ᠣᠢᠷ᠎ᠠ᠎ᠳᠦ ᠠᠮᠣᠷ᠎ᠢ ᠬᠠᠮᠠᠭᠠᠯᠠᠬᠣ ᠶᠠᠮᠣᠨ ᠵᠢᠯᠣᠭᠣᠴᠢ ᠦᠬᠡᠢ ᠨᠢᠰᠬᠡᠯ᠎ᠦᠨ ᠨᠢᠰᠦᠯᠳᠡ ᠵᠢ ᠡᠵᠡᠮᠳᠡᠬᠦ ᠰᠢᠰᠲ᠋ᠸᠮ᠎ᠢ ᠬᠠᠣᠯᠢ ᠪᠣᠰᠣ ᠪᠡᠷ ᠦᠬᠡᠷᠡᠴᠢᠯᠡᠭᠰᠡᠨ ᠶᠠᠯᠠᠳᠣ ᠠᠵᠢᠯᠯᠠᠭ᠎ᠠ ᠵᠢᠨ ᠨᠡᠢᠳᠡᠯᠢᠭ ᠬᠡᠷᠡᠭ᠎ᠦᠨ ᠵᠢᠱ᠌ᠢᠶ᠎ᠡ ᠵᠢ ᠨᠡᠢᠳᠡᠯᠡᠪᠡ᠃ ᠡᠬᠦᠨ᠎ᠳᠦ ᠵᠠᠷᠢᠮ ᠬᠠᠣᠯᠢ ᠪᠣᠰᠣ ᠡᠳᠡᠭᠡᠳ ᠮᠡᠷᠭᠡᠵᠢᠯ ᠦᠨ ᠠᠷᠭ᠎ᠠ ᠪᠠᠷᠢᠯ᠎ᠢ ᠠᠰᠢᠬᠯᠠᠨ ᠪᠣᠰᠣᠳ᠎ᠢ ᠬᠠᠪᠰᠣᠷᠣᠨ ᠵᠢᠯᠣᠭᠣᠴᠢ ᠦᠬᠡᠢ ᠨᠢᠰᠬᠡᠯ᠎ᠦᠨ ᠦᠨᠳᠣᠷᠢ ᠬᠢᠵᠠᠭᠠᠷᠯᠠᠬᠣ᠂ ᠨᠢᠰᠬᠦ ᠵᠢ ᠴᠠᠭᠠᠵᠠᠯᠠᠬᠣ ᠣᠷᠣᠨ ᠪᠦᠰᠡ ᠵᠡᠷᠭᠡ ᠬᠢᠵᠠᠭᠠᠷᠯᠠᠯ᠎ᠢ ᠲᠠᠢᠯᠬᠣ ᠪᠡᠷ ᠲᠠᠮᠵᠢᠨ ᠪᠣᠰᠣᠳ᠎ᠢ ᠬᠠᠪᠰᠣᠷᠣᠨ 《ᠬᠠᠷ᠎ᠠ ᠪᠡᠷ ᠨᠢᠰᠬᠡᠬᠦ》 ᠵᠡᠷᠭᠡ ᠠᠵᠢᠯᠯᠠᠭ᠎ᠠ ᠶᠠᠪᠤᠭᠤᠯᠵᠦ ᠬᠠᠣᠯᠢ ᠪᠣᠰᠣ ᠠᠰᠢᠬ ᠬᠣᠨᠵᠢᠵᠦ ᠪᠤᠢ᠃ ᠲᠣᠳᠣᠭᠠᠳᠣ ᠵᠢ ᠬᠠᠮᠠᠭᠠᠯᠠᠬᠣ ᠶᠠᠮᠣᠨᠦ ᠰᠦᠯᠵᠢᠶᠡᠨ᠎ᠦ ᠠᠮᠣᠷ ᠲᠦᠪᠰᠢᠨ᠎ᠦ ᠲᠣᠪᠴᠢᠶ᠎ᠡ ᠵᠢᠨ ᠬᠠᠮᠢᠶ᠎ᠡ ᠪᠦᠬᠦᠢ ᠬᠠᠷᠢᠭᠣᠴᠠᠯᠭᠠᠳᠠᠨ ᠢᠯᠡᠷᠭᠡᠢᠯᠡᠬᠦ᠎ᠳᠡᠭᠡᠨ᠂ ᠦᠨᠳᠣᠷᠢ ᠬᠢᠵᠠᠭᠠᠷᠯᠠᠬᠣ ᠪᠡᠨ ᠪᠣᠯᠢᠬᠰᠠᠨ ᠵᠢᠯᠣᠭᠣᠴᠢ ᠦᠬᠡᠢ ᠨᠢᠰᠬᠡᠯ ᠠᠷᠠᠳ᠎ᠦᠨ ᠠᠭᠠᠷ᠎ᠦᠨ ᠲᠡᠭᠡᠭᠡᠪᠦᠷᠢ ᠵᠢᠨ ᠠᠶᠠᠯᠠᠯ᠎ᠦᠨ ᠱᠣᠭᠣᠮ᠎ᠳᠦ ᠲᠦᠷᠢᠨ ᠣᠷᠣᠵᠦ ᠠᠮᠠᠷᠬᠠᠨ ᠮᠦᠷᠬᠦᠯᠳᠦᠬᠡᠳ ᠬᠦᠨᠳᠣ ᠨᠣᠴᠢᠳᠠᠢ ᠣᠷᠰᠢᠬ ᠲᠠᠳᠠᠵᠦ ᠮᠡᠳᠡᠨ᠎ᠡ᠃ ᠨᠢᠰᠦᠯᠳᠠ ᠵᠢᠨ ᠣᠷᠣᠨ᠎ᠦ ᠬᠢᠵᠠᠭᠠᠷᠯᠠᠯ᠎ᠢ ᠬᠦᠴᠦᠨ ᠦᠬᠡᠢ ᠪᠣᠯᠭᠠᠬᠰᠠᠨ ᠵᠢᠯᠣᠭᠣᠴᠢ ᠦᠬᠡᠢ ᠨᠢᠰᠬᠡᠯ ᠴᠡᠷᠢᠭ᠎ᠦᠨ ᠶᠠᠪᠣᠳᠠᠯ ᠦᠨ ᠬᠠᠮᠢᠶᠠᠷᠣᠯᠳᠠ ᠵᠢᠨ ᠣᠷᠣᠨ ᠵᠡᠷᠭᠡ ᠨᠢᠰᠦᠯᠳᠡ ᠵᠢ ᠴᠠᠭᠠᠵᠠᠯᠠᠬᠣ ᠣᠷᠣᠨ᠎ᠳᠦ ᠨᠢᠰᠦᠨ ᠣᠷᠣᠵᠦ ᠣᠯᠣᠰ᠎ᠦᠨ ᠨᠢᠭᠣᠴᠠ ᠵᠢ ᠵᠠᠳᠠᠷᠠᠭᠣᠯᠵᠦ ᠮᠡᠳᠡᠨ᠎ᠡ ᠬᠡᠪᠡ᠃
ᠦᠨᠡᠯᠠᠯᠳᠠ᠄ ᠨᠢᠰᠦᠯᠳᠡ ᠵᠢᠨ ᠦᠨᠳᠣᠷ᠎ᠦᠨ ᠬᠢᠵᠠᠭᠠᠷᠯᠠᠯ᠎ᠢ ᠡᠪᠳᠡᠨ᠂ ᠨᠢᠰᠬᠦ ᠵᠢ ᠴᠠᠭᠠᠵᠠᠯᠠᠬᠣ ᠣᠷᠣᠨ᠎ᠳᠦ ᠲᠠᠭᠠᠷᠢᠨ ᠣᠷᠣᠬᠣ ᠨᠢ ᠦᠵᠡᠬᠦ᠎ᠳᠦ ᠮᠡᠷᠭᠡᠵᠢᠯ ᠵᠢᠡᠨ ᠭᠠᠢᠬᠠᠭᠣᠯᠵᠦ ᠪᠠᠢᠭ᠎ᠠ ᠰᠢᠬ ᠪᠣᠯᠪᠠᠴᠤ ᠦᠨᠡᠨ ᠳᠡᠭᠡᠨ ᠣᠯᠠᠨ ᠨᠡᠢᠳᠡ ᠵᠢᠨ ᠠᠮᠣᠷ ᠲᠦᠪᠰᠢᠨ᠎ᠳᠦ ᠮᠠᠭᠣ ᠨᠦᠯᠦᠬᠡ ᠠᠪᠴᠢᠷᠠᠵᠦ ᠮᠡᠳᠡᠨ᠎ᠡ᠃ ᠮᠡᠷᠭᠡᠵᠢᠯ᠎ᠦᠨ ᠡᠷᠭᠡ ᠴᠢᠯᠦᠬᠡ ᠨᠢ ᠬᠠᠣᠯᠢ ᠡᠴᠡ ᠵᠦᠷᠢᠴᠡᠬᠦ ᠦᠨᠡᠮᠯᠡᠯ ᠪᠢᠰᠢ᠂ ᠠᠭᠠᠷ ᠦᠨ ᠡᠮᠬᠢ ᠲᠢᠭᠯᠢᠮ ᠨᠢ ᠲᠣᠷ᠎ᠡ ᠪᠡᠷ ᠨᠢᠰᠬᠦ ᠵᠢ ᠵᠦᠪᠰᠢᠶᠡᠷᠡᠬᠦ ᠦᠬᠡᠢ ᠶᠣᠮ᠃
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号