯᠠᠵᠦ ᠴᠢᠳᠠᠬᠤ ᠦᠬᠡᠢ᠂ ᠶᠠᠭᠠᠭᠢᠳᠠᠭ ᠪᠢᠯᠡ? ᠡᠨᠡ ᠬᠠᠷᠢᠨ ᠠᠮᠠᠷᠬᠠᠨ᠂ ᠠᠯᠠᠭᠠᠨ ᠴᠢᠨᠡᠭᠡᠨ ᠨᠤᠮ ᠲᠤᠲᠤᠷ᠎ᠠ ᠠᠭᠠᠷ ᠤᠭᠲᠠᠷᠭᠤᠢ ᠪᠦᠷ ᠪᠠᠭᠳᠠᠵᠦ ᠡᠷᠬᠢᠯᠳᠦᠳᠡᠭ ᠰᠢᠦ᠃ ᠤᠳᠤᠨ ᠤᠷᠤᠨᠤ ᠰᠤᠳᠤᠯᠤᠭᠴᠢᠳᠤᠨ ᠰᠤᠳᠤᠯᠵᠤ ᠪᠢᠴᠢᠭᠰᠡᠨ ᠨᠤᠮᠢᠶᠡᠷ ᠪᠢᠳᠠ ᠠᠶᠠᠯᠠᠬᠤ ᠶᠤᠮ ᠪᠤᠯ ᠨᠠᠷᠠ ᠴᠤᠬᠤᠮ ᠬᠡᠳᠦᠢ ᠬᠠᠯᠠᠭᠤᠨ ᠪᠤᠢ᠂ ᠤᠳᠤ ᠶᠠᠭᠠᠬᠢᠭᠠᠳ ᠬᠢᠯᠠᠯᠵᠠᠳᠠᠭ ᠪᠤᠢ᠂ ᠡᠭᠦᠯᠡ ᠶᠠᠭᠠᠬᠢᠵᠤ ᠨᠡᠭᠦᠳᠡᠯᠯᠡᠳᠡᠭ ᠪᠤᠢ ᠬᠡᠬᠦ ᠮᠡᠲᠤ ᠵᠢᠨ ᠠᠭᠤᠯᠭ᠎ᠠ ᠵᠢ ᠰᠠᠨᠰᠠᠷ ᠲᠸ᠋ ᠬᠦᠷᠬᠦ ᠦᠭᠡᠢ ᠪᠠᠷ ᠮᠡᠳᠡᠵᠦ ᠪᠤᠯᠤᠨ᠎ᠠ᠃
ᠨᠤᠮ ᠲᠤᠲᠤᠷ᠎ᠠ ᠠᠷᠢᠶᠠᠳᠠᠨ ᠠᠮᠢᠲᠠᠨ ᠰᠦᠷᠦᠭᠯᠡᠨ ᠠᠮᠢᠳᠤᠷᠠᠵᠦ ᠪᠤᠢ᠃ ᠪᠢ ᠶᠠᠭᠠᠬᠢᠭᠠᠳ ᠤᠯᠵᠦ ᠦᠵᠡᠬᠦ ᠦᠬᠡᠢ ᠪᠠᠢᠨ᠎ᠠ ᠪᠤᠢ ᠭᠡᠵᠦ ᠭᠠᠢᠬᠠᠵᠦ ᠪᠠᠢᠭ᠎ᠠ ᠪᠢᠵᠡ? ᠠᠮᠢᠲᠠᠨᠤ ᠲᠤᠬᠠᠢ ᠨᠤᠮ ᠦᠵᠡᠭᠰᠡᠨ ᠬᠡᠤᠬᠡᠳ ᠦᠨᠳᠦᠷ ᠳᠠᠭᠤᠨᠢᠶᠡᠷ 《ᠲᠡᠢᠮᠦ ᠰᠢᠦ᠂ ᠪᠢ ᠡᠳᠦᠷ ᠪᠦᠷᠢ ᠦᠵᠡᠳᠡᠭ》 ᠭᠡᠵᠦ ᠬᠠᠷᠢᠭᠤᠯᠬᠤ ᠨᠢ ᠯᠠᠪ᠃ ᠤᠴᠢᠷ ᠨᠢ ᠠᠮᠢᠲᠠᠨᠤ ᠲᠤᠬᠠᠢ ᠨᠤᠮ ᠲᠤᠲᠤᠷ᠎ᠠ ᠳᠠᠯᠠᠢ ᠳᠠᠩᠬᠢᠰᠤᠨ ᠠᠮᠢᠲᠠᠨ᠂ ᠦᠨᠳᠦᠷ ᠠᠭᠤᠯᠠ ᠵᠢᠨ ᠠᠷᠢᠶᠠᠳᠠᠨ᠂ ᠭᠡᠷᠤᠨ ᠲᠡᠵᠢᠭᠡᠪᠦᠷᠢ᠂ ᠳᠡᠬᠦᠯᠢᠨ ᠨᠢᠰᠬᠦ ᠰᠢᠪᠠᠭᠤ᠂ ᠮᠦᠬᠦᠭᠰᠡᠨ ᠬᠦᠮᠪᠢᠷ᠎ᠠ ᠵᠡᠷᠭᠡ ᠵᠢ ᠵᠢᠷᠤᠭ ᠦᠰᠦᠭ ᠲᠠᠢ ᠰᠠᠢᠬᠠᠨ ᠲᠠᠨᠢᠯᠴᠠᠭᠤᠯᠵᠦ ᠥᠭᠴᠡᠢ᠃ ᠬᠠᠷᠠᠭᠠᠴᠢ᠂ ᠲᠡᠡᠳᠡ ᠶᠠᠪᠠᠭᠠᠨ ᠭᠠᠯᠠᠭᠤ ᠲᠠᠯᠪᠠᠯᠵᠠᠨ ᠶᠠᠪᠤᠵᠦ ᠪᠠᠢᠨ᠎ᠠ᠂ ᠠᠹᠷᠢᠺᠠ ᠲᠢᠪᠤᠨ ᠵᠠᠭᠠᠨ ᠲᠤᠭᠤᠯᠢᠶᠡᠨ ᠳᠠᠭᠠᠭᠤᠯᠤᠨ ᠪᠡᠯᠴᠢᠵᠦ ᠪᠠᠢᠨ᠎ᠠ᠂ ᠮᠦᠬᠦᠭᠰᠡᠨ ᠬᠦᠮᠪᠢᠷ᠎ᠠ ᠨᠢᠰᠦᠭᠡᠳ ᠢᠷᠡᠯ᠎ᠠ᠂ ᠬᠠᠯᠢᠮᠤ ᠠᠩᠳ᠋ᠠᠭᠠᠨ ᠭᠠᠷᠤᠯ᠎ᠠ ᠁
ᠨᠤᠮ ᠲᠤᠲᠤᠷ᠎ᠠ ᠵᠠᠮ ᠪᠤᠢ᠃ ᠭᠡᠷ ᠳᠡᠬᠡᠨ ᠬᠠᠷᠢᠬᠤ ᠵᠠᠮ᠂ ᠰᠠᠨᠰᠠᠷᠢᠶᠡᠷ ᠨᠢᠰᠬᠦ ᠵᠠᠮ᠂ ᠢᠷᠡᠭᠡᠳᠦᠢ ᠪᠠᠨ ᠭᠡᠷᠡᠯᠲᠦᠬᠦᠯᠬᠦ ᠵᠠᠮᠢ ᠨᠤᠮ ᠡᠴᠡ ᠤᠯᠳᠠᠭ ᠪᠢᠯᠡ᠃ ᠲᠡᠷᠡ ᠵᠠᠮᠢ ᠯᠡ ᠤᠯᠬᠤ ᠭᠡᠵᠦ ᠪᠢᠳᠠ ᠠ ᠦᠰᠦᠭ ᠠᠷᠠᠪ ᠲᠤᠭ᠎ᠠ ᠵᠢ ᠰᠤᠷᠳᠠᠭ ᠰᠢᠦ᠃ ᠬᠠᠷᠢᠨ ᠬᠡᠳᠦᠢ ᠶᠡᠬᠡ ᠨᠤᠮ ᠦᠵᠡᠭᠰᠡᠨᠢᠶᠡᠷ ᠴᠢᠨᠤ ᠢᠷᠡᠭᠡᠳᠦᠢ ᠵᠢᠨ ᠵᠠᠮ ᠲᠡᠳᠦᠢ ᠦᠷᠭᠡᠨ ᠮᠦᠷᠳᠡᠭᠡᠨ ᠳᠠᠷᠳᠠᠩ ᠪᠤᠯᠵᠤ ᠪᠤᠯᠤᠨ᠎ᠠ᠃ ᠨᠤᠮ ᠭᠡᠳᠡᠭ ᠵᠦᠪᠬᠡᠨ ᠬᠠᠭᠤᠳᠠᠰᠤ ᠬᠠᠭᠤᠳᠠᠰᠤ ᠦᠰᠦᠭᠳᠦ ᠴᠠᠭᠠᠰᠤ ᠪᠢᠰᠢ᠂ ᠲᠡᠷᠡ ᠬᠦ᠌ ᠨᠤᠮᠤᠨ ᠬᠠᠭᠤᠳᠠᠰᠤ ᠪᠦᠷᠢ ᠨᠢ ᠬᠤᠵᠢᠮᠤᠨ ᠠᠮᠢᠳᠤᠷᠠᠯᠳ᠋ᠤ ᠲᠤᠯᠭᠠᠷᠠᠵᠤ ᠮᠡᠳᠡᠬᠦ ᠠᠰᠠᠭᠤᠳᠠᠯᠢ ᠰᠢᠢᠳᠴᠦ ᠥᠭᠬᠦ ᠡᠷᠳᠡᠨᠢᠶᠢᠨ ᠵᠡᠪᠰᠡᠭ ᠪᠤᠯᠬᠤ ᠤᠴᠢᠷᠳᠠᠢ᠃
ᠨᠤᠮ ᠲᠤᠲᠤᠷ᠎ᠠ ᠰᠢᠳᠢᠳᠦ ᠲᠦᠯᠬᠢᠭᠦᠷ ᠪᠤᠢ᠃ ᠲᠡᠷᠡ ᠲᠦᠯᠬᠢᠬᠦᠷ ᠴᠢᠨᠤ ᠨᠢᠳᠦᠨᠳᠤ ᠦᠵᠡᠭᠳᠡᠵᠦ ᠭᠠᠷ ᠲᠸ᠋ ᠪᠠᠷᠢᠭᠳᠠᠬᠤ ᠲᠦᠯᠬᠢᠬᠦᠷ ᠲᠠᠢ ᠠᠳᠠᠯᠢ ᠦᠬᠡᠢ᠃ ᠦᠪᠡᠷᠤᠨ ᠲᠤᠲᠤᠭᠠᠳᠤ ᠰᠡᠳᠬᠢᠯᠢᠶᠡᠨ ᠨᠡᠭᠡᠭᠡᠬᠦ᠂ ᠠᠪᠢᠶᠠᠰ ᠪᠢᠯᠢᠭᠢᠶᠡᠨ ᠬᠦᠭᠵᠢᠬᠦᠯᠬᠦ ᠰᠢᠳᠢᠳᠤ ᠲᠦᠯᠬᠢᠬᠦᠷ ᠨᠤᠮᠤᠨ ᠬᠠᠭᠤᠳᠠᠰᠤᠨ ᠳ᠋ᠤ ᠨᠢᠭᠤᠭᠳᠠᠵᠦ ᠪᠤᠢ᠃ ᠲᠡᠷᠡ ᠶᠠᠭ ᠯᠡ ᠲᠦᠭᠡᠷᠢᠯ ᠤᠷᠳᠤᠨ ᠰᠢᠭ᠋ ᠂ ᠡᠷᠢᠬᠦ ᠲᠤᠰᠤᠮ ᠪᠠᠬ᠎ᠠ ᠵᠢ ᠴᠢᠨᠢ ᠲᠠᠲᠠᠵᠦ᠂ ᠡᠷᠢᠬᠦ ᠲᠤᠰᠤᠮ ᠬᠦᠨᠵᠡᠭᠡᠢᠷᠡᠳᠡᠭ ᠪᠢᠯᠡ᠃ ᠲᠡᠢᠮᠦ ᠡᠴᠡ ᠨᠤᠮ ᠶᠡᠬᠡ ᠤᠩᠰᠢᠭᠰᠠᠨ ᠬᠦᠮᠦᠨ ᠶᠢᠷᠲᠢᠨᠴᠦᠶᠢᠨ ᠲᠠᠢᠯᠤᠭᠳᠠᠭᠠ ᠦᠭᠡᠢ ᠤᠨᠢᠰᠤᠭ᠎ᠠ ᠵᠢ ᠲᠠᠢᠯᠬᠤ ᠲᠦᠯᠬᠢᠬᠦᠷᠢ ᠠᠳᠬᠤᠭᠰᠠᠨ ᠲᠠᠢ ᠠᠳᠠᠯᠢ ᠶᠤᠮ᠃ ᠲᠡᠷᠡ ᠲᠦᠯᠬᠢᠬᠦᠷ ᠴᠢᠨᠤ ᠭᠠᠷ ᠲᠸ᠋ ᠪᠤᠢ᠂ ᠬᠡᠷᠬᠢᠨ ᠬᠡᠷᠡᠭᠯᠡᠬᠦ ᠭᠡᠳᠡᠭ ᠨᠢ ᠴᠢᠮ᠎ᠠ ᠡᠴᠡ ᠰᠢᠯᠲᠠᠭᠠᠯᠠᠭᠳᠠᠨ᠎ᠠ ᠰᠢᠦ᠃
ᠠᠩᠬᠠᠳᠠᠭ᠍ᠴᠢ 《ᠪᠥᠬᠥ ᠠᠷᠠᠳᠤᠨ ᠤᠩᠰᠢᠯᠭ᠎ᠠ ᠵᠢᠨ ᠠᠵᠢᠯᠯᠠᠭ᠎ᠠ ᠵᠢᠨ ᠭᠠᠷᠠᠭ》 ᠬᠦᠷᠴᠦ ᠢᠷᠡᠬᠦ ᠲᠠᠰᠢᠷᠠᠮᠢᠶᠠᠷ᠂ ᠥᠪᠥᠷ ᠮᠣᠩᠭᠣᠯ 《ᠪᠥᠬᠥ ᠠᠷᠠᠳᠤᠨ ᠤᠩᠰᠢᠯᠭᠠᠶᠢ ᠬᠠᠮᠲᠤᠪᠠᠷ ᠠᠬᠢᠭᠤᠯᠵᠤ ᠨᠤᠮᠤᠨ ᠬᠡᠰᠢᠭᠳᠤ ᠨᠡᠢᠭᠡᠮᠢ ᠬᠠᠮᠲᠤᠪᠠᠷ ᠪᠦᠲᠦᠭᠡᠨ ᠪᠠᠶ᠋ᠢᠭᠤᠯᠤᠶᠠ》 ᠬᠡᠬᠦ ᠭᠣᠣᠯ ᠰᠡᠳᠦᠪ ᠲᠤᠬᠳᠠᠭᠠᠵᠤ᠂ 2026 ᠣᠨᠤ ᠪᠥᠬᠥ ᠠᠷᠠᠳᠤᠨ ᠤᠩᠰᠢᠯᠭ᠎ᠠ ᠵᠢᠨ ᠠᠵᠢᠯᠯᠠᠭ᠎ᠠ ᠵᠢᠨ ᠭᠠᠷᠠᠭᠢᠡᠬᠢᠯᠡᠬᠦᠯᠪᠡ᠃ ᠬᠡᠤᠬᠡᠳ ᠪᠠᠭᠠᠴᠤᠳ ᠪᠢᠳᠠ ᠴᠸ᠋ ᠨᠤᠮᠤᠨ ᠬᠡᠰᠢᠭᠲᠤ ᠨᠡᠢᠬᠡᠮᠢ ᠬᠠᠮᠲᠤ ᠪᠠᠷ ᠪᠦᠲᠦᠭᠡᠨ ᠪᠠᠢᠭᠤᠯᠬᠤ ᠨᠢᠭᠡᠨ ᠬᠡᠰᠢᠬᠦᠨ ᠪᠤᠯᠤᠭᠰᠠᠨᠤ ᠬᠤᠪᠢᠳᠤ ᠨᠤᠮ ᠰᠠᠢᠨ ᠤᠩᠰᠢᠵᠠᠭᠠᠶᠠ᠃ ᠨᠤᠮ ᠲᠤᠲᠤᠷ᠎ᠠ ᠶᠠᠭᠤ ᠪᠠᠢᠳᠠᠭᠢ ᠮᠡᠳᠡᠶ᠎ᠡ᠂ ᠰᠤᠳᠤᠯᠤᠶ᠎ᠠ᠂ ᠳᠡᠯᠭᠡᠷᠡᠬᠦᠯᠦᠶᠡ!
ᠨᠤᠮ ᠲᠤᠳᠤᠷ᠎ᠠ ᠁ ᠪᠤᠢ᠃