ᠦᠪᠦᠷ ᠮᠤᠩᠭᠤᠯ ᠎ᠤᠨ ᠡᠳᠡᠭᠡᠷ ᠬᠤᠪᠢ ᠬᠦᠮᠦᠨ ᠪᠠ ᠬᠠᠮᠲᠤ ᠪᠦᠬᠦ ᠤᠯᠤᠰ᠎ᠤᠨ 《5·1》 ᠎ᠤ ᠬᠦᠳᠡᠯᠮᠦᠷᠢ ᠵᠢᠨ ᠱᠠᠩᠨᠠᠯ ᠬᠦᠷᠲᠡᠪᠡ
2026-05-08 10:54:37
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠲᠡᠷᠢᠭᠦᠨ᠎ᠦ ᠨᠡᠢᠲᠡᠯᠢᠭ ᠵᠢᠱ᠌ᠢᠶ᠎ᠡ᠎ᠶᠢ ᠬᠥᠬᠢᠭᠦᠯᠦᠨ ᠵᠣᠷᠢᠭ᠍ᠵᠢᠭᠤᠯᠵᠤ᠂ ᠪᠦᠯᠬᠦᠮᠳᠡᠨ ᠲᠠᠪᠰᠢᠬᠤ ᠬᠦᠴᠦᠷᠬᠡᠭ ᠶᠡᠬᠡ ᠬᠦᠴᠦᠨ᠎ᠢ ᠨᠢᠭ᠍ᠲᠠᠷᠠᠭᠤᠯᠬᠤ᠎ᠶᠢᠨ ᠲᠥᠯᠥᠭᠡ᠂ ᠳᠤᠮᠳᠠᠳᠤ᠎ᠶᠢᠨ ᠪᠦᠬᠦ ᠤᠯᠤᠰ᠎ᠤᠨ ᠠᠵᠢᠯᠴᠢᠨ᠎ᠤ ᠶᠡᠷᠦᠩᠬᠡᠢ ᠡᠪᠯᠡᠯ᠎ᠡᠴᠡ ᠪᠡᠭᠡᠵᠢᠩ᠎ᠦᠨ ᠨᠢᠭᠡᠳᠦᠭᠡᠷ ᠰᠠᠭᠤᠷᠢ ᠮᠠᠰᠢᠨ᠎ᠤ ᠬᠢᠵᠠᠭᠠᠷᠲᠤ ᠺᠣᠮᠫᠠᠨᠢ ᠵᠡᠷᠭᠡ 379 ᠨᠢᠭᠡᠴᠢ᠎ᠳᠦ ᠪᠦᠬᠦ ᠤᠯᠤᠰ᠎ᠤᠨ 《5·1》᠎ᠤ ᠬᠥᠳᠡᠯᠮᠦᠷᠢ᠎ᠶᠢᠨ ᠱᠠᠩᠨᠠᠯ᠎ᠤᠨ ᠦᠨᠡᠮᠯᠡᠯ ᠣᠯᠭᠣᠵᠤ᠂ ᠦ᠋ ᠶᠦᠩ ᠵᠡᠷᠭᠡ 1462 ᠠᠵᠢᠯᠲᠠᠨ ᠠᠵᠢᠯᠴᠢᠨ᠎ᠳᠤ ᠪᠦᠬᠦ ᠤᠯᠤᠰ᠎ᠤᠨ 《5·1》᠎ᠤ ᠬᠥᠳᠡᠯᠮᠦᠷᠢ᠎ᠶᠢᠨ ᠱᠠᠩᠨᠠᠯ᠎ᠤᠨ ᠮᠧᠲᠠᠯ ᠣᠯᠭᠣᠵᠤ᠂ ᠪᠡᠭᠡᠵᠢᠩ᠎ᠦᠨ ᠳᠣᠬᠢᠭᠤᠷ ᠲᠤᠯᠤᠭᠠᠨ ᠤᠳᠤ ᠵᠠᠮᠴᠢᠯᠠᠬᠤ ᠮᠡᠷᠭᠡᠵᠢᠯ᠎ᠦᠨ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ᠎ᠶᠢᠨ ᠳᠢ ᠵᠢᠢ ᠡᠭᠦᠯᠡᠨ ᠦᠵᠦᠭᠦᠷ᠎ᠦᠨ ᠪᠤᠳᠤᠯᠲᠠ ᠵᠢᠨ ᠠᠷᠭ᠎ᠠ᠎ᠶᠢᠨ ᠪᠦᠯᠬᠦᠮ ᠵᠡᠷᠭᠡ 1183 ᠨᠡᠶ᠋ᠢᠲᠡ᠎ᠳᠦ ᠪᠦᠬᠦ ᠤᠯᠤᠰ᠎ᠤᠨ ᠠᠵᠢᠯᠴᠢᠨ᠎ᠤ ᠬᠣᠰᠢᠭᠤᠴᠢ ᠴᠣᠯᠠ ᠣᠯᠭᠣᠵᠤ᠂ ᠬᠥᠬᠢᠭᠦᠯᠦᠭᠳᠡᠨ ᠰᠠᠢᠰᠢᠶᠠᠭᠳᠠᠭᠰᠠᠨ ᠲᠡᠷᠢᠭᠦᠨ᠎ᠦ ᠡᠮᠡᠭᠲᠡᠢ ᠠᠵᠢᠯᠲᠠᠨ᠎ᠤ ᠬᠤᠪᠢ ᠬᠥᠮᠥᠨ᠎ᠳᠤ ᠪᠦᠬᠦ ᠤᠯᠤᠰ᠎ᠤᠨ 《5·1》᠎ᠤ ᠡᠮᠡᠭᠲᠡᠢ ᠵᠢᠱ᠌ᠢᠶᠡᠴᠢ ᠵᠢᠨ ᠴᠤᠯᠠ ᠤᠯᠭᠤᠵᠤ᠂ ᠬᠥᠬᠢᠭᠦᠯᠦᠭᠳᠡᠨ ᠰᠠᠢᠰᠢᠶᠠᠭᠳᠠᠭᠰᠠᠨ ᠡᠮᠡᠭᠲᠡᠢᠴᠤᠳ᠎ᠤᠨ ᠬᠠᠮᠲᠤ ᠵᠢ ᠪᠦᠬᠦ ᠤᠯᠤᠰ᠎ᠤᠨ 《5·1》᠎ᠤ ᠡᠮᠡᠭᠲᠡᠢ ᠵᠢᠱ᠌ᠢᠶᠡᠴᠢ ᠵᠢᠨ ᠠᠵᠢᠯ᠎ᠤᠨ ᠪᠠᠢᠷᠢ᠎ᠪᠠᠷ ᠬᠦᠬᠢᠭᠦᠯᠪᠡ᠃ ᠰᠠᠢᠰᠢᠶᠠᠨ ᠬᠥᠬᠢᠭᠦᠯᠦᠭᠳᠡᠭᠰᠡᠨ ᠲᠡᠷᠢᠭᠦᠨ᠎ᠦ ᠬᠠᠮᠲᠤ ᠪᠠ ᠬᠤᠪᠢ ᠬᠥᠮᠥᠨ ᠢᠷᠠᠭᠤ ᠠᠯᠳᠠᠷ᠎ᠢᠶᠠᠨ ᠨᠠᠨᠳᠢᠩᠨᠠᠨ᠂ ᠮᠥᠨ ᠴᠢᠨᠠᠷ᠎ᠢᠶᠠᠨ ᠪᠠᠲᠤᠯᠠᠵᠤ᠂ ᠦᠷᠭᠦᠯᠵᠢᠯᠡᠨ ᠴᠢᠷᠮᠠᠢᠵᠤ᠂ ᠲᠠᠬᠢᠨ ᠰᠢᠨ᠎ᠡ ᠭᠠᠪᠢᠶ᠎ᠠ ᠪᠠᠶ᠋ᠢᠭᠤᠯᠬᠤ᠎ᠶᠢ ᠬᠦᠰᠡᠵᠦ ᠪᠠᠢᠨ᠎ᠠ᠃

ᠡᠭᠦᠨ ᠡᠴᠡ ᠭᠠᠳᠠᠨ᠎ᠠ᠂ ᠳᠤᠮᠳᠠᠳᠤ ᠵᠢᠨ ᠪᠦᠬᠦ ᠤᠯᠤᠰ᠎ᠤᠨ ᠠᠵᠢᠯᠴᠢᠨ᠎ᠤ ᠶᠡᠷᠦᠩᠬᠡᠢ ᠡᠪᠯᠡᠯ ᠨᠢ ᠪᠦᠬᠦ ᠤᠯᠤᠰ᠎ᠤᠨ ᠤᠳᠤᠷᠢᠳᠤᠨ ᠳᠠᠭᠠᠭᠤᠯᠬᠤ ᠴᠢᠨᠠᠷᠲᠠᠢ ᠬᠦᠳᠡᠯᠮᠦᠷᠢ ᠪᠠ ᠤᠷ᠎ᠠ ᠮᠡᠷᠭᠡᠵᠢᠯ᠎ᠤᠨ ᠤᠷᠤᠯᠳᠤᠭᠠᠨ᠂ ᠴᠢᠬᠤᠯᠠ ᠶᠡᠬᠡ ᠲᠤᠰᠬᠠᠢ ᠲᠦᠷᠦᠯ ᠪᠠ ᠴᠢᠬᠤᠯᠠ ᠠᠵᠢᠯ᠎ᠢ ᠲᠤᠰᠠᠭᠠᠷ ᠨᠢ ᠬᠦᠬᠢᠭᠦᠯᠦᠨ ᠱᠠᠩᠨᠠᠪᠠ᠂ ᠦᠪᠦᠷ ᠮᠤᠩᠭᠤᠯ ᠡᠴᠡ 1 ᠨᠢᠭᠡᠴᠢ᠂ 3 ᠬᠤᠪᠢ ᠬᠦᠮᠦᠨ ᠪᠠ 4 ᠬᠠᠮᠲᠤ ᠱᠠᠩᠨᠠᠭᠳᠠᠵᠠᠢ᠃

 ᠢᠷᠡᠯᠲᠡ᠄  ᠲᠡᠭᠦᠯᠢᠯᠲᠡ ᠬᠠᠮ ᠵᠠᠭᠤᠴᠢᠯᠠᠭᠤᠷ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号