4 ᠰᠠᠷ᠎ᠠ ᠶ᠋ᠢᠨ 29 ᠤ᠋ ᠡᠳᠦᠷ᠂ ᠵᠠᠯᠠᠭᠤ ᠳᠠᠭᠤᠴᠢᠨ ᠰᠤᠶᠤᠯᠴᠡᠴᠡᠭ ᠤ᠋ᠨ 《ᠳᠠᠭᠤᠤ ᠮᠢᠨᠢ ᠠᠮᠢᠯᠠᠵᠦ ᠨᠢᠰᠦᠨ᠎ᠠ》 ᠳᠠᠭᠤᠤ ᠶ᠋ᠢᠨ ᠦᠳᠡᠱᠢᠯᠡᠭᠡ ᠬᠦᠬᠡᠬᠤᠳᠠ ᠳ᠋ᠡᠬᠢ ᠤᠯᠤᠰ ᠤ᠋ᠨ ᠤᠮᠠᠷᠠᠲᠤ ᠶ᠋ᠢᠨ ᠬᠦᠯ ᠪᠥᠮᠪᠥᠭᠡ ᠶ᠋ᠢᠨ ᠪᠣᠯᠪᠠᠰᠤᠷᠠᠯ ᠤ᠋ᠨ ᠰᠠᠭᠤᠷᠢᠨ ᠤ᠋ ᠶᠡᠷᠦᠩᠬᠡᠢᠯᠡᠭ᠌ᠰᠡᠨ ᠣᠷᠳᠣᠨ ᠳ᠋ᠦ ᠬᠦᠭᠵᠢᠶᠡᠨ ᠨᠠᠷᠬᠢᠶᠠᠨᠳᠠᠢ ᠰᠠᠢᠬᠠᠨ ᠶᠠᠪᠤᠭ᠍ᠳᠠᠪᠠ᠃
ᠦᠳᠡᠰᠢᠯᠡᠬᠡ ᠳ᠋ᠤ᠂ 《ᠳᠠᠭᠤᠤ ᠮᠢᠨᠢ ᠠᠮᠢᠯᠠᠵᠦ ᠨᠢᠰᠦᠨ᠎ᠠ》 ᠳᠠᠭᠤᠤ ᠶ᠋ᠢᠨ ᠬᠦᠩᠬᠡᠨ ᠴᠤᠭᠯᠢᠭ ᠠᠶᠠᠰ ᠦᠵᠡᠭᠴᠢᠳ ᠤ᠋ᠨ ᠰᠡᠳᠬᠢᠯ ᠢ᠋ ᠬᠦᠭᠰᠡᠬᠦᠯᠦᠨ᠂ ᠦᠵᠡᠰᠬᠦᠯᠡᠩᠳᠦ ᠰᠠᠢᠬᠠᠨ ᠦᠪᠦᠷ ᠮᠤᠨᠭᠭᠤᠯ ᠤ᠋ᠨ ᠤᠮᠤᠭ ᠪᠠᠬᠠᠳᠤᠯ ᠢ᠋ ᠲᠦᠷᠦᠬᠦᠯᠦᠨᠠ;《ᡀᠠᠰᠠ ᠶ᠋ᠢᠨ ᠪᠤᠷᠤᠭᠠᠨᠳᠦ ᠰᠥᠨᠢ》 ᠳᠠᠭᠤᠤ ᠶ᠋ᠢᠨ ᠤᠶᠠᠷᠠᠭᠤᠨ ᠨᠡᠮᠡᠬᠦᠨ ᠨᠢ ᠴᠠᠰᠤᠳᠤ ᠦᠨᠳᠦᠷᠯᠢᠭ ᠤ᠋ᠨ ᠨᠠᠮᠵᠢᠭᠤᠨ ᠲᠤᠭᠳᠠᠭᠤᠨ ᠬᠢᠬᠡᠳ ᠳᠤᠳᠤᠭᠠᠳᠦ ᠰᠡᠳᠬᠢᠯ ᠤ᠋ᠨ ᠪᠤᠳᠤᠯᠭᠠᠰᠢᠷᠠᠯ ᠢ᠋ ᠪᠤᠷᠤᠭᠠᠨᠳᠦ ᠰᠦᠨᠢᠪᠡᠷ ᠢᠯᠡᠳᠭᠡᠨ ᠳᠠᠭᠤᠯᠠᠵᠦ᠂ 《ᠬᠠᠢᠷ᠎ᠠ ᠶ᠋ᠢᠨ ᠬᠦᠯᠢᠶᠡᠰᠦ》 ᠳᠠᠭᠤᠤ ᠨᠢ ᠢᠨᠠᠭ ᠬᠠᠢᠷ᠎ᠠ ᠶ᠋ᠢᠨ ᠲᠦᠯᠦᠬᠡ ᠲᠤᠷᠠᠳᠠᠢᠶᠠ ᠵᠢᠳᠬᠦᠳᠡᠭ ᠴᠢᠩ ᠰᠡᠳᠬᠢᠯ ᠢ᠋ ᠳᠠᠭᠤᠯᠠᠨ᠂ ᠰᠠᠨᠠᠵᠦ ᠮᠦᠷᠦᠬᠡᠳᠬᠦ ᠶ᠋ᠢᠨ ᠰᠢᠨᠠᠯᠭᠠᠯ ᠢ᠋ ᠢᠯᠡᠳᠬᠡᠭᠰᠡᠨ ᠢ᠋ᠶ᠋ᠡᠷ ᠦᠵᠡᠭ᠌ᠴᠢᠳ ᠢ᠋ ᠤᠶᠠᠷᠠᠭᠤᠯᠪᠠ; 《ᠢᠨᠠᠭ ᠤ᠋ᠨ ᠳᠠᠭᠤᠤ ᠠᠶᠠᠲᠠᠢᠬᠠᠨ》 ᠳᠠᠭᠤᠤ ᠨᠢ ᠳᠠᠯ᠎ᠠ ᠨᠤᠲᠤᠭ ᠤ᠋ᠨ ᠬᠦᠮᠦᠰ ᠤ᠋ᠨ ᠣᠮᠣᠭ ᠵᠣᠷᠢᠭ ᠲᠡᠭᠦᠯᠳᠡᠷ ᠪᠠᠢᠳᠠᠯ ᠢ᠋ ᠢᠯᠡᠷᠡᠬᠦᠯᠵᠦ᠂ ᠪᠦᠬᠦ᠌ ᠲᠠᠯᠠᠪᠠᠢ ᠶ᠋ᠢᠨ ᠦᠵᠡᠭᠴᠢᠳ ᠬᠠᠮᠲᠤ ᠪᠡᠷ ᠲᠠᠭᠠᠨ ᠳᠠᠭᠤᠯᠠᠯ᠎ᠠ᠃ 2026 ᠤᠨ ᠤ᠋ ᠦᠪᠤᠷ ᠮᠤᠩᠭᠤᠯ ᠤ᠋ᠨ ᠰᠣᠶᠣᠯ ᠤ᠋ᠨ ᠠᠵᠢᠯᠯᠠᠭ᠎ᠠ ᠵᠢᠨ ᠤᠯᠠᠷᠢᠯ ᠤ᠋ᠨ ᠨᠢᠭᠡᠨ ᠲᠤᠭᠯᠠᠯᠳᠠ ᠪᠣᠯᠤᠭ᠍ᠰᠠᠨ ᠤ᠋ ᠬᠤᠪᠢ ᠳ᠋ᠦ᠂ ᠲᠣᠰ ᠳᠠᠭᠤᠤ ᠶ᠋ᠢᠨ ᠦᠳᠡᠱᠢᠯᠡᠭᠡ ᠵᠢ ᠰᠤᠶᠤᠯᠴᠡᠴᠡᠭ ᠤ᠋ᠨ ᠬᠡᠪ ᠨᠠᠮᠪᠠ ᠳ᠋ᠤ ᠵᠤᠷᠢᠭᠤᠯᠤᠨ ᠪᠡᠯᠡᠳᠬᠡᠵᠦ᠂ ᠴᠤᠭᠯᠢᠭ ᠠᠢᠵᠠᠮᠳᠦ ᠳᠠᠭᠤᠤ ᠳ᠋ᠤᠨᠢ ᠦᠨᠳᠦᠰᠦᠲᠡᠨ ᠤ᠋ ᠬᠥᠭ ᠠᠶᠠᠰ ᠠᠭᠤᠯᠤᠭᠳᠠᠨ᠂ ᠲᠠᠢᠰᠠᠨ ᠦᠵᠡᠭᠳᠡᠯ ᠳ᠋ᠤᠨᠢ ᠣᠲᠣ ᠦᠶ᠎ᠡ ᠶ᠋ᠢᠨ ᠬᠡᠷᠡᠯᠳᠦᠬᠦᠯᠬᠡ ᠳᠠᠭᠤᠤ ᠤᠷᠠᠯᠢᠭ ᠠᠭᠤᠰᠤᠯᠴᠠᠭᠠᠳ ᠤᠯᠠᠮᠵᠢᠯᠠᠯᠲᠤ ᠬᠡᠪ ᠮᠠᠶᠢᠭ ᠪᠠ ᠣᠲᠣ ᠦᠶ᠎ᠡ ᠶ᠋ᠢᠨ ᠭᠤᠤ᠎ᠠ ᠲᠠᠭᠠᠱᠢᠶᠠᠯ ᠢ᠋ ᠠᠰᠢᠳᠠᠢᠬᠠᠨ ᠤᠶᠠᠯᠳᠤᠭᠤᠯᠵᠤ᠂ ᠬᠡᠰᠡᠭ ᠪᠠᠳᠠᠭ ᠪᠤᠯᠭᠠᠨ ᠳ᠋ᠤᠨᠢ ᠴᠥᠮ ᠨᠤᠲᠤᠭ ᠤᠰᠤᠪᠠᠨ ᠬᠠᠢᠷᠠᠯᠠᠵᠦ ᠪᠠᠬᠠᠷᠬᠠᠭᠰᠠᠨ ᠰᠡᠳᠬᠢᠯᠬᠡ ᠪᠤᠯᠤᠨ ᠤᠷᠠᠯᠢᠭ ᠤ᠋ᠨ ᠬᠦᠭᠡᠭᠡᠴᠡᠯᠳᠦᠯ ᠪᠢᠯᠬᠠᠵᠠᠢ᠃
ᠲᠤᠰ ᠦᠳᠡᠰᠢᠯᠡᠬᠡ ᠵᠠᠯᠠᠭᠤ ᠳᠠᠭᠤᠴᠢᠨ ᠰᠤᠶᠤᠯᠴᠡᠴᠡᠭ ᠰᠣᠩᠭᠣᠳᠠᠭ ᠳᠠᠭᠤᠤ ᠨᠤᠭᠤᠳ ᠢ᠋ ᠴᠤ᠋ ᠱᠢᠨ᠎ᠡ ᠬᠡᠪ ᠮᠠᠶᠢᠭ ᠢ᠋ᠶ᠋ᠡᠷ ᠳᠠᠭᠤᠯᠠᠵᠦ᠂ ᠲᠦᠮᠡᠨ ᠬᠥᠮᠦᠨ ᠤ᠋ ᠲᠠᠯᠠᠪᠠᠢ ᠣᠷᠳᠣᠨ ᠳ᠋ᠤ ᠲᠡᠬᠦᠨ ᠤ᠋ ᠬᠠᠩᠭᠢᠨᠠᠮ᠎ᠠ ᠰᠠᠢᠬᠠᠨ ᠭᠦᠨ ᠰᠡᠳᠭᠢᠯᠭᠡ ᠪᠢᠯᠬᠠᠭ᠍ᠰᠠᠨ ᠳᠠᠭᠤᠤᠴᠤᠤᠷᠢᠶᠠᠳᠤᠨ᠂ ᠬᠦᠬᠡᠬᠤᠳᠠ ᠶ᠋ᠢᠨ ᠤᠳᠬ᠎ᠠ ᠤᠷᠠᠯᠢᠭ ᠤ᠋ᠨ ᠬᠦᠭᠵᠢᠨ ᠪᠠᠳᠠᠷᠠᠭᠰᠠᠨ ᠪᠠᠢᠳᠠᠯ ᠢ᠋ ᠬᠠᠷᠠᠭᠤᠯᠤᠨ᠎ᠠ᠃ ᠲᠣᠭ᠍ᠯᠠᠯᠲᠠ ᠶ᠋ᠢᠨ ᠠᠬᠤᠢ ᠲᠠᠯᠠᠪᠠᠢ ᠳ᠋ᠦ ᠵᠠᠯᠠᠭᠤ ᠳᠠᠭᠤᠴᠢᠨ ᠠᠭᠤᠳᠠᠮ᠂ ᠸᠧᠢ ᠵᠢᠶᠦ᠋ᠨ ᠬᠤᠸᠠ ᠵᠡᠷᠭᠡ ᠣᠨᠴᠠ ᠤᠷᠢᠭ᠍ᠰᠠᠨ ᠳᠠᠭᠤᠴᠢᠳ ᠦᠳᠡᠰᠢᠯᠡᠬᠡ ᠳ᠋ᠤ ᠬᠦᠭ ᠨᠡᠮᠡᠵᠦ᠂ ᠲᠣᠭ᠍ᠯᠠᠯᠲᠠ ᠳ᠋ᠦ ᠴᠢᠮᠡᠭ ᠪᠤᠯᠵᠠᠢ᠃ 《ᠲᠠᠨᠢᠯ ᠳᠠᠰᠤᠯ ᠳᠠᠭᠤᠤ ᠵᠢ ᠠᠬᠤᠢ ᠳᠠᠯᠠᠪᠠᠢ ᠳ᠋ᠤ ᠰᠤᠨᠤᠰᠬᠤ ᠳ᠋ᠤ ᠮᠠᠰᠢ ᠳᠠᠭᠠᠯᠠᠮᠵᠢᠳᠠᠢ᠂ ᠪᠢᠳᠡ ᠡᠨᠡ ᠬᠦ᠌ ᠳᠠᠭᠤᠤ ᠬᠥᠭ᠌ᠵᠢᠮ ᠤ᠋ᠨ ᠦᠪᠡᠳᠡᠭ᠌ᠰᠢ ᠳᠠᠢᠯᠠᠯᠭ᠎ᠠ ᠪᠡᠷ ᠰᠤᠶᠤᠯᠴᠡᠴᠡᠭ ᠤ᠋ᠨ ᠠᠮᠢᠳᠤᠷᠠᠯ ᠤ᠋ᠨ ᠢᠳᠡᠭᠡᠯ ᠵᠤᠷᠢᠭ ᠢ᠋ ᠮᠡᠳᠡᠷᠡᠵᠦ᠂ ᠬᠠᠢᠷ᠎ᠠ ᠬᠠᠯᠠᠮᠵᠢ ᠵᠢ ᠮᠡᠳᠡᠷᠡᠯ᠎ᠠ》 ᠭᠡᠵᠦ ᠦᠵᠡᠭ᠌ᠴᠢ ᠭᠦᠧᠧ ᠠᠪᠠᠬᠠᠢ ᠬᠡᠯᠡᠵᠤ ᠪᠠᠢᠯ᠎ᠠ᠃ ᠰᠤᠶᠤᠯᠴᠡᠴᠡᠭ ᠪᠤᠯ ᠤᠳᠭ᠎ᠠ ᠤᠷᠠᠯᠢᠭ ᠤ᠋ᠨ ᠦᠢᠯᠡᠰ ᠲᠦ᠍ ᠤᠳᠠᠭᠠᠨ ᠵᠢᠯ ᠰᠢᠮᠳᠠᠵᠦ᠂ ᠨᠡᠢᠲᠡ ᠶ᠋ᠢᠨ ᠠᠰᠠᠷᠠᠮᠵᠢ ᠶ᠋ᠢᠨ ᠦᠢᠯᠡᠰ ᠲᠦ᠍ ᠬᠦᠴᠦ ᠪᠠᠨ ᠡᠷᠬᠦᠵᠦ ᠶᠠᠪᠤᠭᠰᠠᠨ ᠰᠢᠨ᠎ᠠ ᠴᠠᠭ ᠦᠶ᠎ᠡ ᠶ᠋ᠢᠨ ᠳᠠᠭᠤᠴᠢᠨ ᠪᠤᠯᠤᠨ᠎ᠠ᠂ ᠲᠡᠷᠡ ᠦᠨᠳᠦᠰᠦᠨ ᠱᠠᠲᠤᠨ ᠤ᠋ ᠤᠯᠠᠭᠠᠨᠮᠥ᠋ᠴᠢᠷ ᠡᠴᠡ ᠦᠢᠯᠡᠰ ᠤ᠋ᠨ ᠭᠠᠷᠤᠭ᠎ᠠ ᠳ᠋ᠤ ᠮᠤᠷᠳᠠᠨ᠂ ᠤᠷᠠᠯᠢᠭ ᠪᠣᠯᠤᠨ ᠠᠮᠢᠳᠤᠷᠠᠯ ᠤ᠋ᠨ ᠬᠣᠯᠪᠣᠭ᠎ᠠ ᠶ᠋ᠢ ᠨᠡᠪᠲᠡᠷᠡᠭᠦᠯᠵᠦ᠍᠂ ᠤᠷᠠᠯᠢᠭ ᠤ᠋ᠨ ᠷᠢᠳᠢ ᠰᠢᠳᠢ ᠪᠡᠷ ᠠᠷᠠᠳ ᠤᠯᠠᠨ ᠳ᠋ᠤ ᠬᠦᠴᠦᠨ ᠴᠢᠳᠠᠯ ᠤᠯᠭᠤᠨ ᠬᠠᠢᠷ᠎ᠠ ᠬᠠᠯᠠᠮᠵᠢᠬᠦᠷᠳᠡᠭᠡᠭᠰᠡᠬᠡᠷ ᠢᠷᠡᠵᠠᠢ᠃