ᠪᠢᠴᠢᠯ ᠰᠢᠭᠦᠮᠵᠢ
2026-06-01 10:30:10
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

5 ᠰᠠᠷ᠎ᠠ᠎ᠶᠢᠨ 13᠎ᠤ ᠡᠳᠦᠷ᠂ ᠦᠬᠠᠨ ᠶᠡᠬᠡ ᠰᠤᠷᠭᠠᠭᠤᠯᠢ ᠨᠡᠢᠭᠡᠮ᠎ᠦᠨ ᠬᠦᠮᠦᠰ᠎ᠦᠨ ᠤᠷᠢᠳᠴᠢᠯᠠᠨ ᠪᠣᠯᠵᠣᠬᠤ ᠳᠦᠷᠢᠮ᠎ᠢ ᠵᠢᠩᠬᠢᠨᠢ᠎ᠪᠡᠷ ᠬᠦᠴᠦᠨ ᠦᠭᠡᠢ ᠪᠣᠯᠭᠠᠪᠠ᠃ ᠭᠡᠪᠡᠴᠦ ᠰᠤᠷᠭᠠᠭᠤᠯᠢ᠎ᠶᠢᠨ ᠬᠦᠷᠢᠶ᠎ᠡ᠎ᠶᠢ ᠨᠡᠭᠡᠭᠡᠯᠳᠡ ᠲᠠᠢ ᠪᠣᠯᠭᠠᠬᠰᠠᠨ᠎ᠦ ᠳᠠᠷᠠᠭ᠎ᠠ ᠴᠥᠭᠡᠨ ᠪᠤᠰᠤ ᠰᠣᠷᠣᠭ᠍ᠴᠢ ᠨᠡᠢᠭᠡᠮ᠎ᠦᠨ ᠬᠠᠷᠢᠯᠴᠠᠭᠠᠨ᠎ᠤ ᠲᠠᠪᠴᠠᠩ ᠳᠡᠭᠡᠷ᠎ᠡ ᠪᠢᠴᠢᠭᠡᠰᠦ ᠨᠡᠢᠲᠡᠯᠡᠵᠦ᠂ ᠬᠡᠰᠡᠭ ᠵᠤᠭᠠᠴᠠᠭᠰᠠᠳ ᠮᠣᠳᠣᠨ᠎ᠳᠤ ᠠᠪᠠᠷᠢᠨ ᠵᠢᠷᠤᠭ ᠠᠪᠴᠤ ᠪᠠᠢᠬᠣ᠂ ᠲᠠᠮᠢᠷ᠎ᠦᠨ ᠲᠠᠯᠠᠪᠠᠢ᠎ᠳᠦ ᠰᠣᠷᠣᠭᠴᠢᠳ᠎ᠦᠨ ᠲᠠᠮᠢᠷ᠎ᠦᠨ ᠬᠢᠴᠢᠶᠡᠯ ᠣᠷᠣᠵᠦ ᠪᠠᠢᠬᠣ ᠵᠢ ᠰᠢᠭᠣᠳ ᠨᠡᠪᠳᠠᠷᠡᠬᠦᠯᠬᠦ ᠵᠡᠷᠭᠡ ᠪᠣᠯᠪᠠᠰᠣᠨ ᠪᠣᠰᠣ ᠦᠢᠯᠡ ᠠᠵᠢᠯᠯᠠᠭ᠎ᠠ ᠣᠷᠣᠰᠢᠵᠦ ᠪᠣᠢ ᠭᠡᠵᠦ ᠲᠤᠰᠬᠠᠪᠠ᠃ ᠡᠭᠦᠨ᠎ᠦ ᠬᠠᠮᠲᠤ ᠲᠦᠷᠭᠡᠨ ᠨᠡᠮᠡᠭᠳᠡᠵᠦ ᠪᠣᠢ ᠠᠶᠠᠨᠴᠢᠳ᠎ᠤᠨ ᠤᠷᠤᠰᠬᠠᠯ᠎ᠠᠴᠠ ᠪᠣᠯᠵᠤ ᠰᠤᠷᠭᠠᠭᠤᠯᠢ᠎ᠶᠢᠨ ᠬᠡᠰᠡᠭ ᠬᠣᠭᠣᠯᠠᠨ ᠭᠡᠷ ᠳᠦᠭᠦᠷᠴᠦ᠂ ᠬᠣᠭᠣᠯᠠ ᠢᠳᠡᠬᠦ ᠣᠷᠭᠢᠯ᠎ᠤᠨ ᠬᠤᠭᠤᠴᠠᠭᠠᠨ᠎ᠳᠤ ᠰᠤᠷᠤᠭ᠍ᠴᠢᠳ 《ᠰᠠᠭᠤᠬᠤ ᠭᠠᠵᠠᠷ ᠦᠭᠡᠢ》 ᠪᠣᠯᠴᠢᠬᠠᠳᠠᠭ᠃

ᠦᠨᠡᠯᠡᠯᠳᠠ᠄ ᠶᠡᠬᠡ ᠳᠡᠭᠡᠳᠦ ᠰᠤᠷᠭᠠᠭᠤᠯᠢ᠎ᠶᠢᠨ ᠬᠦᠷᠢᠶ᠎ᠡ ᠵᠢ ᠨᠡᠭᠡᠭᠡᠯᠳᠡ ᠲᠠᠢ ᠪᠣᠯᠭᠠᠬᠰᠠᠨ ᠨᠢ ᠰᠠᠢᠨ ᠰᠠᠨᠠᠭᠠᠨ᠎ᠤ ᠠᠵᠢᠯᠯᠠᠭ᠎ᠠ ᠮᠥᠨ᠃ ᠭᠡᠪᠡᠴᠦ ᠨᠡᠶ᠋ᠢᠲᠡ᠎ᠶᠢᠨ ᠠᠰᠠᠷᠠᠮᠵᠢ ᠬᠢᠭᠡᠳ ᠬᠠᠮᠢᠶᠠᠷᠤᠯᠲᠠ᠎ᠶᠢ ᠬᠠᠮᠳᠣ᠎ᠳᠦᠨᠢ ᠬᠠᠷᠠᠭᠠᠯᠵᠠᠬᠣ᠂ ᠡᠮᠬᠢ ᠵᠢᠷᠤᠮ  ᠲᠠᠢ ᠪᠠᠢᠬᠣ ᠵᠢᠴᠢ  ᠪᠠᠭᠲᠠᠭᠠᠮᠵᠢ᠎ᠲᠠᠢ ᠪᠠᠢᠬᠣ ᠵᠢ ᠬᠠᠮᠳᠣ ᠳ᠋ᠣᠨᠢ ᠬᠠᠷᠠᠭᠠᠯᠵᠠᠬᠣ ᠬᠡᠷᠡᠭᠳᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号