ᠤᠶᠠᠨᠭᠭ᠎ᠠ ᠡᠬᠡᠰᠢᠭ᠎ᠵᠢᠡᠨ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠳᠦ ᠡᠷᠬᠦᠨ ᠪᠠᠷᠢᠨ᠎ᠠ
2026-06-01 11:06:11
ᠵᠣᠬᠢᠶᠠᠭ᠍ᠴᠢ᠄
ᠭᠣᠣ ᠮᠢᠨ ᠨᠠ
ᠣᠩᠱᠢᠭ᠍ᠰᠠᠨ ᠣᠳᠠᠭ᠎ᠠ᠄
★★★☆☆

《ᠴᠢᠯᠥᠭᠡᠯᠡᠭ᠌ᠳᠡᠭ᠌ᠰᠡᠨ ᠣᠷᠣᠨ᠎ᠤ ᠡᠯ᠎ᠡ ᠭᠠᠵᠠᠷ᠎ᠠᠴᠠ ᠪᠦᠷ ᠪᠠᠶᠠᠷ᠎ᠤᠨ ᠪᠢᠴᠢᠭ ᠢᠷᠡᠭᠦᠯᠵᠡᠢ᠂ ᠤᠯᠠᠨ᠎ᠢᠶᠠᠷ᠎ᠢᠶᠠᠨ ᠦᠵᠡᠵᠡᠬᠡᠶ᠎ᠠ !》5 ᠰᠠᠷ᠎ᠠ᠎ᠶ᠋ᠢᠨ 26 ᠤ᠋ ᠡᠳᠦᠷ᠂ ᠬᠢᠩᠭᠠᠨ ᠠᠢᠮᠠᠭ᠎ᠤᠨ ᠤᠯᠠᠭᠠᠨᠬᠣᠲᠠ᠎ᠶ᠋ᠢᠨ 《5·1》 ᠤ᠋ ᠬᠤᠷᠠᠯ᠎ᠤᠨ ᠪᠠᠭᠤᠷᠢ ᠡᠴᠡ ᠬᠥᠬᠡ ᠲᠣᠭᠣᠰᠭ᠎ᠠ ᠬᠦᠷᠡᠡᠭ ᠸᠠᠭᠠᠷ᠎ᠤᠨ ᠳᠤᠮᠳᠠ ᠬᠠᠡᠭᠬᠢᠨᠠᠮ᠎ᠠ ᠬᠦᠴᠦᠲᠡᠶ ᠲᠠᠭᠤᠨ ᠴᠤᠤᠷᠢᠶᠠᠲᠤᠨ᠎ᠠ᠃ ᠬᠢᠩᠭᠠᠨ ᠠᠢᠮᠠᠭ᠎ᠤᠨ ᠤᠯᠠᠭᠠᠨᠮᠥ᠋ᠴᠢᠷ᠎ᠦᠨ ᠲᠣᠭ᠍ᠯᠠᠭ᠍ᠴᠢ ᠼᠠᠢ ᠭᠦᠸᠧ ᠪᠢᠨ ᠵᠥᠩ ᠱᠠᠨ ᠬᠤᠪᠴᠠᠰᠤ ᠡᠮᠦᠰᠴᠦ᠍᠂ ᠵᠦᠴᠦᠭᠡ᠎ᠳᠡᠬᠢ 《 ᠱᠢᠤᠢ ᠲᠥᠯᠥᠭᠡᠯᠡᠭ᠌ᠴᠢ》 ᠶ᠋ᠢ ᠲᠣᠭ᠍ᠯᠠᠨ᠎ᠠ᠃

ᠲᠠᠢᠰᠠᠨ᠎ᠳᠣᠣᠷ᠎ᠠ᠂ ᠰᠤᠳᠤᠯᠤᠨ ᠰᠤᠷᠤᠯᠴᠠᠬᠤ ᠠᠵᠢᠯᠯᠠᠭ᠎ᠠ᠎ᠳᠤ ᠣᠷᠣᠯᠴᠠᠭ᠍ᠰᠠᠨ ᠳᠤᠮᠳᠠᠳᠤ ᠰᠤᠷᠭᠠᠭᠤᠯᠢ᠎ᠶ᠋ᠢᠨ ᠰᠤᠷᠤᠭ᠍ᠴᠢᠳ 《ᠬᠤᠷᠠᠯ᠎ᠳᠤ ᠣᠷᠣᠯᠴᠠᠭᠰᠠᠨ ᠲᠥᠯᠥᠭᠡᠯᠡᠭ᠌ᠴᠢ 》 ᠪᠤᠯᠤᠨ ᠬᠤᠪᠢᠷᠠᠵᠤ᠂ ᠰᠡᠳᠭᠢᠯ ᠲᠠᠯᠪᠢᠨ ᠰᠣᠨᠣᠰᠴᠠᠭᠠᠨ᠎ᠠ᠃ ᠳ᠋ᠧᠩ᠎ᠦᠨ ᠭᠡᠷᠡᠯ ᠤ᠋ᠨ ᠡᠷᠬᠢᠯᠲᠠ ᠵᠢ ᠲᠠᠭᠠᠯᠳᠤᠨ ᠴᠠᠭ ᠮᠥᠴᠡ ᠶᠠᠭ ᠯᠠ 1947 ᠣᠨ᠎ᠤ ᠲᠡᠷᠡ ᠬᠦ᠌ ᠰᠦᠷ ᠳᠠᠯᠠᠢᠴᠠᠲᠠᠢ ᠬᠠᠪᠤᠷ ᠴᠠᠭ᠎ᠲᠤ ᠪᠤᠴᠠᠭᠰᠠᠨ ᠮᠡᠲᠦ᠍ ᠃ 《ᠬᠠᠭᠤᠴᠢᠨ ᠪᠠᠭᠤᠷᠢ᠂ ᠲᠡᠦᠬᠡᠨ ᠮᠠᠲᠧᠷᠢᠶᠠᠯ᠂ ᠵᠦᠴᠦᠭᠡ ᠵᠢᠨ ᠲᠣᠭ᠍ᠯᠠᠯᠲᠠ ᠨᠢ ᠪᠢᠳᠡᠨ᠎ᠳᠦ ᠲᠡᠷᠡ ᠬᠦ᠌ ᠬᠡᠰᠡᠭ ᠲᠡᠦᠬᠡ᠎ᠶ᠋ᠢᠨ ᠲᠤᠬᠠᠢ ᠭᠦᠨ ᠲᠦᠷᠦᠭ᠌ᠳᠡᠯ ᠦᠯᠠᠲᠠᠬᠡᠯ᠎ᠠ!》 ᠬᠡᠵᠤ ᠬᠢᠩᠭᠠᠨ ᠠᠢᠮᠠᠭ᠎ᠤᠨ ᠤᠯᠠᠭᠠᠨᠬᠣᠲᠠ᠎ᠶ᠋ᠢᠨ ᠨᠠᠢ᠍ᠮᠠᠳᠤᠭᠠᠷ ᠳᠤᠮᠳᠠᠳᠤ ᠰᠤᠷᠭᠠᠭᠤᠯᠢ᠎ᠶ᠋ᠢᠨ ᠰᠤᠷᠤᠭ᠍ᠴᠢ ᠴᠧᠨ ᠬᠠᠨ ᠢᠦᠢ ᠲᠣᠭ᠍ᠯᠠᠯᠲᠠ᠎ᠶ᠋ᠢ ᠰᠣᠨᠢᠷᠬᠠᠭ᠍ᠰᠠᠨ᠎ᠤ ᠲᠠᠷᠠᠭ᠎ᠠ ᠰᠡᠳᠭᠢᠯ ᠳᠣᠭ᠍ᠳᠣᠯᠤᠨ ᠬᠡᠯᠡᠵᠠᠢ᠃

ᠬᠤᠪᠢᠰᠭᠠᠯᠲᠤ ᠦᠵᠡᠭ᠌ᠳᠡᠯᠲᠦ ᠵᠦᠴᠦᠭᠡ 《ᠲᠠᠪᠤᠨ ᠰᠠᠷ᠎ᠠ᠎ᠶ᠋ᠢᠨ ᠨᠢᠭᠡᠨ᠎ᠦ ᠶᠡᠬᠡ ᠬᠤᠷᠠᠯ》ᠤ᠋ᠨ ᠭᠤᠤᠯ ᠲᠣᠭ᠍ᠯᠠᠭ᠍ᠴᠢ ᠪᠣᠯᠤᠭ᠍ᠰᠠᠨ᠎ᠤ ᠬᠤᠪᠢ᠎ᠳᠤ᠂ ᠼᠠᠢ ᠭᠦᠸᠧ ᠪᠢᠨ ᠡᠨᠡ ᠬᠦ᠌ ᠣᠨᠴᠠᠭᠠᠶ ᠲᠠᠪᠴᠠᠩ ᠳᠡᠭᠡᠷ᠎ᠡ 200 ᠭᠠᠷᠤᠶ ᠲᠠᠯᠠᠪᠠᠶ ᠲᠤᠭᠯᠠᠵᠤ ᠪᠤᠢ᠃ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠵᠠᠰᠠᠭ᠎ᠤᠨ ᠣᠷᠳᠣᠨ ᠪᠠᠢᠭᠤᠯᠤᠭ᠍ᠳᠠᠭ᠍ᠰᠠᠨ ᠲᠡᠦᠬᠡᠨ ᠬᠡᠷᠡᠭ᠎ᠢᠶᠡᠷ ᠡᠬᠡ ᠳᠡᠪᠲᠡᠷ ᠪᠣᠯᠭᠠᠭ᠍ᠰᠠᠨ ᠡᠨᠡ ᠬᠦ᠌  ᠵᠦᠴᠦᠭᠡ ᠨᠢ ᠤᠳᠤ ᠨᠢᠭᠡᠨᠲᠡ ᠬᠢᠩᠭᠠᠨ ᠠᠢᠮᠠᠭ᠎ᠤᠨ ᠬᠤᠪᠢᠰᠭᠠᠯᠲᠤ ᠰᠤᠶᠤᠯ ᠵᠢᠭᠤᠯᠴᠢᠯᠠᠯ᠎ᠤᠨ ᠰᠣᠳᠣᠨ ᠵᠠᠮ ᠱᠤᠭᠤᠮ᠎ᠤᠨ ᠴᠢᠬᠤᠯᠠ ᠪᠦᠷᠢᠯᠳᠦᠬᠦᠨ ᠬᠡᠰᠡᠭ ᠪᠤᠯᠵᠤ᠂ ᠨᠡᠩ ᠴᠤ᠌ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠠᠮᠢᠳᠤᠯᠢᠭ ᠵᠢᠭᠠᠬᠤ ᠮᠠᠲ᠋ᠧᠷᠢᠶᠠᠯ ᠪᠣᠯᠵᠠᠢ᠃

《ᠱᠢᠤᠢ ᠲᠥᠯᠥᠭᠡᠯᠡᠭ᠌ᠴᠢ》 ᠵᠢᠨ ᠳᠦᠷᠢ᠎ᠶ᠋ᠢ ᠰᠠᠢᠲᠤᠷ ᠲᠣᠭ᠍ᠯᠠᠬᠤ᠎ᠶ᠋ᠢᠨ ᠲᠥᠯᠥᠭᠡ ᠼᠠᠢ ᠭᠦᠸᠧ ᠪᠢᠨ ᠶᠡᠬᠡ ᠬᠡᠮᠵᠢᠶᠡᠨ᠎ᠦ ᠲᠡᠦᠬᠡ᠎ᠶ᠋ᠢᠨ ᠮᠠᠲ᠋ᠧᠷᠢᠶᠠᠯ᠎ᠢ ᠪᠠᠢᠴᠠᠭᠠᠨ ᠦᠵᠡᠵᠦ᠍᠂ ᠲᠤᠬᠠᠶ᠎ᠶ᠋ᠢᠨ ᠵᠢᠯ᠎ᠦᠨ ᠦᠨᠳᠦᠰᠦᠲᠡᠨ᠎ᠨᠦᠭᠦᠳ᠎ᠦᠨ ᠲᠥᠯᠥᠭᠡᠯᠡᠭ᠌ᠴᠢᠳ᠎ᠦᠨ ᠴᠢᠯᠥᠭᠡᠯᠡᠯᠲᠡ᠎ᠶ᠋ᠢᠨ ᠶᠡᠬᠡ ᠪᠣᠳᠣᠯᠭ᠎ᠠ᠎ᠶ᠋ᠢ ᠬᠠᠮᠲᠤ᠎ᠪᠠᠷ ᠵᠥᠪᠳᠡᠯᠴᠡᠭ᠌ᠰᠡᠨ ᠰᠡᠳᠭᠢᠯᠭᠡ᠎ᠶ᠋ᠢ ᠳᠠᠬᠢᠨ ᠳᠠᠪᠲᠠᠨ ᠣᠢᠯᠠᠭᠠᠵᠤ ᠪᠠᠢᠯ᠎ᠠ᠃ 《ᠪᠢ ᠲᠣᠭ᠍ᠯᠠᠯᠲᠠ᠎ᠪᠠᠷ ᠳᠠᠮᠵᠢᠭᠤᠯᠵᠤ᠂ ᠨᠡᠩ ᠤᠯᠠᠨ ᠬᠦᠮᠦᠰ ᠲᠸ᠋ ᠡᠨᠡ ᠬᠦ᠌ ᠬᠡᠰᠡᠭ ᠲᠡᠦᠬᠡ᠎ᠶ᠋ᠢ ᠤᠢ᠍ᠢᠯᠠᠭᠠᠭᠤᠯᠵᠥ᠍᠂ ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠦ ᠰᠠᠬᠢᠨ ᠪᠠᠷᠠᠯᠠᠵᠥ᠍ ᠬᠠᠷᠢᠯᠴᠠᠨ ᠬᠠᠪᠰᠤᠷᠤᠯᠴᠠᠵᠤ᠂ ᠰᠡᠳᠭᠢᠯ ᠨᠢᠭᠡᠳᠦᠨ ᠨᠢᠭᠳᠠᠷᠠᠨ ᠪᠦᠯᠬᠦᠮᠳᠡᠭ᠌ᠰᠡᠨ ᠭᠦᠨ ᠵᠤᠵᠠᠭᠠᠨ ᠨᠥᠬᠥᠷᠯᠡᠯ᠎ᠢ ᠮᠡᠳᠡᠷᠡᠭᠦᠯᠬᠦ᠌᠎ᠶ᠋ᠢ ᠬᠦᠰᠡᠵᠦ᠍ ᠪᠠᠢᠨ᠎ᠠ》 ᠬᠡᠪᠠ᠃

ᠲᠠᠢᠰᠠᠨ ᠳᠡᠭᠡᠷ᠎ᠡ᠂ ᠲᠡᠷᠡ ᠪᠣᠯ ᠢᠲᠡᠭᠡᠯ ᠪᠢᠱᠢᠷᠡᠯ ᠳᠠᠮᠵᠢᠭᠤᠯᠬᠤ 《ᠱᠢᠤᠢ ᠲᠥᠯᠥᠭᠡᠯᠡᠭ᠌ᠴᠢ》 ᠮᠦᠨ; ᠲᠡᠷᠡ ᠪᠣᠯ ᠦᠨᠳᠦᠰᠦᠲᠡᠨ᠎ᠦ ᠪᠦᠯᠬᠦᠮᠳᠡᠯ᠎ᠦᠨ ᠦᠷ᠎ᠡ᠎ᠶ᠋ᠢ ᠳᠠᠭᠤᠤ᠎ᠪᠠᠷ ᠰᠠᠴᠤᠭ᠍ᠰᠠᠨ ᠬᠤᠪᠢᠰᠭᠠᠯᠲᠤ ᠤᠳᠭ᠎ᠠ ᠤᠷᠠᠯᠢᠭ᠎ᠤᠨ ᠨᠢᠬᠡᠨ ᠬᠦᠩᠭᠡᠨ ᠮᠣᠷᠢᠲᠤ ᠴᠡᠷᠢᠭ ᠮᠥᠨ᠃ 15 ᠵᠢᠯ ᠠᠵᠢᠯᠯᠠᠭ᠍ᠰᠠᠨ ᠳᠠᠭᠤᠯᠠᠬᠤᠶ᠎ᠶ᠋ᠢᠨ ᠲᠣᠭ᠍ᠯᠠᠭ᠍ᠴᠢ ᠪᠣᠯᠤᠭ᠍ᠰᠠᠨ᠎ᠤ ᠬᠤᠪᠢ᠎ᠳᠤ ᠼᠠᠢ ᠭᠦᠸᠧ ᠪᠢᠨ ᠯᠠᠪᠳᠠᠭᠤᠨ ᠪᠠᠲᠤᠲᠠᠶ ᠲᠤᠰᠭᠠᠶ ᠮᠡᠷᠭᠡᠵᠢᠯ᠎ᠦᠨ ᠰᠠᠭᠤᠷᠢ ᠪᠠ ᠴᠢᠩ ᠦᠨᠡᠨᠴᠢ ᠤᠷᠠᠯᠢᠭ᠎ᠤᠨ ᠢᠯᠡᠷᠡᠭᠦᠯᠦᠯ᠎ᠢᠶᠡᠷ᠎ᠢᠶᠡᠨ ᠥᠪᠡᠷᠲᠡᠭᠡᠨ ᠵᠠᠰᠠᠬᠤ ᠣᠷᠣᠨ᠎ᠤ ᠡᠯ᠎ᠡ ᠲᠥᠷᠥᠯ᠎ᠦᠨ ᠳᠠᠭᠤᠯᠠᠬᠤᠶ᠎ᠶ᠋ᠢᠨ ᠤᠷᠤᠯᠳᠤᠭᠠᠨ᠎ᠳᠤ ᠣᠯᠠᠨᠲᠠ ᠱᠢᠯᠢᠳᠡᠭ ᠬᠢᠷᠢ ᠪᠦᠲᠦᠮᠵᠢ ᠤᠯᠪᠠ᠃ ᠭᠡᠪᠡᠴᠦ᠍ ᠲᠡᠷᠡ ᠲᠠᠢᠰᠠᠨ ᠳᠡᠭᠡᠷᠡᠬᠢ ᠲᠤᠭᠯᠠᠯᠲᠠ ᠪᠠᠷ ᠯᠠ ᠵᠣᠭ᠍ᠰᠣᠭ᠍ᠰᠠᠨ ᠦᠭᠡᠢ ᠬᠠᠷᠢᠨ ᠤᠯᠠᠭᠠᠨᠮᠥ᠋ᠴᠢᠷ᠎ᠦᠨ《ᠦᠨᠳᠦᠰᠦᠨ ᠱᠠᠲᠤᠨ᠎ᠳᠤ ᠭᠦᠨᠵᠡᠭᠡᠢᠷᠡᠵᠦ᠍᠂ ᠤᠯᠠᠨ ᠲᠦᠮᠡᠨ᠎ᠳᠦ ᠦᠢᠯᠡᠴᠢᠯᠡᠬᠦ᠌》 ᠤᠭ ᠰᠠᠨᠠᠭ᠎ᠠ᠎ᠪᠠᠨ ᠢᠮᠠᠭ᠍ᠲᠠ ᠪᠠᠲᠤ ᠰᠠᠬᠢᠵᠤ᠂ ᠬᠢᠩᠭᠠᠨ ᠠᠢᠮᠠᠭ᠎ᠤᠨ ᠲᠠᠯ᠎ᠠ ᠨᠤᠲᠤᠭ᠎ᠤᠨ ᠭᠦᠨ᠎ᠳᠦ ᠬᠦᠨᠵᠡᠭᠡᠢᠷᠡᠭᠰᠡᠭᠡᠷ ᠢᠷᠠᠵᠠᠢ᠃ ᠰᠤᠷᠭᠠᠭᠤᠯᠢ᠂ ᠴᠡᠷᠢᠭ ᠠᠩᠭᠢ᠂ ᠭᠠᠴᠠᠭ᠎ᠠ ᠲᠣᠰᠭᠣᠨ᠂ ᠨᠡᠢᠭᠡᠮ ᠲᠣᠭᠣᠷᠢᠭ᠂ ᠨᠠᠰᠤᠲᠠᠨ᠎ᠢ ᠠᠰᠠᠷᠠᠬᠤ ᠬᠦᠷᠢᠶᠡᠯᠡᠩ ᠁ ᠲᠠᠢᠰᠠᠨ᠎ᠤ ᠶᠡᠬᠡ ᠪᠠᠭ᠎ᠠ᠂ ᠦᠵᠡᠭ᠌ᠴᠢᠳ ᠤ᠋ᠨ ᠤᠯᠠᠨ ᠴᠦᠬᠡᠨ ᠬᠡᠲᠤᠢ ᠪᠠᠢᠭ᠍ᠰᠠᠨ ᠴᠤ᠌ ᠲᠡᠷᠡ ᠴᠥᠮ ᠪᠥᠬᠥ᠌ ᠰᠡᠳᠭᠢᠯ ᠪᠥᠬᠥ᠌ ᠵᠣᠷᠢᠭ᠎ᠢᠶᠠᠷ᠎ᠢᠶᠠᠨ ᠣᠷᠣᠯᠴᠠᠳᠠᠭ᠃

《ᠼᠠᠢ ᠭᠦᠸᠧ ᠪᠢᠨ ᠪᠣᠯ ᠮᠠᠨ᠎ᠤ ᠡᠩᠨᠡᠭᠡᠨ᠎ᠦ 〈ᠤᠯᠠᠨ ᠲᠠᠯ᠎ᠠ᠎ᠶ᠋ᠢᠨ ᠴᠢᠳᠠᠪᠤᠷᠢᠲᠠᠨ〉 ᠮᠥᠨ᠂ ᠭᠣᠴᠣᠯᠠᠯ ᠳᠠᠭᠤᠤ᠂ ᠱᠣᠭ ᠵᠦᠴᠦᠭᠡ᠂ ᠳᠠᠭᠤᠤ ᠬᠥᠭ᠌ᠵᠢᠮᠲᠦ ᠵᠦᠴᠦᠭᠡ᠂ ᠳᠠᠭᠤᠤ ᠪᠥᠵᠢᠭ᠌ᠲᠦ ᠵᠦᠴᠦᠭᠡ᠎ᠶ᠋ᠢᠨ ᠠᠯᠢ ᠵᠢ ᠨᠢ ᠴᠦ᠍ ᠪᠦᠷ ᠴᠢᠲᠠᠲᠠᠭ᠃ ᠤᠯᠠᠭᠠᠨᠮᠥ᠋ᠴᠢᠷ᠎ᠤ᠋ᠨ ᠵᠣᠬᠢᠶᠠᠨ ᠪᠦᠲᠦᠭᠡᠵᠦ᠍ ᠲᠣᠭ᠍ᠯᠠᠬᠤ ᠲᠥᠪ᠎ᠦᠨ ᠡᠷᠬᠢᠯᠡᠭ᠌ᠴᠢ ᠪᠠᠢ ᠸᠧᠢ ᠭᠤᠸᠠᠩ᠄ 《ᠲᠠᠷᠨ ᠬᠣᠣᠰ ᠬᠡᠯᠡ᠎ᠪᠡᠷ ᠴᠸ᠋ ᠳᠠᠭᠤᠯᠠᠵᠤ ᠴᠢᠳᠠᠲᠠᠭ᠂ ᠦᠨᠳᠦᠰᠦᠨ ᠱᠠᠲᠤᠨ᠎ᠳᠤ ᠲᠣᠭ᠍ᠯᠠᠯᠲᠠ ᠭᠠᠷᠭᠠᠬᠤ ᠪᠣᠯᠭᠠᠨ ᠲᠡᠷᠡ ᠶᠡᠷᠦ ᠨᠢ ᠠᠶᠠᠯᠭᠤ ᠳᠠᠭᠤᠤ ᠪᠠᠷ ᠶ᠋ᠢᠡᠨ ᠦᠨᠳᠦᠰᠦᠲᠡᠨ᠎ᠨᠦᠭᠦᠳ᠎ᠦᠨ ᠤᠯᠠᠨ ᠲᠦᠮᠡᠨ ᠯᠤᠬᠡ ᠵᠢᠨ ᠬᠣᠭᠣᠷᠣᠨᠳᠣᠬᠢ ᠵᠠᠢ ᠪᠠᠨ ᠤᠢ᠍ᠢᠷᠠᠳᠤᠭᠤᠯᠳᠠᠭ》 ᠬᠡᠵᠤ ᠬᠡᠯᠡᠪᠠ᠃

2024 ᠣᠨ᠎ᠤ 7 ᠰᠠᠷ᠎ᠠ᠎ᠳᠤ᠂ ᠼᠠᠢ ᠭᠦᠸᠧ ᠪᠢᠨ ᠤᠯᠠᠭᠠᠨᠮᠦ᠍ᠢ᠍ᠴᠢᠷ᠎ᠤᠨ ᠭᠡᠱᠢᠭᠦᠳ᠎ᠲᠡᠶ᠎ᠪᠡᠨ ᠬᠠᠮᠳᠤ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ᠎ᠤ ᠮᠠᠨᠵᠤᠲ᠋ᠦ᠋ᠨ᠎ᠤ ᠮᠠᠨᠵᠤ ᠦᠨᠳᠦᠰᠦᠲᠡᠨ᠎ᠦ ᠱᠢᠶᠠᠩ᠎ᠳᠤ ᠬᠦᠷᠴᠦ᠍ ᠲᠣᠭ᠍ᠯᠠᠯᠲᠠ ᠭᠠᠷᠭᠠᠪᠠ᠃ ᠲᠣᠭ᠍ᠯᠠᠯᠲᠠ᠎ᠶ᠋ᠢᠨ ᠵᠠᠪᠰᠠᠷ᠎ᠢᠶᠠᠷ ᠲᠡᠷᠡ ᠤᠯᠠᠭᠠᠨᠮᠤᠳᠤ᠎ᠶ᠋ᠢᠨ ᠲᠠᠯ᠎ᠠ ᠨᠤᠲᠤᠭ᠎ᠤᠨ ᠭᠦᠨ᠎ᠳᠦ᠂ ᠠᠮᠧᠷᠢᠺᠠ᠎ᠶ᠋ᠢ ᠡᠰᠡᠷᠭᠦᠴᠡᠵᠦ᠍ ᠰᠣᠯᠣᠩᠭᠣᠰ᠎ᠢ ᠲᠤᠰᠠᠯᠠᠬᠰᠠᠨ ᠲᠠᠢᠨ ᠳ᠋ᠤ ᠤᠷᠤᠯᠴᠠᠭᠰᠠᠨ ᠶᠡᠷᠡ ᠭᠠᠷᠤᠭᠰᠠᠨ  ᠨᠢᠭᠡᠨ ᠠᠬᠠᠮᠠᠳ ᠴᠡᠷᠢᠭ  ᠪᠠᠢᠵᠤ᠂ ᠲᠡᠷᠡ ᠪᠡᠷ ᠨᠠᠰᠤ ᠠᠬᠠᠰᠢᠷᠠᠭᠰᠠᠨ ᠡᠴᠡ ᠪᠤᠯᠵᠤ ᠲᠤᠬᠠᠢ ᠵᠢᠨ ᠲᠠᠯᠠᠪᠤᠷ ᠲᠸ᠋ ᠢᠷᠡᠵᠦ ᠲᠤᠭᠯᠠᠯᠳᠠ  ᠵᠢ ᠰᠤᠨᠢᠷᠬᠠᠵᠤ  ᠴᠢᠳᠠᠬᠤ ᠦᠭᠡᠢ ᠪᠠᠢᠬᠤ  ᠵᠢ  ᠮᠡᠳᠡᠮᠡᠭᠴᠡ ᠭᠡᠱᠢᠭᠦᠳ᠎ᠲᠡᠶ ᠪᠡᠨ ᠵᠦᠪᠳᠡᠯᠴᠡᠨ ᠨᠠᠰᠤᠲᠠᠨ᠎ᠤ ᠭᠡᠷ᠎ᠲᠤᠨᠢ ᠬᠦᠷᠴᠦ ᠲᠠᠭᠤᠯᠠᠵᠤ ᠦᠭᠬᠦ ᠪᠡᠷ ᠪᠤᠯᠤᠭᠰᠠᠨ ᠶᠤᠮ᠃

ᠳᠥᠭᠥᠮ ᠪᠦᠳᠦᠭᠦᠯᠢᠭ ᠬᠦᠷᠢᠶ᠎ᠡ ᠬᠠᠰᠢᠶ᠎ᠠ ᠨᠢ ᠬᠠᠯᠠᠭᠤᠨ ᠳᠤᠯᠠᠭᠠᠨ ᠲᠤᠭᠯᠠᠯᠳᠠ ᠵᠢᠨ ᠲᠠᠪᠴᠠᠩ ᠪᠤᠯᠵᠤ᠂ ᠼᠠᠢ ᠭᠦᠸᠧ ᠪᠢᠨ ᠨᠦᠬᠦᠳ ᠲᠠᠢ ᠪᠠᠨ ᠬᠠᠮᠲᠤ ᠨᠠᠰᠤᠲᠠᠨ᠎ᠳᠤ 《ᠳᠤᠮᠳᠠᠳᠤ ᠤᠯᠤᠰ᠎ᠤᠨ ᠠᠷᠠᠳ᠎ᠤᠨ ᠰᠠᠢ᠌ᠨ ᠳᠤᠷ᠎ᠠ᠎ᠶ᠋ᠢᠨ ᠴᠡᠷᠢᠭ᠎ᠦᠨ ᠲᠠᠢ᠌ᠴᠢᠨ ᠳᠠᠭᠤᠤ》᠂ 《ᠠᠵᠢᠨᠠᠶ ᠬᠦᠯᠦᠭ ᠵᠢᠡᠨ ᠲᠠᠪᠬᠢᠭᠤᠯᠤᠨ ᠬᠢᠯᠢ ᠬᠢᠵᠠᠭᠠᠷ᠎ᠢᠶᠠᠨ  ᠪᠠᠳᠤᠯᠠᠨ ᠬᠠᠮᠠᠭᠠᠯᠠᠶ᠎ᠠ》ᠵᠡᠷᠭᠡ ᠰᠣᠩᠭᠣᠳᠠᠭ ᠳᠠᠭᠤᠤ᠎ᠶ᠋ᠢ ᠳᠠᠭᠤᠯᠠᠵᠤ ᠰᠤᠨᠢᠷᠬᠠᠭᠤᠯᠪᠠ᠃《ᠨᠠᠰᠤᠲᠠᠨ ᠲᠣᠭ᠍ᠯᠠᠯᠲᠠ᠎ᠶ᠋ᠢ ᠰᠤᠨᠢᠷᠬᠠᠭᠠᠳ ᠮᠠᠰᠢ ᠰᠡᠳᠭᠢᠯ ᠳᠣᠭ᠍ᠳᠣᠯᠵᠤ᠂ ᠮᠠᠨ᠎ᠤ  ᠭᠠᠷ᠎ᠢ ᠴᠢᠩᠭ᠎ᠠ ᠠᠳᠭᠤᠵᠤ᠂〈ᠦᠨᠡᠬᠡᠷ ᠭᠤᠶᠤ᠂ ᠦᠨᠡᠭᠡᠷ ᠭᠤᠶᠤ ! ᠲᠠ᠎ᠨᠠᠷ ᠨᠠᠮᠠᠶ᠋ᠢ ᠴᠡᠭᠡᠵᠢᠯᠡᠵᠦ᠍ ᠪᠠᠢᠬᠤ᠎ᠳᠤ ᠲᠠᠯᠠᠷᠬᠠᠵᠤ ᠪᠠᠢᠨ᠎ᠠ〉 ᠭᠡᠵᠦ᠍ ᠳᠠᠬᠢᠨ ᠳᠠᠪᠲᠠᠨ ᠬᠡᠯᠡᠵᠦ᠍ ᠪᠠᠢᠯ᠎ᠠ》 ᠭᠡᠵᠦ᠍ ᠼᠠᠢ ᠭᠦᠸᠧ ᠪᠢᠨ ᠡᠷᠭᠢᠴᠡᠭᠦᠯᠪᠡ᠃ ᠠᠬᠠᠮᠠᠳ ᠴᠡᠷᠢᠭ᠎ᠦᠨ  ᠪᠠᠶᠠᠷ ᠪᠠᠶᠠᠰᠤᠯ ᠨᠢ ᠼᠠᠢ ᠭᠦᠸᠧ ᠪᠢᠨ᠎ᠢ ᠶᠡᠭᠡᠳᠡ ᠳᠣᠭ᠍ᠳᠣᠯᠤᠭᠤᠯᠪᠠ᠃ ᠲᠡᠷᠡ᠄ 《ᠮᠠᠨ᠎ᠤ ᠤᠯᠠᠭᠠᠨᠮᠥ᠋ᠴᠢᠷ᠎ᠦᠨ ᠤᠳᠬ᠎ᠠ ᠠᠭᠤᠯᠭ᠎ᠠ᠎ᠨᠢ ᠲᠠᠷᠤᠢ ᠡᠨᠡ ᠶᠤᠮ》 ᠬᠡᠯ᠎ᠡ᠃ 《ᠪᠢᠳᠡ ᠪᠣᠯ ᠤᠳᠭ᠎ᠠ ᠤᠷᠠᠯᠢᠭ᠎ᠤᠨ ᠠᠵᠢᠯᠲᠠᠨ ᠪᠣᠯᠬᠤ᠎ᠪᠠᠷ ᠪᠠᠷᠠᠬᠤ ᠥᠬᠡᠶ ᠨᠠᠩ ᠴᠤ᠌ ᠨᠠᠮ᠎ᠤᠨ ᠲᠥᠷᠥ᠎ᠶ᠋ᠢᠨ ᠪᠣᠳᠣᠯᠭ᠎ᠠ᠎ᠶ᠋ᠢᠨ ᠤᠬᠠᠭᠤᠯᠤᠭ᠍ᠴᠢ ᠮᠥᠨ᠂ ᠪᠢᠳᠡ ᠣᠯᠠᠨ ᠲᠦᠮᠡᠨ᠎ᠲᠡᠶ ᠣᠢᠷᠠᠲᠤᠭ᠍ᠰᠠᠨ᠂ ᠣᠯᠠᠨ ᠲᠦᠮᠡᠨ᠎ᠦ ᠳᠤᠮᠳᠠ ᠳᠡᠯᠭᠡᠷᠡᠵᠦ᠍ ᠳᠡᠢᠯᠬᠦ᠌᠂ ᠦᠯᠡᠳᠡᠵᠦ᠍ ᠳᠡᠢᠯᠬᠦ᠌ ᠨᠠᠩ ᠣᠯᠠᠨ ᠱᠢᠯᠢᠳᠡᠭ ᠤᠳᠭ᠎ᠠ ᠤᠷᠠᠯᠢᠭ᠎ᠤᠨ ᠪᠦᠲᠦᠭᠡᠯ᠎ᠢ ᠰᠡᠳᠭᠢᠯ ᠳᠡᠯᠪᠢᠨ ᠵᠣᠬᠢᠶᠠᠨ ᠪᠦᠲᠦᠭᠡᠵᠦ᠍᠂ ᠪᠠᠶᠠᠷ ᠪᠠᠬᠠᠳᠤᠯ ᠪᠠ ᠬᠠᠢᠷ᠎ᠠ ᠬᠠᠯᠠᠮᠵᠢ᠎ᠶ᠋ᠢ ᠭᠠᠵᠠᠷ ᠰᠠᠢ ᠦᠭᠡᠢ ᠬᠦᠷᠭᠡᠵᠦ᠍᠂ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠳᠦ ᠨᠠᠮ᠎ᠤᠨ ᠬᠠᠢᠷ᠎ᠠ ᠬᠠᠯᠠᠮᠵᠢ᠎ᠶ᠋ᠢ ᠮᠡᠳᠡᠷᠡᠭᠦᠯᠦᠨ᠎ᠡ》 ᠭᠡᠪᠡ᠃

ᠬᠣᠷᠴᠢᠨ ᠪᠠᠷᠠᠭᠤᠨ ᠭᠠᠷᠤᠨ ᠳᠤᠮᠳᠠᠳᠤ ᠬᠣᠱᠢᠭᠤᠨ᠎ᠤ ᠲᠦᠯᠦᠭᠡᠨᠮᠤᠳᠤ ᠵᠢᠨ ᠣᠷᠣᠨ ᠪᠦᠰᠡ᠎ᠶ᠋ᠢᠨ ᠴᠢᠨᠠᠷᠲᠠᠶ ᠨᠠᠰᠤᠲᠠᠨ᠎ᠢ ᠠᠰᠠᠷᠠᠬᠤ ᠬᠦᠷᠢᠶᠡᠯᠡᠩ᠎ᠳᠦ᠂ ᠼᠠᠢ ᠭᠦᠸᠧ ᠪᠢᠨ ᠪᠠᠰᠠ ᠮᠠᠰᠢ ᠣᠯᠠᠨ 《ᠲᠠᠰᠤᠯ ᠨᠠᠢᠵᠠ》 ᠲᠠᠢ ᠪᠠᠢᠳᠠᠭ᠂ ᠡᠨᠳᠡ ᠭᠠᠷᠭᠠᠳᠠᠭ ᠲᠣᠭ᠍ᠯᠠᠯᠲᠠ᠎ᠨᠢ ᠶᠡᠷᠦᠳᠡᠭᠡᠨ《ᠵᠠᠬᠢᠶᠠᠯᠠᠭ᠎ᠠ ᠵᠢᠨ ᠬᠡᠯᠪᠡᠷᠢ》 ᠪᠡᠷ ᠶᠠᠪᠤᠭᠳᠠᠳᠠᠭ᠃ 《ᠬᠥᠳᠡᠭᠡ ᠲᠠᠯ᠎ᠠ᠎ᠳᠤ ᠮᠥᠩᠬᠡ᠎ᠶ᠋ᠢᠨ ᠨᠠᠷᠠᠨ ᠮᠠᠨᠳᠤᠯ᠎ᠠ》᠂ 《ᠦᠳᠡᠰᠢ᠎ᠶ᠋ᠢᠨ ᠨᠡᠷᠡᠨ ᠲᠤᠶᠠᠭᠠᠷᠠᠨ᠎ᠠ》᠂ 《ᠡᠵᠢ》 ᠁ ᠭᠡᠬᠦᠴᠢᠯᠡᠨ ᠨᠠᠰᠤᠲᠠᠢᠴᠤᠳ ᠶᠠᠭᠤ ᠰᠣᠨᠣᠰᠭᠤ ᠳᠤᠷᠠᠲᠠᠢ ᠪᠣᠯ ᠲᠡᠷᠡ ᠶᠠᠭᠤ ᠵᠢ ᠳᠠᠭᠤᠯᠠᠳᠠᠭ᠃ 《ᠼᠠᠢ ᠪᠠᠭ᠍ᠰᠢ ᠪᠣᠯᠤᠨ ᠤᠯᠠᠭᠠᠨᠮᠥ᠋ᠴᠢᠷ᠎ᠦᠨ ᠭᠡᠱᠢᠭᠦᠳ ᠶᠠᠭ ᠮᠠᠨ᠎ᠤ ᠬᠡᠷ᠎ᠦᠨ ᠬᠥᠮᠦᠨ ᠱᠢᠭ᠃ ᠲᠠᠳᠠ ᠢᠷᠡᠬᠦ᠌ ᠪᠣᠯᠭᠠᠨ ᠨᠠᠰᠤᠲᠠᠢᠴᠤᠳ ᠴᠥᠮ ᠮᠠᠰᠢ ᠪᠠᠶᠠᠷᠯᠠᠳᠠᠭ᠂ ᠼᠠᠢ ᠪᠠᠭ᠍ᠰᠢ ᠨᠠᠰᠤᠲᠠᠢᠴᠤᠳ᠎ᠲᠤ ᠳᠠᠭᠤᠤ ᠳᠠᠭᠤᠯᠠᠵᠤ ᠥᠭ᠌ᠬᠦ᠎ᠪᠡᠷ ᠪᠠᠷᠠᠬᠤ ᠥᠬᠡᠶ᠂ ᠪᠠᠰᠠ ᠣᠯᠠᠨ᠎ᠲᠠᠶ ᠵᠣᠭᠣᠭ᠍ᠳᠠᠵᠤ᠂ ᠬᠠᠢᠷ᠎ᠠ ᠬᠠᠯᠠᠮᠵᠢ ᠬᠦᠷᠭᠡᠳᠡᠭ》 ᠭᠡᠵᠦ ᠨᠠᠰᠤᠲᠠᠨ᠎ᠢ ᠠᠰᠠᠷᠠᠬᠤ ᠬᠦᠷᠢᠶᠡᠯᠡᠩ᠎ᠦᠨ ᠳᠠᠷᠤᠭ᠎ᠠ ᠡᠸ᠋ ᠶᠦᠩ ᠱᠧᠩ ᠬᠡᠯᠡᠵᠦ ᠪᠠᠢᠯ᠎ᠠ᠃

ᠣᠯᠠᠨ ᠵᠢᠯ᠎ᠦᠨ ᠲᠠᠢᠰᠠᠨ᠎ᠤ  ᠤᠷᠠᠯᠢᠭ᠎ᠤᠨ ᠠᠮᠢᠳᠤᠷᠠᠯ ᠲᠤᠮᠳᠠ᠂ ᠤᠷᠤᠯᠳᠤᠭᠠᠨ᠎ᠤ ᠱᠠᠩᠨᠠᠯ ᠣᠯᠭᠣᠬᠤ ᠲᠠᠢᠰᠠᠨ᠎ᠠᠴᠠ ᠬᠥᠳᠡᠭᠡ ᠲᠣᠰᠭᠣᠨ᠎ᠤ ᠵᠢᠵᠢᠭ ᠲᠠᠢᠰᠠᠠ ᠳ᠋ᠤ ᠰᠢᠯᠵᠢᠵᠦ᠂ ᠬᠥᠭ᠌ᠵᠢᠶᠡᠨ ᠨᠠᠷᠭᠢᠶᠠᠨ᠎ᠲᠠᠶ ᠬᠤᠳᠠ᠎ᠠᠴᠠ ᠲᠠᠯ᠎ᠠ ᠨᠤᠲᠤᠭ᠎ᠤᠨ ᠢᠰᠡᠭᠡᠶ ᠬᠡᠷ ᠲᠸ᠋ ᠬᠦᠨᠵᠡᠭᠡᠢᠷᠡᠵᠦ᠂ ᠲᠣᠭ᠍ᠯᠠᠯᠲᠠ᠎ᠶ᠋ᠢᠨ ᠲᠠᠯᠠᠪᠤᠷ ᠪᠠ ᠲᠤᠬᠯᠠᠯᠲᠠ ᠵᠢᠨ ᠲᠠᠢᠰᠠ ᠨᠢ ᠬᠡᠴᠢᠨᠡᠨ ᠬᠤᠪᠢᠷᠠᠭᠰᠠᠨ ᠴᠸ᠋ ᠼᠠᠢ ᠭᠦᠸᠧ ᠪᠢᠨ᠎ᠤ ᠠᠶ᠎ᠠ ᠳᠠᠭᠤᠤ ᠪᠡᠷ ᠦᠨᠳᠦᠰᠦᠲᠡᠨ᠎ᠦ ᠪᠦᠯᠬᠦᠮᠳᠡᠯ᠎ᠢ ᠲᠠᠮᠵᠢᠭᠤᠯᠬᠤ ᠣᠭ ᠰᠠᠨᠠᠭ᠎ᠠ᠎ᠨᠢ ᠬᠤᠪᠢᠷᠠᠭ᠎ᠠ ᠥᠬᠡᠶ᠃ ᠡᠳᠦᠭᠡ᠂ ᠲᠡᠷᠡ ᠦᠷᠭᠦᠯᠵᠢᠯᠡᠨ ᠤᠭ ᠰᠠᠨᠠᠭ᠎ᠠ᠎ᠪᠠᠨ ᠪᠠᠳᠤ ᠪᠠᠷᠢᠮᠳᠠᠯᠠᠨ᠂ ᠦᠨᠳᠦᠰᠦᠨ ᠱᠠᠲᠤᠨ ᠳ᠋ᠤ ᠤᠳᠭ᠎ᠠ ᠤᠷᠠᠯᠢᠭ᠎ᠤᠨ ᠦᠷ᠎ᠡ ᠵᠢ ᠰᠠᠴᠤᠨ᠎ᠠ᠃ 《ᠠᠶ᠎ᠠ ᠳᠠᠭᠤᠤ᠎ᠶ᠋ᠢᠨ ᠬᠦᠴᠦᠨ ᠴᠢᠳᠠᠯ ᠨᠢ ᠪᠢᠳᠡᠨ᠎ᠦ ᠪᠤᠳᠤᠭ᠍ᠰᠠᠨ᠎ᠠᠴᠠ ᠬᠣᠯᠠ ᠶᠡᠬᠡ ᠪᠠᠢᠵᠠᠢ᠂ ᠪᠢ ᠤᠷᠬᠢᠯᠤᠮ᠎ᠠ ᠬᠠᠯᠠᠭᠤᠨ ᠰᠡᠳᠭᠢᠯᠭᠡ ᠪᠡᠷ ᠬᠠᠢᠷ᠎ᠠ ᠬᠠᠯᠠᠮᠵᠢ ᠳᠠᠮᠵᠢᠭᠤᠯᠬᠤ ᠲᠠᠭᠤᠴᠢᠨ ᠪᠤᠯᠤᠨ᠎ᠠ》 ᠭᠡᠵᠦ  ᠼᠠᠢ ᠭᠦᠸᠧ ᠪᠢᠨ ᠬᠡᠯᠡᠬᠦ ᠳ᠋ᠡᠭᠡᠨ᠄《ᠠᠷᠠᠳ ᠲᠦᠮᠡᠨ᠎ᠦ ᠰᠣᠨᠣᠰᠭᠤ ᠳᠤᠷᠠᠲᠠᠶ᠂ ᠣᠢᠯᠠᠭᠠᠵᠤ ᠲᠡᠢᠯᠬᠦ ᠳᠠᠭᠤᠤ᠎ᠪᠠᠷ ᠦᠨᠳᠦᠰᠦᠲᠡᠨ᠎ᠦ ᠪᠦᠯᠬᠦᠮᠳᠡᠯ᠎ᠦᠨ ᠦᠷ᠎ᠡ᠎ᠶ᠋ᠢ ᠨᠠᠩ ᠣᠯᠠᠨ ᠬᠥᠮᠦᠰ᠎ᠦᠨ ᠰᠡᠳᠭᠢᠯ᠎ᠳᠦ ᠦᠨᠳᠦᠰᠦᠯᠡᠭᠦᠯᠦᠨ ᠰᠣᠶᠣᠭᠠᠯᠠᠭᠤᠯᠵᠤ᠂ ᠤᠳᠭ᠎ᠠ ᠤᠷᠠᠯᠢᠭ᠎ᠤᠨ ᠬᠦᠴᠦᠨ᠎ᠢᠶᠡᠷ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠰᠠᠬᠢᠨ ᠪᠡᠷᠡᠯᠡᠵᠦ᠍ ᠬᠠᠷᠢᠯᠴᠠᠨ ᠬᠠᠪᠰᠤᠷᠤᠯᠴᠠᠵᠤ᠂ ᠰᠡᠳᠭᠢᠯ ᠨᠢᠭᠡᠳᠦᠨ ᠬᠠᠮᠲᠤ᠎ᠪᠠᠷ ᠤᠷᠤᠭ᠍ᠰᠢᠯᠠᠬᠤ ᠬᠠᠯᠠᠭᠤᠨ ᠬᠠᠭᠤᠳᠠᠰᠤ᠎ᠶ᠋ᠢ ᠪᠢᠴᠢᠭ᠌ᠯᠡᠨ᠎ᠡ》 ᠭᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号