ᠳᠠᠶᠠᠭᠠᠷ ᠲᠸ᠋ ᠠᠯᠳᠠᠷᠰᠢᠭᠰᠠᠨ 《ᠶᠠᠭ᠍ᠰᠢ᠎ᠶ᠋ᠢᠨ ᠲᠡᠩᠰᠡᠨ ᠪᠥᠮᠪᠥᠭᠡ》
2026-06-14 11:20:11
ᠵᠣᠬᠢᠶᠠᠭ᠍ᠴᠢ᠄
ᠯᠢᠶᠠᠩ ᠯᠢᠶᠠᠩ
ᠣᠩᠱᠢᠭ᠍ᠰᠠᠨ ᠣᠳᠠᠭ᠎ᠠ᠄
★★★☆☆

ᠲᠦᠷᠦᠭᠦᠬᠡᠨ᠂ 2026 ᠣᠨ᠎ᠤ ᠪᠥᠬᠥ᠌ ᠤᠯᠤᠰ᠎ᠤᠨ ᠲᠡᠩᠰᠡᠨ ᠪᠥᠮᠪᠥᠭᠡ᠎ᠶ᠋ᠢᠨ ᠮᠠᠩᠯᠠᠶ ᠱᠢᠯᠭᠠᠷᠠᠭᠤᠯᠬᠤ ᠤᠷᠤᠯᠳᠤᠭᠠᠨ ᠠᠮᠵᠢᠯᠲᠠ᠎ᠲᠠᠶ ᠥᠨᠳᠥᠷᠯᠡᠵᠦ᠍᠂ ᠥᠪᠥᠷ ᠮᠣᠩᠭᠣᠯ᠎ᠤᠨ ᠲᠡᠩᠰᠡᠨ ᠪᠥᠮᠪᠥᠭᠡ᠎ᠶ᠋ᠢᠨ ᠠᠩᠭᠢ ᠲᠤᠰᠭᠠᠶ ᠮᠡᠷᠭᠡᠵᠢᠯ᠎ᠦᠨ ᠳᠤᠭᠤᠢᠯᠠᠩ᠎ᠤᠨ ᠡᠷᠡᠭ᠌ᠲᠡᠶ᠎ᠶ᠋ᠢᠨ ᠭᠠᠭ᠍ᠴᠠ ᠳᠤᠭᠤᠢᠯᠠᠩ᠎ᠤᠨ ᠤᠷᠤᠯᠳᠤᠭᠠᠨ᠂ ᠬᠤᠤᠰ ᠬᠥᠮᠦᠨ᠎ᠦ ᠤᠷᠤᠯᠳᠤᠭᠠᠨ᠂ ᠳᠥᠷᠪᠡᠨ ᠬᠥᠮᠦᠨ᠎ᠦ ᠤᠷᠤᠯᠳᠤᠭᠠᠨ ᠳ᠋ᠤ ᠴᠦᠮ ᠮᠠᠩᠯᠠᠢᠯᠠᠵᠤ᠌᠂ ᠭᠤᠤᠯᠯᠠᠬᠤ ᠲᠥᠷᠥᠯ ᠵᠦᠶ᠋ᠯ᠎ᠤ᠋ᠨ ᠪᠦᠷᠢᠨ ᠱᠠᠩᠨᠠᠯ ᠢ᠋ ᠬᠦᠷᠳᠡᠪᠡ᠃ ᠡᠭᠦᠨ᠎ᠦ ᠬᠠᠮᠲᠤ ᠬᠥᠯᠥᠨ ᠪᠤᠢ᠌ᠷ᠎ᠤᠨ ᠠᠩᠭᠢ ᠢᠯᠠ ᠳᠤᠭᠤᠢᠯᠠᠩ᠎ᠤᠨ ᠭᠤᠷᠪᠠᠨ ᠵᠦᠢᠯ᠎ᠦᠨ ᠤᠷᠤᠯᠳᠤᠭᠠᠨ ᠤ᠋ ᠮᠠᠩᠯᠠᠶ ᠪᠣᠯᠵᠤ᠂ ᠥᠪᠥᠷ ᠮᠣᠩᠭᠣᠯ᠎ᠤᠨ ᠲᠡᠩᠰᠡᠨ ᠪᠥᠮᠪᠥᠭᠡ᠎ᠶ᠋ᠢᠨ ᠬᠥᠳᠡᠯᠭᠡᠭᠡᠨ ᠨᠢᠭᠡᠨᠲᠡ ᠪᠦᠬᠦ᠌ ᠤᠯᠤᠰ᠎ᠤᠨ ᠡᠮᠦᠨ᠎ᠡ ᠡᠩᠨᠡᠭᠡᠨ᠎ᠳᠦ ᠣᠷᠣᠭᠰᠠᠨ ᠢ᠋ ᠬᠠᠷᠠᠭᠤᠯᠪᠠ᠃

ᠡᠨᠡ ᠬᠦ᠌ ᠢᠷᠠᠭᠤ ᠠᠯᠳᠠᠷ᠎ᠤᠨ ᠠᠷᠤ᠎ᠳᠤ ᠬᠥᠯᠥᠨ ᠪᠣᠢᠷ᠎ᠤᠨ ᠶᠠᠭ᠍ᠰᠢ ᠪᠣᠯᠤᠨ ᠲᠡᠩᠰᠡᠨ ᠪᠥᠮᠪᠥᠭᠡ ᠵᠢᠨ 30 ᠭᠠᠷᠤᠶ ᠵᠢᠯ ᠤ᠋ᠨ ᠬᠤᠪᠢ ᠪᠠᠷᠢᠯᠳᠤᠯᠭ᠎ᠠ ᠪᠤᠢ᠃

ᠵᠤᠨ᠎ᠤ ᠡᠬᠢ᠎ᠪᠡᠷ᠂ ᠶᠠᠭ᠍ᠰᠢ ᠬᠣᠲᠠ᠎ᠶ᠋ᠢᠨ ᠨᠢᠭᠡᠳᠦᠭᠡᠷ ᠳᠤᠮᠳᠠᠳᠤ ᠰᠤᠷᠭᠠᠭᠤᠯᠢ᠎ᠶ᠋ᠢᠨ ᠲᠠᠮᠢᠷ᠎ᠤᠨ ᠣᠷᠳᠣᠨ᠎ᠡᠴᠨ ᠤᠤᠬᠠᠢᠯᠠᠬᠤ ᠳᠠᠭᠤᠨ᠂ ᠪᠥᠮᠪᠥᠭᠡ ᠢᠰᠭᠦᠯᠬᠦ ᠳᠠᠭᠤᠨ ᠲᠠᠰᠤᠷᠠᠯᠲᠠ ᠦᠭᠡᠢ ᠲᠤᠭᠤᠯᠳᠠᠵᠤ᠂ ᠬᠥᠷ ᠬᠥᠭ᠌ᠵᠢᠶᠡᠨ᠎ᠲᠡᠶ ᠪᠣᠯᠪᠠᠰᠤᠷᠠᠯ᠎ᠤᠨ ᠪᠠᠢᠳᠠᠯ ᠢᠯᠡᠷᠡᠪᠡ᠃ ᠬᠡᠢ ᠲᠡᠭᠡᠷ᠎ᠠ ᠭᠤᠬᠠᠳᠠᠵᠤ ᠢᠰᠭᠦᠯᠭᠦ᠂ ᠲᠡᠭᠡᠭᠰᠢ ᠦᠰᠦᠷᠦᠨ ᠪᠥᠮᠪᠥᠭᠡ᠎ᠶ᠋ᠢ ᠲᠤᠰᠬᠤ᠂ ᠣᠨᠣᠪᠴᠢᠲᠠᠶ ᠬᠣᠷᠢᠭ᠍ᠯᠠᠨ ᠰᠡᠷᠭᠡᠢᠯᠡᠬᠦ ᠁ ᠲᠡᠩᠰᠡᠨ ᠪᠥᠮᠪᠥᠭᠡ᠎ᠶ᠋ᠢᠨ ᠪᠢᠴᠢᠬᠠᠨ ᠲᠠᠮᠢᠷᠴᠢᠳ᠎ᠤᠨ ᠬᠥᠳᠡᠯᠭᠡᠭᠡᠨ ᠨᠢ ᠮᠠᠰᠢ ᠪᠤᠯᠪᠠᠰᠤᠷᠠᠩᠭᠤᠢ ᠪᠠᠢᠯ᠎ᠠ᠃ ᠲᠠᠯᠠᠪᠤᠷ᠎ᠤᠨ ᠬᠠᠵᠠᠭᠤ᠎ᠳᠤ᠂ ᠳᠠᠰᠭᠠᠯᠵᠢᠭᠤᠯᠤᠭ᠍ᠴᠢ ᠬᠠᠨ ᠭᠤᠸᠠᠩ ᠴᠧᠩ ᠲᠠᠮᠢᠷᠴᠢᠳ᠎ᠤᠨ ᠮᠡᠷᠭᠡᠵᠢᠯ᠎ᠦᠨ ᠬᠥᠳᠡᠯᠦᠯ ᠪᠦᠷᠢ᠎ᠶ᠋ᠢ ᠨᠠᠷᠢᠨ ᠠᠵᠢᠠᠠᠯᠠᠵᠤ᠂ ᠨᠠᠷᠢᠨ ᠵᠦᠢᠯᠡᠰ᠎ᠢ ᠴᠠᠭ ᠲᠤᠬᠠᠶ᠎ᠳᠤᠨᠢ ᠵᠠᠯᠠᠷᠠᠭᠤᠯᠵᠤ᠂ ᠪᠠᠢᠯᠳᠤᠬᠤ ᠠᠷᠭ᠎ᠠ᠎ᠶ᠋ᠢ ᠵᠠᠳᠠᠯᠵᠤ᠂ ᠠᠷᠭ᠎ᠠ ᠲᠡᠮ ᠵᠢᠭᠠᠨ᠎ᠠ᠃

ᠲᠡᠩᠰᠡᠨ ᠪᠥᠮᠪᠥᠭᠡ ᠨᠢ ᠡᠷᠲᠡᠨ᠎ᠦ ᠪᠥᠭᠡᠳ ᠥᠪᠡᠷᠮᠢᠴᠡ ᠣᠨᠴᠠᠯᠢᠭ᠎ᠲᠠᠶ ᠪᠠᠢᠵᠤ᠂ ᠵᠡᠭᠦᠨ ᠡᠮᠦᠨᠡᠲᠦ ᠠᠽᠢᠶ᠎ᠠ᠎ᠳᠤ ᠬᠡᠳᠦᠨ ᠵᠠᠭᠤᠨ ᠵᠢᠯ ᠤᠯᠠᠮᠵᠢᠯᠠᠭ᠍ᠳᠠᠵᠤ᠂ ᠭᠦᠨ ᠵᠤᠵᠠᠭᠠᠨ ᠣᠯᠠᠨ ᠲᠦᠮᠡᠡᠴᠢ ᠰᠠᠭᠤᠷᠢ᠎ᠲᠠᠶ ᠶᠤᠮ᠃ 1982 ᠣᠨ᠎ᠳᠤ ᠱᠢᠨ᠎ᠡ ᠳ᠋ᠸᠯᠢ ᠳ᠋ᠥ᠍ ᠪᠣᠯᠤᠭ᠍ᠰᠠᠨ ᠠᠽᠢᠶ᠎ᠠ ᠲᠢᠪ᠎ᠦᠨ ᠲᠠᠮᠢᠷ᠎ᠤᠨ ᠴᠤᠭ᠍ᠯᠠᠭᠠᠨ ᠳᠡᠭᠡᠷ᠎ᠡ ᠲᠡᠩᠰᠡᠨ ᠪᠥᠮᠪᠥᠭᠡ᠎ᠶ᠋ᠢ ᠠᠩᠬ᠎ᠠ ᠤᠳᠠᠭ᠎ᠠ ᠲᠣᠭ᠍ᠯᠠᠯᠲᠠ᠎ᠶ᠋ᠢᠨ ᠵᠦᠢᠯ ᠪᠣᠯᠭᠠᠨ ᠲᠡᠯᠭᠡᠨ ᠦᠵᠡᠭᠦᠯᠪᠡ; 1990 ᠣᠨ᠎ᠤ ᠪᠡᠭᠡᠵᠢᠩ᠎ᠦᠨ ᠠᠽᠢᠶ᠎ᠠ ᠲᠢᠪ᠎ᠦᠨ ᠲᠠᠮᠢᠷ᠎ᠤᠨ ᠴᠤᠭ᠍ᠯᠠᠭᠠᠨ ᠳᠡᠭᠡᠷ᠎ᠡ ᠲᠡᠩᠰᠡᠨ ᠪᠥᠮᠪᠥᠭᠡ ᠵᠢᠩᠬᠢᠨᠢ ᠤᠷᠤᠯᠳᠤᠭᠠᠨ᠎ᠤ ᠵᠦᠢᠯ ᠪᠣᠯᠪᠠ᠃

《ᠲᠡᠩᠰᠡᠨ ᠪᠥᠮᠪᠥᠭᠡ᠎ᠶ᠋ᠢ ᠪᠠᠰᠠ 〈ᠬᠥᠯ᠎ᠢᠶᠡᠷ ᠢᠰᠭᠦᠯᠬᠦ᠌ ᠠᠯᠠᠭᠠᠳᠠᠬᠤ ᠪᠥᠮᠪᠥᠭᠡ〉 ᠭᠡᠳᠡᠭ᠂ ᠠᠯᠠᠭᠠᠳᠠᠬᠤ ᠪᠥᠮᠪᠥᠭᠡ᠎ᠶ᠋ᠢᠨ ᠬᠤᠪᠢ ᠣᠯᠬᠤ ᠳᠦᠷᠢᠮ᠎ᠲᠡᠶ ᠣᠢᠷᠠᠯᠴᠠᠭ᠎ᠠ ᠪᠠᠢᠳᠠᠭ᠂ ᠭᠡᠪᠡᠴᠦ᠍ ᠪᠦᠬᠦ᠌ ᠶᠠᠪᠤᠴᠠ᠎ᠳᠤ ᠬᠥᠯ᠎ᠢᠶᠡᠷ ᠭᠠᠷ᠎ᠢ ᠣᠷᠣᠯᠠᠭᠤᠯᠵᠤ᠂ ᠰᠢᠯᠪᠢ ᠭᠤᠶ᠎ᠠ᠎ᠪᠡᠷ ᠲᠤᠬᠤᠢ᠎ᠵᠢ ᠣᠷᠣᠯᠠᠭᠤᠯᠵᠤ᠂ ᠲᠠᠮᠢᠷᠴᠢᠳ᠎ᠤᠨ ᠶᠡᠷᠦᠩᠬᠡᠢᠯᠡᠭ᠌ᠰᠡᠨ ᠬᠡᠪ ᠴᠢᠨᠠᠷ᠎ᠲᠤ ᠮᠠᠰᠢ ᠥᠨᠳᠥᠷ ᠱᠠᠭᠠᠷᠳᠠᠯᠭ᠎ᠠ᠎ᠲᠠᠶ ᠪᠠᠢᠳᠠᠭ》᠃ ᠶᠠᠭ᠍ᠰᠢ ᠬᠣᠲᠠ᠎ᠶ᠋ᠢᠨ ᠨᠢᠭᠡᠳᠦᠭᠡᠷ ᠳᠤᠮᠳᠠᠳᠤ ᠰᠤᠷᠭᠠᠭᠤᠯᠢ᠎ᠶ᠋ᠢᠨ ᠪᠡᠶ᠎ᠡ᠎ᠶ᠋ᠢᠨ ᠲᠠᠮᠢᠷ᠎ᠤᠨ ᠪᠠᠭ᠍ᠰᠢ᠂ ᠤᠯᠤᠰ᠎ᠤᠨ ᠲᠡᠩᠰᠡᠨ ᠪᠥᠮᠪᠥᠭᠡ᠎ᠶ᠋ᠢᠨ ᠲᠥᠪᠯᠡᠷᠡᠭᠦᠯᠦᠨ ᠪᠣᠯᠪᠠᠰᠤᠷᠠᠭᠤᠯᠬᠤ ᠠᠩᠭᠢ᠎ᠶ᠋ᠢᠨ ᠭᠤᠤᠯ ᠳᠠᠰᠭᠠᠯᠵᠢᠭᠤᠯᠤᠭ᠍ᠴᠢ ᠬᠠᠨ ᠭᠤᠸᠠᠩ ᠴᠧᠩ᠂ ᠡᠨᠡ ᠬᠦ᠌ ᠲᠠᠮᠢᠷ᠎ᠤᠨ ᠬᠥᠳᠡᠯᠭᠡᠭᠡᠨ᠎ᠳᠦ ᠲᠠᠮᠢᠷᠴᠢᠳ᠎ᠤᠨ ᠬᠦᠴᠦᠨ ᠴᠢᠳᠠᠯ᠂ ᠤᠶᠠᠨ ᠬᠠᠳᠠᠨ᠂ ᠬᠤᠷᠳᠤᠴᠠ᠂ ᠵᠣᠬᠢᠴᠠᠩᠭᠤᠶ ᠴᠢᠨᠠᠷ ᠪᠠ ᠰᠡᠷᠭᠡᠭ᠎ᠤᠨ ᠬᠡᠮᠵᠢᠶ᠎ᠡ ᠵᠢ ᠪᠦᠷᠢᠨ ᠲᠡᠭᠦᠯᠳᠡᠷ ᠠᠭᠤᠰᠤᠯᠴᠠᠭᠤᠯᠵᠤ᠂ ᠬᠥᠯ᠂ ᠰᠢᠯᠪᠢ᠂ ᠮᠥᠷᠥ᠍᠂ ᠲᠣᠯᠣᠭᠠᠶ ᠵᠡᠷᠭᠡ ᠪᠡᠶ᠎ᠡ᠎ᠶ᠋ᠢᠨ ᠣᠯᠠᠨ ᠬᠡᠰᠡᠭ ᠴᠥᠮ ᠪᠥᠮᠪᠥᠭᠡ ᠡᠵᠡᠮᠳᠡᠬᠦ᠌᠎ᠳᠦ ᠣᠷᠣᠯᠴᠠᠬᠤ ᠬᠡᠷᠡᠭ᠌ᠲᠡᠶ᠂ ᠳᠠᠭᠠᠷᠢᠬᠤ ᠪᠠ ᠰᠡᠷᠭᠡᠢᠯᠡᠬᠦ᠌᠎ᠶ᠋ᠢᠨ ᠱᠢᠯᠵᠢᠬᠦ᠌ ᠠᠢᠵᠠᠮ᠎ᠨᠢ ᠴᠤ᠌ ᠲᠦᠷᠭᠡᠨ᠂ ᠰᠣᠨᠢᠷᠬᠠᠯ᠎ᠤᠨ ᠴᠢᠨᠠᠷ᠎ᠢᠶᠠᠷ ᠮᠠᠰᠢ ᠴᠢᠩᠭ᠎ᠠ ᠪᠠᠢᠵᠤ᠂ ᠲᠠᠮᠢᠷᠴᠢᠳ᠎ᠤᠨ ᠦᠨᠳᠦᠰᠦᠨ ᠴᠢᠳᠠᠪᠤᠷᠢ ᠪᠠ ᠲᠤᠬᠠᠶ᠎ᠶ᠋ᠢᠨ ᠲᠠᠯᠠᠪᠤᠷ᠎ᠲᠤ ᠵᠣᠬᠢᠴᠠᠬᠤ ᠴᠢᠳᠠᠪᠤᠷᠢ᠎ᠶ᠋ᠢ  ᠱᠢᠯᠭᠠᠳᠠᠭ ᠭᠡᠵᠦ ᠬᠡᠯᠡᠪᠡ᠃

ᠶᠠᠭ᠍ᠰᠢ ᠪᠣᠯ ᠤᠯᠤᠰ᠎ᠤᠨ ᠳᠣᠲᠣᠭᠠᠳᠤ᠎ᠳᠤ ᠬᠠᠮᠤᠭ᠎ᠤᠨ ᠡᠷᠲᠡ ᠲᠡᠩᠰᠡᠨ ᠪᠥᠮᠪᠥᠭᠡ᠎ᠶ᠋ᠢᠨ ᠬᠥᠳᠡᠯᠭᠡᠭᠡᠨ ᠥᠷᠨᠢᠭᠦᠯᠦᠭ᠌ᠰᠡᠨ ᠭᠠᠵᠠᠷ ᠣᠷᠣᠨ᠎ᠤ ᠨᠢᠭᠡ ᠪᠣᠯᠤᠨ᠎ᠠ᠂ ᠡᠨᠡ ᠬᠦ᠌ ᠬᠥᠳᠡᠯᠭᠡᠭᠡᠨ ᠨᠢ ᠶᠠᠭ᠍ᠰᠢ᠎ᠳᠤ ᠭᠦᠨ ᠵᠤᠵᠠᠭᠠᠨ ᠬᠥᠭ᠌ᠵᠢᠯᠲᠡ᠎ᠶ᠋ᠢᠨ ᠦᠨᠳᠦᠰᠦ ᠰᠠᠭᠤᠷᠢ᠎ᠲᠠᠶ ᠶᠤᠮ᠃ ᠠᠯᠢ ᠡᠷᠲᠡ 1988 ᠣᠨ᠎ᠳᠤ᠂ ᠶᠠᠭ᠍ᠰᠢ᠎ᠶ᠋ᠢᠨ ᠶᠡᠬᠡ ᠲᠤᠯᠢ ᠭᠤᠤᠯ᠎ᠤᠨ ᠲᠡᠮᠦᠷ ᠵᠠᠮ᠎ᠤᠨ ᠨᠢᠭᠡᠳᠦᠭᠡᠷ ᠳᠤᠮᠳᠠᠳᠤ ᠰᠤᠷᠭᠠᠭᠤᠯᠢ᠎ᠳᠤ ᠡᠩ ᠲᠡᠷᠢᠭᠦᠨ᠎ᠳᠦ ᠲᠡᠩᠰᠡᠨ ᠪᠥᠮᠪᠥᠭᠡ ᠣᠷᠣᠭᠤᠯᠵᠤ᠂ ᠲᠡᠷᠡ ᠦᠶ᠎ᠡ᠎ᠳᠦ ᠲᠡᠩᠰᠡᠨ ᠪᠥᠮᠪᠥᠭᠡ ᠵᠢᠨ ᠬᠦᠳᠡᠯᠭᠡᠭᠡᠨ ᠳᠤᠮᠳᠠᠳᠤ ᠤᠯᠤᠰ᠎ᠲᠤ ᠬᠠᠷᠬᠠᠨ ᠲᠡᠯᠭᠡᠷᠡᠭᠡᠳᠦᠢ ᠪᠠᠢᠵᠤ ᠂ ᠡᠨᠡ ᠬᠡᠰᠡᠭ ᠭᠠᠵᠠᠷ ᠨᠤᠲᠤᠭ ᠨᠢ ᠲᠠᠷᠤᠢ ᠤᠯᠤᠰ᠎ᠤᠨ ᠳᠣᠲᠣᠭᠠᠳᠤ᠎ᠶ᠋ᠢᠨ ᠲᠡᠩᠰᠡᠨ ᠪᠥᠮᠪᠥᠭᠡ᠎ᠶ᠋ᠢᠨ ᠬᠥᠳᠡᠯᠭᠡᠭᠡᠨ᠎ᠦ ᠰᠣᠶᠣᠭᠠᠯᠠᠯ ᠤ᠋ᠨ ᠭᠠᠵᠠᠷ ᠪᠣᠯᠤᠭ᠍ᠰᠠᠨ ᠪᠠᠢᠨ᠎ᠠ᠃ 1990 ᠣᠨ᠎ᠳᠤ ᠪᠡᠭᠡᠵᠢᠩ᠎ᠦᠨ ᠠᠽᠢᠶ᠎ᠠ ᠲᠢᠪ᠎ᠦᠨ ᠲᠠᠮᠢᠷ᠎ᠤᠨ ᠴᠤᠭ᠍ᠯᠠᠭᠠᠨ᠎ᠳᠤ ᠶᠡᠬᠡ ᠲᠤᠯᠢ ᠭᠣᠣᠯ᠎ᠤᠨ ᠲᠠᠮᠢᠷ᠎ᠤᠨ ᠰᠤᠷᠭᠠᠭᠤᠯᠢ᠎ᠡᠴᠡ ᠲᠠᠮᠢᠷᠴᠢᠨ ᠰᠣᠩᠭᠣᠨ ᠤᠷᠤᠯᠳᠤᠭᠠᠨ᠎ᠳᠤ ᠣᠷᠣᠯᠴᠠᠭᠤᠯᠵᠤ᠂ ᠶᠠᠭ᠍ᠰᠢ᠎ᠶ᠋ᠢᠨ ᠲᠡᠩᠰᠡᠨ ᠪᠥᠮᠪᠥᠭᠡ ᠤᠯᠤᠰ᠎ᠤᠨ ᠳᠣᠲᠣᠭᠠᠳᠤ᠎ᠶ᠋ᠢᠨ ᠲᠣᠮᠣ ᠬᠡᠯᠪᠡᠷᠢ᠎ᠶ᠋ᠢᠨ ᠤᠷᠤᠯᠳᠤᠭᠠᠨ᠎ᠤ ᠲᠠᠪᠴᠠᠩ᠎ᠳᠤ ᠵᠢᠩᠬᠢᠨᠢ᠎ᠪᠡᠷ ᠭᠠᠷᠪᠠ᠃

ᠬᠠᠨ ᠭᠤᠸᠠᠩ ᠴᠧᠩ ᠪᠣᠯ ᠶᠠᠭ᠍ᠰᠢ᠎ᠶ᠋ᠢᠨ ᠲᠡᠩᠰᠡᠨ ᠪᠥᠮᠪᠥᠭᠡ᠎ᠶ᠋ᠢᠨ ᠬᠦᠭᠵᠢᠯ ᠮᠠᠨᠳᠤᠯ ᠤ᠋ᠨ ᠭᠡᠷᠡᠴᠢᠯᠡᠭ᠌ᠴᠢ ᠪᠠ ᠠᠬᠢᠭᠤᠯᠤᠭ᠍ᠴᠢ ᠮᠥᠨ᠃ 1991 ᠣᠨ᠎ᠳᠤ ᠲᠡᠷᠡ ᠲᠡᠩᠰᠡᠨ ᠪᠥᠮᠪᠥᠭᠡ᠎ᠲᠡᠶ ᠣᠢᠷᠠᠳᠴᠠᠢ᠃ ᠡᠭᠦᠨ᠎ᠡᠴᠡ ᠬᠣᠢᠱᠢᠬᠢ ᠬᠡᠳᠦᠨ ᠠᠷᠪᠠᠨ ᠵᠢᠯ᠎ᠳᠦ᠂ ᠵᠠᠯᠠᠭᠤᠴᠤᠳ ᠪᠠᠭᠠᠴᠤᠳ᠎ᠤᠨ ᠰᠢᠯᠢᠳᠡᠭ ᠡᠴᠡ ᠨᠢ ᠱᠢᠯᠢᠨ ᠰᠣᠩᠭᠣᠵᠤ᠂ ᠲᠡᠩᠰᠡᠨ ᠪᠥᠮᠪᠥᠭᠡ᠎ᠶ᠋ᠢᠨ ᠡᠩᠨᠡᠭᠡ᠎ᠶ᠋ᠢ ᠵᠣᠬᠢᠶᠠᠨ ᠪᠠᠢᠭᠤᠯᠵᠤ᠂ ᠱᠢᠰᠲ᠋ᠧᠮᠵᠢᠭ᠌ᠰᠡᠨ᠂ ᠱᠢᠨᠵᠢᠯᠡᠬᠦ᠌ ᠤᠬᠠᠭᠠᠨᠴᠢᠯᠠᠭ᠍ᠰᠠᠨ ᠵᠠᠯᠠᠭᠤᠴᠤᠳ ᠪᠠᠭᠠᠴᠤᠳ᠎ᠢ ᠬᠥᠮᠦᠵᠢᠭᠦᠯᠬᠦ᠌ ᠱᠢᠰᠲ᠋ᠧᠮ᠎ᠢ ᠪᠠᠢᠭᠤᠯᠪᠠ ᠁ ᠲᠡᠩᠰᠡᠨ ᠪᠥᠮᠪᠥᠭᠡ᠎ᠶ᠋ᠢᠨ ᠬᠥᠭ᠌ᠵᠢᠯᠲᠡ᠎ᠶ᠋ᠢᠨ ᠦᠨᠳᠦᠰᠦ ᠰᠠᠭᠤᠷᠢ ᠨᠢ ᠶᠠᠭ᠍ᠰᠢ᠎ᠳᠤ ᠠᠯᠬᠤᠮ ᠠᠯᠬᠤᠮ᠎ᠢᠶᠠᠷ ᠪᠡᠬᠢᠵᠢᠪᠡ᠃ 2010 ᠣᠨ᠎ᠡᠴᠡ ᠡᠬᠢᠯᠡᠨ᠂ ᠭᠤᠸᠠᠩᠵᠧᠦ᠍᠎ᠶ᠋ᠢᠨ ᠠᠽᠢᠶ᠎ᠠ ᠲᠢᠪ᠎ᠦᠨ ᠲᠠᠮᠢᠷ᠎ᠤᠨ ᠴᠤᠭ᠍ᠯᠠᠭᠠᠨ᠂ ᠺᠣᠷᠢᠶᠠ᠎ᠶ᠋ᠢᠨ ᠹᠦᠰᠠᠨ᠎ᠤ ᠠᠽᠢᠶ᠎ᠠ ᠲᠢᠪ᠎ᠦᠨ ᠲᠠᠮᠢᠷ᠎ᠤᠨ ᠴᠤᠭ᠍ᠯᠠᠭᠠᠨ᠎ᠡᠴᠡ ᠬᠤᠢᠨᠠᠬᠢ ᠲᠤᠩ ᠤᠯᠠᠨ ᠣᠯᠠᠨ ᠤᠯᠤᠰ᠎ᠤᠨ ᠤᠷᠤᠯᠳᠤᠭᠠᠨ ᠬᠦᠷᠲᠡᠯ᠎ᠡ᠂ ᠶᠠᠭ᠍ᠰᠢ᠎ᠶ᠋ᠢᠨ ᠬᠥᠮᠦᠵᠢᠭᠦᠯᠦᠭ᠌ᠰᠡᠨ ᠲᠠᠮᠢᠷᠴᠢᠳ ᠵᠠᠯᠭᠠᠭ᠎ᠠ᠎ᠪᠠᠷ ᠤᠯᠤᠰ᠎ᠤᠨ ᠠᠩᠭᠢ᠎ᠳᠤ ᠣᠷᠣᠵᠤ᠂ ᠣᠯᠠᠨ ᠤᠯᠤᠰ᠎ᠤᠨ ᠤᠷᠤᠯᠳᠤᠭᠠᠨ᠎ᠤ ᠲᠠᠯᠠᠪᠤᠷ᠎ᠲᠤ ᠪᠠᠢᠯᠳᠤᠪᠠ᠃

2016 ᠣᠨ ᠪᠣᠯ ᠶᠠᠭ᠍ᠰᠢ᠎ᠶ᠋ᠢᠨ ᠲᠡᠩᠰᠡᠨ ᠪᠥᠮᠪᠥᠭᠡ᠎ᠶ᠋ᠢᠨ ᠬᠥᠭ᠌ᠵᠢᠯᠲᠡ᠎ᠶ᠋ᠢᠨ ᠵᠠᠩᠭᠢᠯᠠᠭ᠎ᠠ᠎ᠶ᠋ᠢᠨ ᠡᠷᠭᠢᠯᠲᠡ᠎ᠶ᠋ᠢᠨ ᠴᠠᠭ ᠪᠣᠯᠤᠨ᠎ᠠ᠂ 10 ᠭᠠᠷᠤᠢ ᠵᠢᠯ᠎ᠦᠨ ᠱᠢᠰᠲ᠋ᠧᠮᠲᠦ ᠬᠥᠮᠦᠵᠢᠭᠦᠯᠦᠯ᠎ᠢᠶᠡᠷ ᠳᠠᠮᠵᠢᠨ᠂ ᠨᠢᠭᠡ ᠪᠦᠯᠦᠭ ᠲᠤᠰ ᠭᠠᠵᠠᠷ᠎ᠤᠨ ᠲᠠᠮᠢᠷᠴᠢᠨ ᠪᠣᠯᠪᠠᠰᠤᠷᠠᠭᠳᠠᠨ᠂ ᠥᠪᠥᠷ ᠮᠣᠩᠭᠣᠯ᠎ᠤᠨ ᠲᠡᠩᠰᠡᠨ᠎ᠪᠥᠮᠪᠥᠭᠡ᠎ᠶ᠋ᠢᠨ ᠪᠦᠬᠦ᠌ ᠤᠯᠤᠰ᠎ᠤᠨ ᠤᠷᠤᠯᠳᠤᠭᠠᠨ᠎ᠳᠤ ᠵᠦᠪᠬᠡᠨ ᠭᠤᠷᠪᠠᠳᠤᠭᠠᠷ ᠳᠦᠷᠪᠡᠳᠦᠭᠡᠷ ᠨᠡᠷᠡᠰ ᠲᠤ᠌ ᠯᠡ ᠤᠷᠤᠬᠤ ᠪᠣᠭᠣᠮᠢ᠎ᠶ᠋ᠢ ᠡᠪᠳᠡᠵᠦ᠍᠂ ᠤᠯᠤᠰ᠎ᠤᠨ ᠳᠣᠲᠣᠭᠠᠳᠤ᠎ᠶ᠋ᠢᠨ ᠲᠡᠷᠢᠭᠦᠨ᠎ᠦ ᠲᠦᠪᠱᠢᠨ᠎ᠳᠦ ᠬᠦᠷᠴᠡᠢ᠃

2020 ᠣᠨ᠎ᠳᠤ᠂ ᠤᠯᠤᠰ᠎ᠤᠨ ᠪᠡᠶ᠎ᠡ᠎ᠶ᠋ᠢᠨ ᠲᠠᠮᠢᠷ᠎ᠤᠨ ᠶᠡᠷᠦᠩᠬᠡᠶ ᠲᠣᠪᠴᠢᠶ᠎ᠠ᠎ᠶ᠋ᠢᠨ ᠵᠢᠵᠢᠭ ᠪᠥᠮᠪᠥᠭᠡ᠎ᠶ᠋ᠢᠨ ᠬᠥᠳᠡᠯᠭᠡᠭᠡᠨ᠎ᠦ ᠬᠠᠮᠢᠶᠠᠷᠤᠯᠲᠠ᠎ᠶ᠋ᠢᠨ ᠲᠥᠪ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠡᠶ᠎ᠡ᠎ᠶ᠋ᠢᠨ ᠲᠠᠮᠢᠷ᠎ᠤᠨ ᠲᠣᠪᠴᠢᠶ᠎ᠠ᠂ ᠬᠥᠯᠥᠨ ᠪᠣᠢᠷ ᠬᠣᠲᠠ᠎ᠶ᠋ᠢᠨ ᠪᠡᠶ᠎ᠡ᠎ᠶ᠋ᠢᠨ ᠲᠠᠮᠢᠷ᠎ᠤᠨ ᠲᠣᠪᠴᠢᠶ᠎ᠠ᠂ ᠶᠠᠭ᠍ᠰᠢ ᠬᠣᠲᠠ᠎ᠶ᠋ᠢᠨ ᠠᠷᠠᠳ᠎ᠤᠨ ᠵᠠᠰᠠᠭ᠎ᠤᠨ ᠣᠷᠳᠣᠨ ᠡᠴᠡ ᠬᠠᠮᠲᠤ᠎ᠪᠠᠷ 《ᠤᠯᠤᠰ᠎ᠤᠨ ᠲᠡᠨᠭᠰᠡᠨ ᠪᠥᠮᠪᠥᠭᠡ᠎ᠶ᠋ᠢᠨ ᠲᠥᠪᠯᠡᠷᠡᠭᠦᠯᠦᠨ ᠪᠣᠯᠪᠠᠰᠤᠷᠠᠭᠤᠯᠬᠤ ᠠᠩᠭᠢ (ᠥᠪᠥᠷ ᠮᠣᠩᠭᠣᠯ)᠎ᠶ᠋ᠢ ᠬᠠᠮᠲᠤ᠎ᠪᠠᠷ ᠪᠠᠢᠭᠤᠯᠬᠤ ᠬᠠᠮᠲᠤᠷᠠᠯᠴᠠᠭᠠᠨ᠎ᠤ ᠵᠥᠪᠯᠡᠯᠴᠡᠭᠡᠷ》᠎ᠲᠤ᠌ ᠭᠠᠷ᠎ᠤᠨ ᠥᠰᠥᠭ ᠵᠢᠷᠤᠵᠤ᠂ ᠶᠠᠭ᠍ᠰᠢ᠎ᠳᠤ ᠤᠯᠤᠰ᠎ᠤᠨ ᠳᠣᠲᠣᠭᠠᠳᠤ᠎ᠶ᠋ᠢᠨ ᠠᠩᠬᠠᠳᠠᠭ᠍ᠴᠢ ᠲᠡᠨᠭᠰᠡᠨ ᠪᠥᠮᠪᠥᠭᠡ᠎ᠶ᠋ᠢᠨ ᠲᠥᠷᠥᠯ ᠵᠦᠶ᠋ᠯ᠎ᠦᠨ ᠤᠯᠤᠰ᠎ᠤᠨ ᠠᠩᠭᠢ᠎ᠶ᠋ᠢᠨ ᠬᠠᠮᠲᠤ᠎ᠪᠠᠷ ᠪᠠᠢᠭᠤᠯᠬᠤ ᠰᠠᠭᠤᠷᠢᠨ᠎ᠢ ᠪᠠᠢᠭᠤᠯᠪᠠ᠃

ᠰᠠᠭᠤᠷᠢᠨ ᠪᠠᠢᠭᠤᠯᠤᠭ᠍ᠳᠠᠭ᠍ᠰᠠᠨ᠎ᠡᠴᠡ ᠨᠠᠭᠠᠰᠢ᠂ ᠤᠯᠤᠰ᠎ᠤᠨ ᠲᠡᠨᠭᠰᠠᠨ ᠪᠥᠮᠪᠥᠭᠡ᠎ᠶ᠋ᠢᠨ ᠲᠥᠪᠯᠡᠷᠡᠭᠦᠯᠦᠨ ᠪᠣᠯᠪᠠᠰᠤᠷᠠᠭᠤᠯᠬᠤ ᠠᠩᠭᠢ᠎ᠨᠢ ᠤᠷᠤᠯᠳᠤᠭᠠᠨ᠎ᠢᠶᠠᠷ ᠪᠣᠯᠪᠠᠰᠤᠷᠠᠯ᠎ᠢ ᠣᠷᠣᠯᠠᠭᠤᠯᠬᠤ᠂ ᠤᠷᠤᠯᠳᠤᠭᠠᠨ᠎ᠢᠶᠠᠷ ᠪᠣᠯᠪᠠᠰᠤᠷᠠᠯ᠎ᠢ ᠠᠬᠢᠭᠤᠯᠬᠤ᠎ᠶ᠋ᠢ ᠪᠠᠷᠢᠮᠲᠠᠯᠠᠵᠤ᠂ ᠪᠠᠢᠩᠭᠤᠵᠢᠭ᠍ᠰᠠᠨ ᠥᠨᠳᠥᠷ ᠡᠷᠴᠢᠮ ᠲᠡᠶ ᠪᠣᠯᠪᠠᠰᠤᠷᠠᠯ᠎ᠤᠨ ᠲᠣᠭ᠍ᠲᠠᠴᠠ᠎ᠶ᠋ᠢ ᠪᠠᠢᠭᠤᠯᠵᠤ᠂ ᠡᠳᠦᠷ ᠪᠦᠷᠢ᠎ᠶ᠋ᠢᠨ ᠪᠣᠯᠪᠠᠰᠤᠷᠠᠯ᠎ᠤᠨ ᠴᠠᠭ ᠨᠢ 6 ᠴᠠᠭ ᠪᠠᠢᠵᠤ᠂ ᠠᠩᠬ᠎ᠠ ᠵᠡᠷᠭᠡ᠎ᠶ᠋ᠢᠨ ᠪᠠ ᠥᠨᠳᠥᠷ ᠵᠡᠷᠭᠡ᠎ᠶ᠋ᠢᠨ ᠳᠤᠮᠳᠠᠳᠤ ᠰᠤᠷᠭᠠᠭᠤᠯᠢ᠎ᠶ᠋ᠢᠨ ᠭᠡᠱᠢᠭᠦᠳ ᠣᠷᠣᠢ ᠪᠦᠷᠢ ᠪᠣᠯᠪᠠᠰᠤᠷᠠᠯ ᠬᠢᠬᠦ᠌᠎ᠶ᠋ᠢ ᠪᠠᠷᠢᠮᠲᠠᠯᠠᠵᠤ᠂ ᠪᠦᠬᠦ᠌ ᠵᠢᠯ᠎ᠦᠨ ᠥᠨᠳᠥᠷ ᠡᠷᠴᠢᠮ᠎ᠲᠡᠶ ᠪᠣᠯᠪᠠᠰᠤᠷᠠᠯ᠎ᠢ ᠶᠡᠷᠦ᠍᠎ᠡᠴᠡ ᠲᠠᠰᠤᠯᠳᠠᠭᠤᠯᠤᠭ᠍ᠰᠠᠨ ᠦᠭᠡᠢ ᠪᠠᠢᠯ᠎ᠠ᠃

ᠴᠢᠳᠠᠪᠤᠷᠢᠲᠠᠨ ᠰᠣᠩᠭᠣᠨ ᠬᠥᠮᠦᠵᠢᠭᠦᠯᠬᠦ᠌ ᠲᠠᠯ᠎ᠠ᠎ᠪᠠᠷ᠂ ᠳᠠᠰᠭᠠᠯᠵᠢᠭᠤᠯᠤᠭ᠍ᠴᠢ᠎ᠵᠢᠨ ᠪᠦᠯᠬᠦᠮ᠎ᠨᠢ ᠪᠡᠶ᠎ᠡ ᠮᠠᠬᠠᠪᠣᠳ᠎ᠤᠨ ᠬᠡᠪ ᠴᠢᠨᠠᠷ᠂ ᠲᠤᠰᠭᠠᠯ᠎ᠤᠨ ᠬᠤᠷᠳᠤᠴᠠ᠂ ᠬᠥᠳᠡᠯᠭᠡᠭᠡᠨ᠎ᠦ ᠲᠥᠷᠥᠯᠬᠢ ᠠᠪᠢᠶᠠᠰ᠂ ᠰᠡᠳᠭᠢᠴᠡ᠎ᠶ᠋ᠢᠨ ᠬᠡᠪ ᠴᠢᠨᠠᠷ ᠵᠡᠷᠭᠡ ᠣᠯᠠᠨ ᠲᠠᠯ᠎ᠠ᠎ᠡᠴᠡ ᠰᠢᠯᠢᠳᠡᠭ᠎ᠢ ᠨᠢ ᠰᠢᠯᠢᠨ ᠰᠣᠩᠭᠣᠵᠤ᠂ 《ᠪᠠᠭ᠎ᠠ ᠰᠤᠷᠭᠠᠭᠤᠯᠢ᠎ᠳᠦᠨᠢ ᠰᠡᠩᠭᠡᠷᠡᠭᠦᠯᠬᠦ᠂ ᠳᠤᠮᠳᠠᠳᠤ ᠰᠤᠷᠭᠠᠭᠤᠯᠢ᠎ᠳᠦᠨᠢ ᠭᠦᠨᠵᠡᠭᠡᠢ ᠪᠤᠯᠪᠠᠰᠤᠷᠠᠭᠤᠯᠵᠤ᠂ ᠤᠯᠤᠰ᠎ᠤᠨ ᠠᠩᠭᠢ᠎ᠳᠤ ᠬᠦᠷᠭᠡᠬᠦ᠌》 ᠪᠥᠬᠥ᠌ ᠬᠡᠯᠬᠢᠶ᠎ᠡ᠎ᠪᠡᠷ ᠬᠥᠮᠦᠵᠢᠭᠦᠯᠬᠦ᠌ ᠵᠠᠭ᠍ᠪᠤᠷ᠎ᠢ ᠪᠠᠢᠭᠤᠯᠪᠠ᠃ ᠣᠳᠣ ᠶᠠᠭ᠍ᠰᠢ ᠨᠢᠭᠡᠨᠲᠡ ᠲᠡᠨᠭᠰᠡᠨ ᠪᠥᠮᠪᠥᠭᠡ᠎ᠶ᠋ᠢᠨ ᠤᠯᠤᠰ᠎ᠤᠨ ᠠᠩᠭᠢ᠎ᠶ᠋ᠢᠨ ᠭᠡᠱᠢᠭᠦᠨ᠎ᠢ ᠨᠡᠢᠲᠡ 50 ᠭᠠᠷᠤᠶ ᠬᠥᠮᠦᠨ ᠤᠳᠠᠭ᠎ᠠ ᠬᠥᠮᠦᠵᠢᠭᠦᠯᠪᠡ᠃

ᠪᠣᠯᠪᠠᠰᠤᠷᠠᠯ᠎ᠤᠨ ᠲᠠᠯᠠᠪᠠᠢ᠎ᠳᠤ᠂ ᠪᠡᠶ᠎ᠡ᠎ᠶ᠋ᠢᠨ ᠥᠨᠳᠥᠷ᠎ᠨᠢ ᠬᠣᠶᠠᠷ ᠮᠧᠲ᠋ᠷ᠎ᠲᠦ ᠬᠦᠷᠦᠭ᠌ᠰᠡᠨ 2000 ᠣᠨ᠎ᠡᠴᠡ ᠰᠡᠭᠦᠯᠡᠷ ᠲᠦᠷᠦᠭᠰᠡᠨ ᠪᠢᠴᠢᠬᠠᠨ ᠲᠠᠮᠢᠷᠴᠢᠨ ᠮᠠ ᠾᠸ᠂ ᠣᠯᠠᠨ᠎ᠠᠴᠠ ᠤᠨᠴᠠᠭᠠᠢ ᠪᠡᠶ᠎ᠡ᠎ᠶ᠋ᠢᠨ ᠥᠨᠳᠥᠷ ᠪᠠ ᠯᠠᠪᠳᠠᠭᠤᠨ ᠪᠠᠲᠤᠲᠠᠶ ᠮᠡᠷᠭᠡᠵᠢᠯ᠎ᠳᠡᠭᠡᠨ ᠲᠦᠱᠢᠭ᠌ᠯᠡᠨ᠂ ᠠᠩᠭᠢ᠎ᠶ᠋ᠢᠨ ᠳᠣᠲᠣᠷ᠎ᠠ᠎ᠪᠠᠨ ᠪᠥᠮᠪᠥᠭᠡ ᠡᠬᠢᠯᠡᠭᠦᠯᠬᠦ᠌ ᠡᠭᠦᠷᠭᠡ᠎ᠶ᠋ᠢ ᠡᠭᠦᠷᠭᠡᠯᠡᠳᠡᠭ᠃ ᠲᠤᠬᠠᠶ᠎ᠶ᠋ᠢᠨ ᠭᠠᠵᠠᠷ᠎ᠤᠨ ᠱᠢᠯᠢᠳᠡᠭ ᠵᠠᠯᠠᠭᠤ ᠲᠠᠮᠢᠷᠴᠢᠨ ᠪᠣᠯᠤᠭ᠍ᠰᠠᠨ᠎ᠤ ᠬᠤᠪᠢ᠎ᠳᠤ᠂ ᠲᠡᠷᠡ ᠠᠩᠬ᠎ᠠ ᠵᠡᠷᠭᠡ᠎ᠶ᠋ᠢᠨ ᠳᠤᠮᠳᠠᠳᠤ ᠰᠤᠷᠭᠠᠭᠤᠯᠢ᠎ᠶ᠋ᠢᠨ ᠬᠣᠶᠠᠳᠤᠭᠠᠷ ᠣᠨ᠎ᠳᠤ ᠳᠠᠰᠭᠠᠯᠵᠢᠭᠤᠯᠤᠭ᠍ᠴᠢ᠎ᠳ᠋ᠠᠭᠠᠨ ᠲᠠᠨᠢᠭᠳᠠᠭᠰᠠᠨ᠎ᠦ ᠳᠠᠷᠠᠭ᠎ᠠ᠂ ᠪᠦᠬᠦ᠌ ᠰᠡᠳᠭᠢᠯ ᠪᠦᠬᠦ᠌ ᠵᠣᠷᠢᠭ᠎ᠢᠶᠠᠷ ᠲᠡᠨᠭᠰᠡᠨ ᠪᠥᠮᠪᠥᠭᠡ᠎ᠶ᠋ᠢᠨ ᠪᠣᠯᠪᠠᠰᠤᠷᠠᠯ᠎ᠳᠤ ᠣᠷᠣᠯᠴᠠᠪᠠ᠃ ᠳᠡᠷᠡ ᠪᠡᠷ ᠮᠦᠨ 2023 ᠣᠨ᠎ᠳᠤ ᠤᠯᠤᠰ᠎ᠤᠨ ᠠᠩᠭᠢ᠎ᠳᠤ ᠠᠮᠵᠢᠯᠲᠠ᠎ᠲᠠᠶ ᠰᠣᠩᠭᠣᠭ᠍ᠳᠠᠨ ᠣᠷᠣᠵᠤ᠂ ᠤᠷᠢᠳ ᠬᠣᠵᠢᠳ ᠣᠯᠠᠨ ᠤᠯᠤᠰ᠎ᠤᠨ ᠣᠯᠠᠨ ᠵᠦᠶ᠋ᠯ᠎ᠦᠨ ᠤᠷᠤᠯᠳᠤᠭᠠᠨ᠎ᠳᠤ ᠣᠷᠣᠯᠴᠠᠵᠠᠶ᠃

《ᠮᠢᠨᠦ᠍ ᠬᠠᠮᠤᠭ᠎ᠤᠨ ᠶᠡᠬᠡ ᠬᠠᠷᠠᠯᠲᠠ ᠪᠣᠯ ᠠᠽᠢᠶ᠎ᠠ ᠲᠢᠪ᠎ᠦᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠳᠤ ᠣᠷᠣᠵᠤ᠂ ᠠᠽᠢᠶ᠎ᠠ ᠲᠢᠪ᠎ᠦᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠤ ᠤᠷᠤᠯᠳᠤᠭᠠᠨ᠎ᠤ ᠲᠠᠯᠠᠪᠤᠷ᠎ᠲᠤ ᠡᠬᠡ ᠤᠯᠤᠰ᠎ᠲᠠᠭᠠᠨ ᠢᠷᠠᠭᠤ ᠠᠯᠳᠠᠷ ᠣᠯᠭᠣᠬᠤ ᠶᠠᠪᠤᠳᠠᠯ ᠪᠣᠯᠤᠨ᠎ᠠ》᠃ ᠢᠷᠡᠭᠡᠳᠦᠢ᠎ᠵᠢᠨ ᠲᠤᠬᠠᠢ ᠶᠠᠷᠢᠬᠤ᠎ᠳᠤ ᠮᠠ ᠾᠸ ᠢᠲᠡᠭᠡᠯ ᠲᠡᠭᠦᠯᠳᠡᠷ ᠪᠠᠢᠯ᠎ᠠ᠃

ᠣᠳᠣᠬᠠᠨ᠎ᠳᠤ᠂ ᠶᠠᠭ᠍ᠰᠢ ᠨᠢᠭᠡᠨᠲᠡ ᠲᠡᠨᠭᠰᠡᠨ ᠪᠥᠮᠪᠥᠭᠡ᠎ᠶ᠋ᠢᠨ ᠤᠯᠤᠰ᠎ᠤᠨ ᠠᠩᠭᠢ᠎ᠶ᠋ᠢᠨ 5 ᠱᠢᠯᠢᠳᠡᠭ ᠲᠠᠮᠢᠷᠴᠢᠨ᠎ᠢ ᠲᠤᠰᠭᠠᠢᠯᠠᠨ ᠲᠠᠲᠠᠨ ᠠᠪᠴᠢᠷᠠᠵᠤ᠂ ᠲᠡᠳᠡᠨᠤᠰ ᠪᠣᠯ ᠳᠠᠰᠭᠠᠯᠵᠢᠭᠤᠯᠤᠭ᠍ᠴᠢ ᠪᠣᠯᠬᠤ ᠮᠦᠷᠳᠡᠭᠡᠨ ᠪᠠᠰᠠ ᠴᠤ᠌ ᠲᠡᠷᠢᠭᠦᠨ᠎ᠳᠦ ᠣᠷᠣᠬᠤ᠎ᠪᠠᠷ ᠡᠷᠡᠯᠬᠡᠭ᠌ᠯᠡᠨ ᠲᠡᠮᠡᠴᠡᠳᠡᠭ ᠲᠠᠮᠢᠷᠴᠢᠨ ᠪᠠᠢᠵᠤ᠂ ᠤᠷᠤᠯᠳᠤᠭᠠᠨ᠎ᠤ ᠲᠠᠯᠠᠪᠠᠢ ᠪᠠ ᠪᠣᠯᠪᠠᠰᠤᠷᠠᠯ᠎ᠤᠨ ᠲᠠᠯᠠᠪᠠᠢ ᠳᠡᠭᠡᠷ᠎ᠡ ᠦᠷᠭᠦᠯᠵᠢᠯᠡᠨ ᠭᠡᠷᠡᠯ ᠭᠢᠯᠪᠠᠭ᠎ᠠ᠎ᠪᠠᠨ ᠰᠠᠴᠤᠷᠠᠭᠤᠯᠵᠤ ᠪᠠᠢᠨ᠎ᠠ᠃ ᠨᠡᠩ ᠣᠯᠳᠠᠰᠢ ᠦᠭᠡᠢ ᠨᠢ ᠲᠡᠳᠡ ᠪᠣᠯ ᠴᠥᠮ ᠶᠠᠭ᠍ᠰᠢ ᠨᠢᠭᠡᠳᠦᠭᠡᠷ ᠳᠤᠮᠳᠠᠳᠤ ᠰᠤᠷᠭᠠᠭᠤᠯᠢ᠎ᠡᠴᠡ ᠭᠠᠷᠴᠤ᠌ ᠶᠠᠪᠤᠭᠰᠠᠨ ᠰᠤᠷᠤᠭ᠍ᠴᠢᠳ ᠪᠣᠯᠤᠨ᠎ᠠ᠃ ᠲᠡᠳᠡᠨ᠎ᠦ ᠬᠠᠮᠲᠤ᠎ᠶ᠋ᠢᠨ ᠴᠢᠷᠮᠠᠢᠯᠭ᠎ᠠ᠎ᠪᠠᠷ᠂ ᠶᠠᠭ᠍ᠰᠢ᠎ᠶ᠋ᠢᠨ ᠲᠡᠨᠭᠰᠡᠨ ᠪᠥᠮᠪᠥᠭᠡ᠎ᠶ᠋ᠢᠨ ᠴᠢᠳᠠᠪᠤᠷᠢᠲᠠᠨ᠎ᠤ ᠵᠢᠭ᠍ᠰᠠᠯ ᠤᠯᠠᠮ ᠲᠡᠭᠦᠯᠳᠡᠷᠵᠢᠵᠦ᠍᠂ ᠪᠣᠯᠪᠠᠰᠤᠷᠠᠯ᠎ᠤᠨ ᠱᠢᠰᠲ᠋ᠧᠮ ᠤᠯᠠᠮ ᠪᠣᠯᠪᠠᠰᠤᠷᠠᠨᠭᠭᠤᠢ ᠪᠤᠯᠵᠤ᠂ ᠦᠷᠢᠰᠦᠯᠳᠦᠭᠡᠨ᠎ᠤ ᠲᠦᠪᠱᠢᠨ ᠦᠷᠭᠦᠯᠵᠢᠯᠡᠨ ᠳᠡᠭᠡᠭ᠌ᠰᠢᠯᠡᠵᠦ᠍᠂ ᠲᠤᠰ ᠭᠠᠵᠠᠷ᠎ᠤᠨ ᠲᠡᠨᠭᠰᠡᠨ ᠪᠥᠮᠪᠥᠭᠡ᠎ᠶ᠋ᠢᠨ ᠬᠥᠳᠡᠯᠭᠡᠭᠡᠨ᠎ᠦ ᠠᠭᠤᠷ ᠠᠮᠢᠰᠭᠤᠯ ᠤᠯᠠᠮ ᠥᠳᠭᠡᠨ ᠪᠣᠯᠵᠠᠢ᠃


[ᠰᠤᠷᠪᠤᠯᠵᠢᠯᠠᠭ᠍ᠴᠢ᠎ᠶ᠋ᠢᠨ ᠡᠪᠦᠷ ᠲᠡᠮᠳᠡᠭ᠌ᠯᠡᠯ]

ᠤᠯᠤᠰ᠎ᠤᠨ ᠳᠣᠲᠣᠭᠠᠳᠤ᠎ᠶ᠋ᠢᠨ ᠪᠡᠶ᠎ᠡ᠎ᠶ᠋ᠢᠨ ᠲᠠᠮᠢᠷ᠎ᠤᠨ ᠤᠷᠤᠯᠳᠤᠭᠠᠨ᠎ᠤ ᠲᠦᠷᠦᠯ᠎ᠳᠤ᠂ ᠲᠡᠨᠭᠰᠡᠨ ᠪᠥᠮᠪᠥᠭᠡ ᠨᠢ ᠴᠦᠬᠡᠨ ᠬᠠᠷᠠᠭᠳᠠᠳᠠᠭ ᠤᠷᠤᠯᠳᠤᠭᠠᠨ᠎ᠤ ᠲᠦᠷᠦᠯ᠎ᠳᠦ ᠬᠠᠷᠢᠶᠠᠯᠠᠭ᠍ᠳᠠᠬᠤ ᠪᠥᠭᠡᠳ ᠴᠢᠳᠠᠪᠤᠷᠢᠲᠠᠨ ᠬᠦᠮᠦᠵᠢᠭᠦᠯᠬᠦ ᠦᠶᠡᠯᠡᠯ᠎ᠦᠨ ᠬᠤᠭᠤᠴᠠᠭ᠎ᠠ ᠨᠢ ᠤᠷᠲᠤ᠂ ᠪᠣᠯᠪᠠᠰᠤᠷᠠᠯ᠎ᠤᠨ ᠡᠷᠴᠢᠮ ᠴᠢᠩᠭ᠎ᠠ᠂ ᠮᠡᠷᠭᠡᠵᠢᠯ᠎ᠦᠨ ᠪᠣᠱᠣᠭ᠎ᠠ ᠥᠨᠳᠥᠷ ᠵᠡᠷᠭᠡ ᠮᠠᠰᠢ ᠣᠯᠠᠨ ᠬᠦᠴᠢᠷ ᠰᠡᠳᠦᠪ ᠣᠷᠣᠱᠢᠵᠤ᠂ ᠯᠠᠪᠳᠠᠭᠤᠨ ᠵᠣᠭ᠍ᠰᠣᠵᠤ ᠬᠤᠯᠠ ᠠᠶᠠᠯᠠᠬᠤ᠎ᠳᠤ ᠨᠠᠩ ᠬᠦᠴᠢᠷᠲᠡᠶ ᠶᠤᠮ᠃ ᠭᠡᠪᠡᠴᠦ᠍ ᠶᠠᠭ᠍ᠰᠢ ᠭᠡᠬᠦ᠌ ᠡᠨᠡ ᠬᠦ᠌ ᠵᠢᠵᠢᠭ ᠬᠣᠲᠠ᠎ᠳᠤ᠂ ᠨᠢᠭᠡᠨ ᠳᠠᠰᠭᠠᠯᠵᠢᠭᠤᠯᠤᠭ᠍ᠴᠢ᠂ ᠦᠶ᠎ᠡ ᠦᠶ᠎ᠡ᠎ᠶ᠋ᠢᠨ ᠪᠠᠭᠠᠴᠤᠳ 30 ᠭᠠᠷᠤᠶ ᠵᠢᠯ᠎ᠦᠨ ᠴᠢᠷᠮᠠᠢᠯᠭ᠎ᠠ᠎ᠪᠠᠷ᠎ᠢᠶᠡᠨ ᠲᠡᠨᠭᠰᠡᠨ ᠪᠥᠮᠪᠥᠭᠡ᠎ᠶᠢ ᠪᠤᠯᠪᠠᠰᠤᠷᠠᠵᠤ ᠲᠠᠭᠤᠷᠢᠰᠤᠭᠤᠯᠪᠠ᠃

ᠶᠠᠭ᠍ᠰᠢ᠎ᠶ᠋ᠢᠨ ᠲᠡᠨᠭᠰᠡᠨ ᠪᠥᠮᠪᠥᠭᠡ ᠪᠦᠰᠡᠯᠡᠯᠲᠡ᠎ᠶ᠋ᠢ ᠱᠢᠪᠲᠤᠯᠤᠭ᠍ᠰᠠᠨ ᠨᠢ ᠨᠢᠭᠡ ᠵᠦᠢᠯ᠎ᠦᠨ ᠪᠡᠶ᠎ᠡ᠎ᠶ᠋ᠢᠨ ᠲᠠᠮᠢᠷ᠎ᠤᠨ ᠲᠦᠷᠦᠯ ᠵᠦᠢᠯ᠎ᠦᠨ ᠬᠥᠭ᠌ᠵᠢᠯᠲᠡ ᠪᠣᠯᠬᠤ᠎ᠪᠠᠷ ᠪᠠᠷᠠᠬᠤ ᠦᠭᠡᠢ ᠤᠭ ᠰᠠᠨᠠᠭ᠎ᠠ᠎ᠪᠠᠨ ᠪᠠᠲᠤ ᠰᠠᠬᠢᠵᠤ᠂ ᠲᠤᠰᠬᠠᠢ ᠰᠤᠳᠤᠯᠵᠤ ᠪᠦᠳᠦᠮᠵᠢᠳᠡᠢ ᠠᠬᠢᠭᠤᠯᠤᠨ᠂ ᠴᠤᠴᠠᠯᠲᠠ ᠦᠭᠡᠢ ᠴᠢᠷᠮᠠᠢᠳᠠᠭ ᠯᠡ ᠶᠤᠮ ᠪᠣᠯ ᠭᠡᠷᠡᠯ ᠭᠡᠭᠡ ᠪᠠᠨ ᠰᠠᠴᠤᠷᠠᠭᠤᠯᠬᠤ ᠪᠤᠯᠤᠨ᠎ᠠ ᠭᠡᠳᠡᠭ᠎ᠢ ᠬᠠᠷᠠᠭᠤᠯᠤᠭᠰᠠᠨ ᠪᠠᠢᠨ᠎ᠠ᠃ ᠬᠦᠰᠡᠯ ᠵᠡᠭᠦᠳᠦ᠍᠎ᠪᠡᠨ ᠳᠡᠷᠭᠡᠯᠰᠢᠬᠦᠯᠬᠦ ᠪᠡᠷ ᠡᠳᠡᠭᠡᠷ ᠬᠥᠮᠦᠰ ᠦᠷᠭᠦᠯᠵᠢᠯᠡᠨ ᠴᠢᠷᠮᠠᠢᠵᠦ᠍᠂ ᠡᠷᠡᠯᠬᠡᠭ᠌ᠯᠡᠨ ᠲᠡᠮᠡᠴᠡᠵᠦ᠍᠂ ᠶᠠᠭ᠍ᠰᠢ᠎ᠶ᠋ᠢᠨ ᠲᠡᠨᠭᠰᠡᠨ ᠪᠥᠮᠪᠥᠭᠡ᠎ᠶ᠋ᠢᠨ ᠨᠡᠷ᠎ᠡ᠎ᠶ᠋ᠢᠨ ᠬᠠᠭᠤᠳᠠᠰᠤ᠎ᠶ᠋ᠢ ᠤᠯᠠᠮ ᠭᠢᠯᠠᠯᠵᠠᠭᠤᠯᠵᠤ᠂ ᠳᠤᠮᠳᠠᠳᠤ ᠤᠯᠤᠰ᠎ᠤᠨ ᠲᠡᠨᠭᠰᠡᠨ ᠪᠥᠮᠪᠥᠭᠡ᠎ᠶ᠋ᠢᠨ ᠬᠦᠴᠦᠨ᠎ᠢ ᠤᠯᠠᠨ ᠤᠯᠤᠰ᠎ᠤᠨ ᠤᠷᠤᠯᠳᠤᠭᠠᠨ᠎ᠤ ᠲᠠᠯᠠᠪᠤᠷ᠎ᠲᠤ ᠨᠡᠩ ᠭᠠᠢᠬᠠᠭᠤᠯᠬᠤ᠎ᠶ᠋ᠢ ᠢᠲᠡᠭᠡᠵᠦ᠍ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号