5 ᠰᠠᠷ᠎ᠠ ᠵᠢᠨ 20 ᠤ᠋ ᠡᠳᠤᠷ᠂ ᠦᠪᠦᠷ ᠮᠤᠩᠭᠤᠯ ᠤ᠋ᠨ ᠶᠡᠬᠡ ᠰᠤᠷᠭᠠᠭᠤᠯᠢ ᠵᠢᠨ ᠠᠮᠢ ᠰᠢᠨᠵᠢᠯᠡᠭᠡᠨ ᠤ᠋ ᠳᠡᠭᠡᠳᠤ ᠰᠤᠷᠭᠠᠭᠤᠯᠢ ᠵᠢᠨ ᠲᠦᠩ ᠪᠢᠨ ᠫᠷᠤᠹᠸᠰᠰᠤᠷ ᠵᠢᠡᠷ ᠲᠦᠷᠦᠭᠦᠯᠡᠭᠦᠯᠦᠭᠰᠡᠨ 14 ᠡᠷᠳᠡᠮᠳᠡᠨ ᠪᠠᠭᠰᠢ ᠪᠠ ᠰᠤᠳᠤᠯᠬᠤ ᠰᠤᠷᠤᠭᠴᠢ ᠪᠡᠷ ᠪᠦᠷᠢᠯᠳᠦᠭᠰᠡᠨ ᠰᠤᠳᠤᠯᠭᠠᠨ ᠤ᠋ ᠪᠦᠯᠬᠦᠮ ᠤ᠋ᠨ ᠬᠢᠨ ᠬᠦᠬᠡᠬᠤᠲᠠ ᠡᠴᠡ ᠡᠷᠳᠡᠯᠡᠨ ᠬᠦᠳᠡᠯᠵᠤ᠂ ᠢᠬᠡᠷ᠎ᠡ ᠲᠦᠯᠯᠡᠬᠦ ᠦᠵᠦᠮᠦᠴᠢᠨ ᠬᠤᠨᠢ ᠪᠠ ᠰᠦᠨᠢᠳ ᠬᠤᠨᠢ ᠵᠢᠨ ᠤᠳᠤᠮᠯᠠᠯ ᠤ᠋ᠨ ᠭᠸᠨ ᠤ᠋ ᠡᠷᠢᠯ ᠳ᠋ᠤ ᠮᠤᠷᠳᠠᠯ᠎ᠠ᠃
ᠲᠦᠩ ᠪᠢᠨ ᠫᠷᠤᠹᠸᠰᠰᠤᠷ ᠪᠤᠯ ᠦᠪᠤᠷ ᠮᠤᠩᠭᠤᠯ ᠤ᠋ᠨ ᠦᠪᠡᠷᠳᠡᠬᠡᠨ ᠵᠠᠰᠠᠬᠤ ᠤᠷᠤᠨ ᠤ᠋ ᠮᠤᠨᠭᠭᠤᠯ ᠬᠤᠨᠢ ᠵᠢᠨ ᠦᠷᠡᠵᠢᠯ ᠤ᠋ᠨ ᠴᠢᠳᠠᠪᠤᠷᠢ ᠵᠢ ᠲᠠᠬᠡᠭᠰᠢᠯᠡᠬᠦᠯᠬᠦ ᠵᠠᠩᠭᠢᠯᠠᠭ᠎ᠠ ᠵᠢᠨ ᠮᠡᠷᠭᠡᠵᠢᠯ ᠤ᠋ᠨ ᠪᠤᠭᠤᠮᠳᠠ ᠱᠢᠪᠲᠤᠯᠬᠤ ᠰᠤᠳᠤᠯᠭᠠᠨ ᠤ᠋ ᠪᠦᠯᠬᠦᠮ ᠤ᠋ᠨ ᠲᠠᠭᠠᠭᠤᠯᠤᠭᠴᠢ᠂ 2015 ᠣᠨ ᠳ᠋ᠦ ᠰᠢᠯᠢ ᠵᠢᠨ ᠭᠤᠤᠯ ᠠᠢᠮᠠᠭ ᠵᠢᠴᠢ ᠬᠠᠮᠢᠶ᠎ᠠ ᠪᠦᠬᠦᠢ ᠬᠤᠰᠢᠭᠤ ᠲᠠᠢ ᠬᠠᠮᠲᠤᠷᠠᠨ ᠲᠤᠰ ᠰᠤᠳᠤᠯᠭᠠᠨ ᠢ᠋ ᠡᠬᠢᠯᠡᠭᠦᠯᠵᠠᠢ᠃ ᠲᠡᠳᠡ ᠰᠤᠳᠤᠯᠭᠠᠨ ᠤ᠋ ᠶᠠᠪᠤᠴᠠ ᠳ᠋ᠤ ᠮᠣᠩᠭᠣᠯ ᠬᠣᠨᠢ ᠳ᠋ᠦ ᠦᠷᠡᠵᠢᠯ ᠰᠠᠢᠳᠠᠢ ᠤᠳᠤᠮᠯᠠᠯ ᠤ᠋ᠨ ᠭᠧᠨ(FecB) ᠠᠭᠤᠯᠤᠭ᠍ᠳᠠᠵᠤ ᠪᠠᠢᠬᠤ ᠵᠢ ᠠᠩᠬ᠎ᠠ ᠤᠳᠠᠭ᠎ᠠ ᠭᠡᠷᠡᠴᠢᠯᠡᠵᠤ᠂ ᠮᠣᠩᠭᠣᠯ ᠬᠣᠨᠢ ᠵᠢᠨ ᠣᠨᠴᠠᠭᠠᠶ ᠦᠷᠡᠵᠢᠯ ᠤ᠋ᠨ ᠴᠢᠳᠠᠪᠤᠷᠢ ᠪᠥᠬᠥᠶ 10 ᠭᠠᠷᠤᠶ ᠵᠢᠱ᠌ᠢᠮᠠᠯ ᠭᠧᠨ ᠪᠤᠯᠤᠨ 20 ᠭᠠᠷᠤᠶ ᠬᠧᠨ ᠤ᠋ ᠬᠤᠪᠢᠰᠤᠯᠳᠠ ᠵᠢᠨ ᠴᠡᠭ ᠢ᠋ ᠢᠯᠡᠷᠡᠬᠦᠯᠦᠭᠰᠡᠨ ᠪᠦᠬᠡᠳ ᠪᠥᠬᠥ᠌ ᠳᠡᠯᠡᠬᠡᠶ ᠵᠢᠨ ᠠᠩᠬᠠᠳᠠᠭ᠍ᠴᠢ ᠮᠣᠩᠭᠣᠯ ᠬᠣᠨᠢ ᠵᠢᠨ ᠦᠷᠡᠵᠢᠯ ᠤ᠋ᠨ ᠭᠧᠨ ᠢ᠋ ᠱᠢᠯᠭᠠᠨ ᠪᠠᠢᠴᠠᠭᠠᠬᠤ SNP ᠭᠧᠨ ᠤ᠋ ᠴᠢᠫ ᠢ᠋ ᠪᠡᠶ᠎ᠡ ᠪᠡᠨ ᠳᠠᠭᠠᠭᠠᠨ ᠰᠤᠳᠤᠯᠤᠨ ᠦᠶ᠋ᠯᠡᠳᠴᠦ᠍᠂ ᠦᠨᠳᠤᠷ ᠪᠦᠳᠦᠮᠵᠢᠳᠠᠢ ᠪᠡᠷ ᠦᠷᠡᠵᠢᠬᠦᠯᠦᠨ ᠪᠤᠢᠵᠢᠭᠤᠯᠬᠤ ᠮᠡᠷᠬᠡᠵᠢᠯ ᠤ᠋ᠨ ᠰᠢᠰᠲᠸᠮ ᠢ᠋ ᠪᠠᠢᠭᠤᠯᠤᠭᠠᠳ ᠮᠤᠩᠭᠤᠯ ᠬᠤᠨᠢ ᠵᠢᠨ ᠦᠷᠡᠵᠢᠯᠳᠠ ᠵᠢᠨ ᠨᠤᠷᠮ᠎ᠠ ᠵᠢ ᠲᠠᠬᠡᠭᠰᠢᠯᠡᠬᠦᠯᠬᠦ ᠪᠤᠭᠤᠮᠢ ᠵᠢ ᠰᠢᠪᠳᠤᠯᠤᠭᠰᠠᠨ ᠠᠵᠢ᠃
ᠮᠤᠨᠭᠭᠤᠯ ᠬᠤᠨᠢ ᠵᠢᠨ ᠦᠷᠡᠵᠢᠯ ᠤ᠋ᠨ ᠴᠢᠳᠠᠪᠤᠷᠢ ᠵᠢ ᠲᠠᠬᠡᠭᠰᠢᠯᠡᠬᠦᠯᠬᠦ ᠵᠠᠩᠭᠢᠯᠠᠭ᠎ᠠ ᠵᠢᠨ ᠮᠡᠷᠭᠡᠵᠢᠯ ᠤ᠋ᠨ ᠪᠤᠭᠤᠮᠳᠠ ᠱᠢᠪᠲᠤᠯᠬᠤ ᠰᠤᠳᠤᠯᠭᠠᠨ ᠨᠢ ᠮᠠᠯ ᠠᠵᠤ ᠠᠬᠤᠢ ᠵᠢᠨ ᠬᠦᠭᠵᠢᠯᠳᠡ ᠪᠠ ᠮᠠᠯᠴᠢᠨ ᠲᠦᠮᠡᠨ ᠳ᠋ᠤ ᠨᠡᠩ ᠰᠠᠢᠨ ᠦᠢᠯᠡᠴᠢᠯᠡᠬᠦ ᠵᠢᠨ ᠲᠦᠯᠦᠬᠡ ᠶᠤᠮ᠃ ᠲᠦᠩ ᠪᠢᠨ ᠫᠷᠤᠹᠸᠰᠰᠤᠷ ᠤ᠋ᠨ ᠰᠤᠳᠤᠯᠭᠠᠨ ᠤ᠋ ᠪᠦᠯᠬᠦᠮ ᠤ᠋ᠨ ᠬᠢᠨ ᠡᠢᠨ ᠬᠦ᠌ ᠬᠦᠰᠡᠯ ᠵᠤᠷᠢᠯᠳᠠ ᠳ᠋ᠠᠭᠠᠨ ᠲᠡᠮᠡᠤᠯᠤᠨ ᠢᠬᠡᠷ᠎ᠠ ᠲᠦᠯᠯᠡᠬᠦ ᠮᠤᠩᠭᠤᠯ ᠬᠤᠨᠢ ᠵᠢᠨ ᠤᠳᠤᠮᠯᠠᠯ ᠤ᠋ᠨ ᠭᠸᠨ ᠤ᠋ ᠡᠷᠢᠯ ᠳ᠋ᠤ ᠠᠬᠢᠨ ᠮᠤᠷᠳᠠᠭᠰᠠᠨ ᠨᠢ ᠡᠨᠡ ᠪᠢᠯᠡ᠃
ᠬᠤᠷ᠎ᠠ ᠪᠤᠷᠤᠭᠠᠨ ᠲᠡᠭᠰᠢ᠂ ᠪᠠᠢᠭᠠᠯᠢ ᠲᠠᠯᠡᠬᠡᠢ ᠭᠠᠩᠭᠠᠩ᠃ ᠬᠤᠷᠳᠤᠨ ᠮᠠᠰᠢᠨ ᠤᠯᠠᠭᠠᠨᠴᠠᠪ ᠬᠤᠲᠠ ᠵᠢᠨ ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤ ᠪᠡᠷ ᠳᠠᠮᠵᠢᠨ ᠰᠢᠯᠢ ᠵᠢᠨ ᠭᠤᠤᠯ ᠠᠢᠮᠠᠭ ᠤ᠋ᠨ ᠬᠢᠵᠠᠭᠠᠷ ᠲᠦ᠍ ᠤᠷᠤᠬᠤ ᠳ᠋ᠤ ᠵᠠᠮ ᠤ᠋ᠨ ᠬᠠᠵᠠᠭᠤ ᠵᠢᠨ ᠴᠡᠯ ᠨᠤᠭᠤᠭᠠᠨ ᠡᠪᠡᠰᠤ ᠪᠡᠯᠴᠢᠭᠡᠷ᠂ ᠦᠩᠭᠡ ᠪᠤᠯᠢᠶᠠᠯᠳᠤᠬᠤ ᠵᠦᠢᠯ ᠤ᠋ᠨ ᠴᠡᠴᠡᠭ ᠢ᠋ ᠬᠠᠷᠠᠭᠰᠠᠨ ᠰᠤᠳᠤᠯᠬᠤ ᠰᠤᠷᠤᠭᠴᠢᠳ ᠭᠠᠷ ᠤᠳᠠᠰᠤ ᠪᠡᠷ ᠵᠢᠡᠨ ᠭᠡᠷᠡᠯ ᠵᠢᠷᠤᠭ ᠠᠪᠴᠤ 《ᠲᠠᠯ᠎ᠠ ᠨᠤᠲᠤᠭ ᠨᠤᠭᠤᠭᠠᠷᠠᠴᠢᠬᠠᠯᠠ 》᠂ 《 ᠠᠵᠢᠯ ᠵᠢᠡᠷ ᠪᠢᠰᠢ᠂ ᠵᠢᠭᠤᠯᠴᠢᠯᠠᠯ ᠵᠢᠡᠷ ᠶᠠᠪᠤᠵᠤ ᠪᠠᠢᠭᠰᠠᠨ ᠪᠤᠯ ᠶᠠᠮᠠᠷ ᠭᠤᠶᠤ ᠪᠤᠢ? ᠪᠠᠭᠤᠵᠤ ᠪᠢᠴᠢᠯᠭᠡ ᠬᠢᠵᠤ ᠨᠠᠢᠵᠠ ᠵᠢᠨ ᠲᠤᠭᠤᠷᠢᠭ ᠲᠠᠭᠠᠨ ᠲᠠᠯᠬᠡᠬᠦ ᠰᠠᠨ ᠁》 ᠭᠡᠬᠦᠴᠢᠯᠡᠨ ᠭᠠᠩᠭᠠᠩ ᠪᠠᠢᠭᠠᠯᠢ ᠵᠢᠨ ᠪᠠᠬᠠᠷᠤᠮ᠎ᠠ ᠦᠵᠡᠮᠵᠢ ᠳ᠋ᠤ ᠰᠤᠭᠲᠤᠭᠤᠷᠠᠨ ᠪᠠᠢᠵᠤ᠂ ᠡᠷᠢᠯ ᠤ᠋ᠨ ᠠᠶᠠᠨ ᠤ᠋ ᠪᠠᠨ ᠠᠩᠬᠠᠨ ᠤ᠋ ᠦᠷᠲᠡᠭᠡ — ᠰᠢᠯᠢᠩᠬᠤᠳᠠ ᠵᠢᠨ ᠮᠤᠳᠤᠨ ᠮᠠᠯᠵᠢᠯ ᠤ᠋ᠨ ᠲᠠᠯᠠᠪᠠᠢ ᠳ᠋ᠤ ᠬᠦᠷᠬᠦ ᠳ᠋ᠤ ᠠᠮᠢᠵᠢᠷᠠᠯ ᠵᠢᠡᠷ ᠪᠢᠯᠬᠠᠭᠰᠠᠨ ᠲᠦᠯ ᠮᠠᠯ ᠤ᠋ᠨ ᠮᠠᠢᠯᠠᠭᠠᠨ ᠲᠡᠳᠠᠡ ᠢ᠋ ᠤᠭᠲᠤᠵᠤ ᠠᠪᠤᠯ᠎ᠠ᠃
《 ᠲᠠ ᠨᠠᠷ ᠰᠠᠢᠨ ᠶᠠᠪᠤᠵᠤ ᠢᠷᠡᠪᠡ ᠤᠤ?》 ᠭᠡᠵᠤ ᠮᠤᠳᠤᠨ ᠮᠠᠯᠵᠢᠯ ᠤ᠋ᠨ ᠲᠠᠯᠠᠪᠠᠢ ᠵᠢᠨ ᠬᠠᠷᠢᠭᠤᠴᠠᠯᠭᠠᠲᠠᠨ ᠮᠠᠨᠳᠤ ᠠᠰᠠᠭᠤᠨ ᠵᠤᠯᠭᠠᠬᠤ ᠳ᠋ᠤ᠂ 《ᠰᠠᠢᠨ ᠰᠠᠢᠨ᠂ ᠲᠠ ᠨᠠᠷ ᠰᠠᠢᠨ ᠰᠠᠭᠤᠵᠤ ᠪᠠᠢᠨ᠎ᠠ ᠤᠤ?》ᠭᠡᠵᠤ ᠲᠦᠩ ᠪᠢᠨ ᠫᠷᠤᠹᠸᠰᠰᠤᠷ ᠬᠠᠷᠢᠭᠤ ᠮᠡᠨᠳᠤ ᠮᠡᠳᠡᠯᠴᠡᠬᠦ ᠵᠠᠭᠤᠷ᠎ᠠ ᠰᠤᠳᠤᠯᠬᠤ ᠰᠤᠷᠤᠭᠴᠢᠳ ᠨᠢᠬᠡᠨᠳᠡ ᠲᠡᠷᠭᠡᠨ ᠡᠴᠡ ᠪᠡᠨ ᠭᠸᠨ ᠤ᠋ ᠦᠯᠢᠭᠡᠷ ᠡᠳ᠋ ᠢ᠋ ᠴᠤᠭᠯᠠᠭᠤᠯᠬᠤ ᠪᠠᠭᠠᠵᠢ ᠬᠡᠷᠡᠭᠰᠡᠯ ᠵᠢᠡᠨ ᠭᠠᠷᠭᠠᠵᠤ᠂ ᠠᠵᠢᠯ ᠳ᠋ᠠᠭᠠᠨ ᠤᠷᠤᠬᠤ ᠪᠡᠷ ᠪᠡᠯᠡᠬᠡᠨ ᠪᠤᠯᠪᠠ᠃
ᠮᠤᠳᠤᠨ ᠮᠠᠯᠵᠢᠯ ᠤ᠋ᠨ ᠲᠠᠯᠠᠪᠠᠢ 2021 ᠤᠨ ᠡᠴᠡ ᠦᠪᠦᠷ ᠮᠤᠩᠭᠤᠯ ᠤ᠋ᠨ ᠶᠡᠬᠡ ᠰᠤᠷᠭᠠᠭᠤᠯᠢ ᠲᠠᠢ ᠬᠠᠮᠲᠤᠷᠠᠨ《ᠢᠬᠡᠷ᠎ᠡ ᠲᠦᠯᠯᠡᠬᠦ ᠦᠵᠤᠮᠤᠴᠢᠨ ᠬᠤᠨᠢ ᠶ᠋ᠢ ᠰᠤᠩᠭᠤᠨ ᠪᠤᠢᠵᠢᠭᠤᠯᠬᠤ᠂ ᠦᠷᠭᠡᠳᠭᠡᠨ ᠪᠤᠢᠵᠢᠭᠤᠯᠬᠤ ᠪᠠ ᠵᠢᠱ᠌ᠢᠶ᠎ᠡ ᠦᠵᠡᠭᠦᠯᠤᠨ ᠳᠡᠯᠭᠡᠷᠡᠬᠦᠯᠬᠦ》ᠲᠦᠷᠦᠯ ᠵᠦᠢᠯ ᠢ᠋ ᠡᠬᠢᠯᠡᠭᠦᠯᠵᠤ᠂ 2023 ᠤᠨ ᠳ᠋ᠤ ᠲᠦᠷᠦᠯ ᠵᠦᠢᠯ ᠳ᠋ᠤ ᠬᠢᠨᠠᠨ ᠲᠤᠭᠲᠠᠭᠠᠯᠲᠠ ᠬᠢᠬᠦ ᠳ᠋ᠤ ᠢᠬᠡᠷ᠎ᠡ ᠲᠦᠯᠯᠡᠳᠡᠭ ᠡᠮ᠎ᠠ ᠬᠤᠨᠢ ᠨᠢ 100 ᠶ᠋ᠢ ᠳᠠᠪᠠᠵᠤ᠂ ᠤᠳᠤ ᠨᠢᠭᠡᠨᠲᠡ 200 ᠶ᠋ᠢ ᠳᠠᠪᠠᠪᠠ᠃ ᠡᠨᠡ ᠤᠳᠠᠭ᠎ᠠ ᠲᠦᠩ ᠪᠢᠨ ᠫᠷᠤᠹᠸᠰᠰᠤᠷ ᠤ᠋ᠨ ᠰᠤᠳᠤᠯᠭᠠᠨ ᠤ᠋ ᠪᠦᠯᠬᠦᠮ ᠤ᠋ᠨ ᠬᠢᠨ ᠮᠤᠳᠤᠨ ᠮᠠᠯᠵᠢᠯ ᠤ᠋ᠨ ᠲᠠᠯᠠᠪᠠᠢ ᠳ᠋ᠤ ᠳᠠᠬᠢᠨᠲᠠ ᠬᠦᠷᠦᠯᠴᠡᠨ ᠢᠷᠡᠭᠰᠡᠨ ᠨᠢ ᠢᠬᠡᠷ᠎ᠡ ᠲᠦᠯᠯᠡᠳᠡᠭ ᠦᠵᠦᠮᠦᠴᠢᠨ ᠬᠤᠨᠢᠨ ᠤ᠋ ᠲᠤᠰᠬᠠᠢ ᠰᠦᠷᠦᠭ ᠭᠠᠷᠭᠠᠬᠤ ᠪᠡᠯᠡᠳᠭᠡᠯ ᠠᠵᠢᠯ ᠵᠢᠡᠨ ᠡᠬᠢᠯᠡᠬᠦᠯᠬᠦ ᠵᠢᠨ ᠲᠦᠯᠦᠬᠡ ᠶᠤᠮ᠃
《ᠳᠡᠮ ᠳᠡᠮ ᠳ᠋ᠡᠭᠡᠨ᠂ ᠳᠡᠭᠡᠰᠤ ᠡᠷᠴᠢᠮ ᠳ᠋ᠡᠭᠡᠨ》 ᠭᠡᠳᠡᠭᠴᠢᠯᠡᠨ ᠡᠷᠳᠡᠮᠳᠡᠨ ᠪᠠᠭᠰᠢ ᠨᠠᠷ ᠮᠠᠯᠵᠢᠯ ᠤ᠋ᠨ ᠲᠠᠯᠠᠪᠠᠢ ᠵᠢᠨ ᠬᠦᠮᠦᠰ ᠲᠠᠢ ᠬᠠᠮᠲᠤ ᠬᠤᠨᠢᠨ ᠡᠴᠡ ᠴᠢᠰᠤ ᠠᠪᠬᠤ ᠳ᠋ᠤ᠂ ᠰᠤᠳᠤᠯᠬᠤ ᠰᠤᠷᠤᠭᠴᠢᠳ ᠬᠤᠨᠢ ᠰᠢᠬᠢᠷᠠᠳᠠᠬᠦ᠂ ᠠᠪᠤᠭᠰᠠᠨ ᠴᠢᠰᠤ ᠶ᠋ᠢ ᠨᠦᠵᠢᠷᠡᠬᠦ ᠡᠴᠡ ᠰᠡᠷᠭᠡᠢᠯᠡᠬᠦ ᠡᠳ᠋ ᠲᠠᠢ ᠯᠤᠩᠬᠤᠨ ᠳ᠋ᠤ ᠶᠡᠭᠦᠯᠡᠬᠦ᠂ ᠬᠤᠨᠢᠨ ᠤ᠋ ᠡᠭᠡᠮᠦᠭ ᠤ᠋ᠨ ᠨᠤᠮᠸᠷ᠂ ᠡᠳᠦᠷ ᠰᠠᠷ᠎ᠠ᠂ ᠭᠠᠵᠠᠷ ᠤᠷᠤᠨ ᠵᠡᠷᠭᠡ ᠴᠢᠬᠤᠯᠠ ᠮᠡᠳᠡᠭᠡ ᠵᠠᠩᠭᠢ ᠵᠢ ᠨᠢᠭᠡᠳ ᠨᠢᠭᠡ ᠪᠡᠷ ᠨᠠᠷᠢᠨ ᠲᠤᠳᠤᠷᠬᠠᠢ ᠲᠡᠮᠳᠡᠭᠯᠡᠵᠤ᠂ ᠦᠯᠢᠭᠡᠷ ᠡᠳ᠋ ᠴᠤᠭᠯᠠᠭᠤᠯᠬᠤ ᠠᠵᠢᠯ ᠤᠷᠤᠭᠰᠢᠳᠠᠢ ᠦᠷᠬᠦᠯᠵᠢᠯᠡᠨ᠎ᠡ᠃ 《ᠪᠢᠳᠡ ᠪᠡᠯᠴᠢᠭᠡᠷ ᠤ᠋ᠨ ᠳᠠᠭᠠᠭᠠᠴᠠ ᠶ᠋ᠢ ᠬᠦᠩᠭᠡᠷᠡᠭᠦᠯᠵᠤ᠂ ᠲᠡᠵᠢᠭᠡᠯ ᠪᠤᠷᠳᠤᠭᠠᠨ ᠤ᠋ ᠵᠠᠷᠤᠯᠭ᠎ᠠ ᠶ᠋ᠢ ᠪᠠᠭᠠᠰᠬᠠᠨ ᠦᠷ᠎ᠠ ᠠᠰᠢᠭ ᠢ᠋ ᠨᠡᠮᠡᠭᠳᠡᠬᠦᠯᠬᠦ ᠡᠭᠦᠳᠡᠨ ᠡᠴᠡ ᠡᠨᠡ ᠵᠢᠯ ᠢᠬᠡᠷ᠎ᠡ ᠲᠦᠯᠯᠡᠳᠡᠭ ᠦᠵᠦᠮᠦᠴᠢᠨ ᠬᠤᠨᠢᠨ ᠤ᠋ ᠲᠤᠰᠬᠠᠢ ᠰᠦᠷᠦᠭ ᠭᠠᠷᠭᠠᠬᠤ ᠪᠡᠷ ᠦᠪᠦᠷ ᠮᠤᠩᠭᠤᠯ ᠤ᠋ᠨ ᠶᠡᠬᠡ ᠰᠤᠷᠭᠠᠭᠤᠯᠢ ᠵᠢᠨ ᠡᠷᠳᠡᠮᠲᠡᠨ ᠪᠠᠭᠰᠢ ᠨᠠᠷ ᠲᠠᠢ ᠦᠷᠭᠦᠯᠵᠢᠯᠡᠨ ᠬᠠᠮᠲᠤᠷᠠᠨ ᠠᠵᠢᠯᠯᠠᠵᠤ ᠪᠠᠢᠨ᠎ᠠ》 ᠭᠡᠵᠤ ᠮᠤᠳᠤᠨ ᠮᠠᠯᠵᠢᠯ ᠤ᠋ᠨ ᠲᠠᠯᠠᠪᠠᠢ ᠵᠢᠨ ᠦᠷ᠎ᠡ ᠵᠢᠨ ᠮᠠᠯ ᠦᠰᠭᠡᠨ ᠪᠤᠢᠵᠢᠭᠤᠯᠬᠤ ᠭᠠᠵᠠᠷ ᠤ᠋ᠨ ᠬᠠᠷᠢᠭᠤᠴᠠᠯᠭᠠᠲᠠᠨ ᠤᠳᠤᠨᠭᠡᠷᠡᠯ ᠤᠷᠮᠠᠳᠠᠢ ᠬᠡᠯᠡᠨ᠎ᠠ᠃
5 ᠰᠠᠷ᠎ᠠ ᠵᠢᠨ 22 ᠤ᠋ᠨ ᠡᠳᠦᠷ᠂ ᠮᠤᠳᠤᠨ ᠮᠠᠯᠵᠢᠯ ᠤ᠋ᠨ ᠲᠠᠯᠠᠪᠠᠢ ᠳ᠋ᠡᠬᠢ ᠭᠸᠨ ᠴᠤᠭᠯᠠᠭᠤᠯᠬᠤ ᠠᠵᠢᠯ ᠵᠢᠡᠨ ᠲᠠᠭᠤᠰᠬᠠᠭᠠᠳ ᠰᠤᠳᠤᠯᠭᠠᠨ ᠤ᠋ ᠪᠦᠯᠬᠦᠮ ᠤ᠋ᠨ ᠬᠢᠨ ᠪᠠᠷᠠᠭᠤᠨ ᠦᠵᠦᠮᠦᠴᠢᠨ ᠬᠤᠰᠢᠭᠤ ᠪᠤᠯᠤᠨ ᠵᠡᠭᠦᠨ ᠦᠵᠦᠮᠦᠴᠢᠨ ᠬᠤᠰᠢᠭᠤᠨ ᠳ᠋ᠤ ᠬᠦᠷᠴᠤ᠂ ᠡᠨᠡ ᠵᠢᠯ ᠤ᠋ᠨ ᠲᠤᠰᠤᠭᠰᠠᠨ 1000 ᠭᠠᠷᠤᠢ ᠦᠵᠦᠮᠦᠴᠢᠨ ᠬᠤᠨᠢ ᠵᠢᠨ ᠬᠤᠷᠠᠭ᠎ᠠ ᠡᠴᠡ ᠭᠸᠨ ᠴᠤᠭᠯᠠᠭᠤᠯᠪᠠ᠃
ᠵᠡᠭᠦᠨ ᠦᠵᠦᠮᠦᠴᠢᠨ ᠬᠤᠰᠢᠭᠤᠨ ᠤ᠋ ᠬᠡᠰᠢᠭ ᠮᠠᠯ ᠠᠵᠤ ᠠᠬᠤᠢ ᠵᠢᠨ ᠬᠢᠵᠠᠭᠠᠷᠲᠤ ᠺᠤᠮᠫᠠᠨᠢ 600 ᠭᠠᠷᠤᠢ ᠢᠬᠡᠷ᠎ᠡ ᠤᠳᠤᠮ ᠤ᠋ᠨ ᠦᠵᠦᠮᠦᠴᠢᠨ ᠬᠤᠨᠢ ᠮᠠᠯᠵᠢᠬᠤ ᠵᠢᠨ ᠳᠠᠭᠠᠤ 5 ᠮᠠᠯᠵᠢᠬᠤ ᠡᠷᠦᠬᠡ ᠶ᠋ᠢ ᠰᠤᠩᠭᠤᠵᠤ ᠦᠷᠭᠡᠳᠭᠡᠨ ᠦᠷᠡᠵᠢᠬᠦᠯᠦᠭᠰᠡᠨ ᠤ᠋ ᠨᠢᠭᠡ ᠨᠢ ᠬᠠᠲᠠᠪᠴᠢ ᠪᠠᠯᠭᠠᠰᠤ ᠵᠢᠨ ᠪᠠᠶᠠᠨᠳᠤᠯᠠᠭᠠᠨ ᠭᠠᠴᠠᠭᠠᠨ ᠤ᠋ ᠮᠠᠯᠴᠢᠨ ᠬᠦᠷᠳᠤ ᠵᠢᠨ ᠬᠢ ᠪᠠᠢᠯ᠎ᠠ᠃ ᠨᠢᠳᠤᠨᠤᠨ ᠬᠦᠷᠳᠤ ᠵᠢᠨ ᠬᠢ 200 ᠬᠤᠨᠢ ᠳ᠋ᠠᠭᠠᠨ ᠢᠬᠡᠷ᠎ᠡ ᠤᠳᠤᠮ ᠲᠠᠢ ᠬᠤᠴᠠ ᠵᠢᠨ ᠢᠴᠡᠭᠡᠯ ᠦᠷ᠎ᠡ ᠪᠡᠷ ᠭᠠᠷ ᠬᠡᠬᠡᠯᠲᠦᠭᠦᠯᠭᠡ ᠬᠢᠭᠰᠡᠨ ᠵᠢᠡᠷ ᠡᠨᠡ ᠵᠢᠯ ᠢᠯᠡᠭᠦᠦ 60 ᠬᠤᠷᠠᠭ᠎ᠠ ᠲᠤᠰᠴᠤ᠂ ᠢᠬᠡᠷᠡᠯᠡᠭᠰᠡᠨ ᠨᠤᠷᠮ᠎ᠠ ᠨᠢ 30% ᠰᠢᠬᠠᠵᠠᠢ᠃《ᠢᠬᠡᠷ᠎ᠡ ᠲᠦᠯᠯᠡᠳᠡᠭ ᠦᠵᠦᠮᠦᠴᠢᠨ ᠬᠤᠨᠢ ᠮᠠᠯᠵᠢᠪᠠᠯ ᠡᠬᠡ ᠮᠠᠯ ᠤ᠋ᠨ ᠲᠤᠭ᠎ᠠ ᠪᠠᠭᠠᠰᠴᠤ ᠪᠡᠯᠴᠢᠭᠡᠷ ᠲᠦ᠍ ᠭᠠᠮᠲᠠᠢ᠂ ᠢᠬᠡᠷ᠎ᠡ ᠲᠦᠯ ᠲᠤᠰᠬᠤ ᠪᠤᠯᠬᠤᠷ ᠠᠰᠢᠭ ᠤᠷᠤᠯᠭ᠎ᠠ ᠪᠡᠷ ᠴᠦ᠍ ᠰᠠᠢᠨ ᠶᠤᠮ》 ᠭᠡᠵᠤ ᠬᠦᠷᠳᠤ ᠢᠲᠡᠭᠡᠯ ᠲᠡᠬᠦᠯᠳᠡᠷ ᠬᠡᠯᠡᠨ᠎ᠡ᠃
ᠪᠠᠷᠠᠭᠤᠨ ᠦᠵᠦᠮᠦᠴᠢᠨ ᠬᠤᠰᠢᠭᠤᠨ ᠤ᠋ ᠦᠵᠦᠮᠦᠴᠢᠨ ᠬᠤᠨᠢᠨ ᠤ᠋ ᠦᠷ᠎ᠡ ᠵᠢᠨ ᠮᠠᠯ ᠤ᠋ᠨ ᠲᠠᠯᠠᠪᠠᠢ 2022 ᠤᠨ ᠳ᠋ᠤ ᠢᠬᠡᠷ᠎ᠡ ᠲᠦᠯᠯᠡᠳᠡᠭ ᠦᠵᠦᠮᠦᠴᠢᠨ ᠬᠤᠨᠢᠨ ᠤ᠋ ᠭᠤᠤᠯᠳᠠᠯᠭᠠᠲᠤ ᠰᠦᠷᠦᠭ ᠭᠠᠷᠭᠠᠬᠤ ᠲᠦᠷᠦᠯ ᠵᠦᠢᠯ ᠢ᠋ ᠡᠬᠢᠯᠡᠭᠦᠯᠦᠭᠰᠡᠨ ᠡᠴᠡ ᠨᠠᠭᠠᠰᠢ 590 ᠭᠠᠷᠤᠢ ᠬᠤᠨᠢᠨ ᠳ᠋ᠤ ᠬᠦᠪᠦᠷᠡᠯ ᠰᠢᠯᠵᠢᠬᠦᠯᠤᠨ᠂ 600 ᠭᠠᠷᠤᠢ ᠬᠤᠨᠢᠨ ᠳ᠋ᠤ ᠭᠠᠷ ᠬᠡᠬᠡᠯᠲᠦᠬᠦᠯᠭᠡ ᠬᠢᠵᠤ᠂ ᠤᠳᠤ ᠭᠤᠤᠯᠳᠠᠯᠭᠠᠲᠤ ᠰᠦᠷᠦᠭ ᠲᠡᠬᠡᠨ 500 ᠰᠢᠬᠠᠮ ᠡᠮ᠎ᠠ ᠬᠤᠨᠢ ᠲᠠᠢ ᠪᠠᠢᠵᠤ᠂ ᠢᠬᠡᠷᠡᠯᠡᠬᠦ ᠨᠤᠷᠮ᠎ᠠ ᠨᠢ 52% ᠲᠦ᠍ ᠬᠦᠷᠴᠠᠢ᠃ 《ᠡᠨᠡ ᠨᠠᠮᠤᠷ ᠡᠴᠡ ᠪᠢᠳᠡ ᠬᠤᠰᠢᠭᠤᠨ ᠤ᠋ ᠪᠡᠨ 16 ᠮᠠᠯᠵᠢᠬᠤ ᠡᠷᠦᠬᠡ ᠳ᠋ᠤ ᠢᠬᠡᠷ᠎ᠡ ᠤᠳᠤᠮ ᠤ᠋ᠨ ᠬᠤᠴᠠ ᠲᠠᠯᠪᠢᠬᠤ ᠪᠤᠶᠤ ᠭᠠᠷ ᠭᠡᠭᠡᠯᠲᠦᠬᠦᠯᠭᠡ ᠬᠢᠬᠦ ᠪᠡᠷ ᠪᠠᠢᠨ᠎ᠠ》 ᠭᠡᠵᠤ ᠪᠠᠷᠠᠭᠤᠨ ᠦᠵᠦᠮᠦᠴᠢᠨ ᠬᠤᠰᠢᠭᠤᠨ ᠤ᠋ ᠠᠯᠲᠠᠢ ᠲᠠᠷᠢᠶᠠᠯᠠᠩ ᠮᠠᠯ ᠠᠵᠤ ᠠᠬᠤᠢ ᠵᠢᠨ ᠬᠦᠭᠵᠢᠬᠦᠯᠤᠯᠲᠡ ᠵᠢᠨ ᠬᠢᠵᠠᠭᠠᠷᠲᠤ ᠺᠤᠮᠫᠠᠨᠢ ᠵᠢᠨ ᠦᠵᠦᠮᠦᠴᠢᠨ ᠬᠤᠨᠢᠨ ᠤ᠋ ᠦᠷ᠎ᠡ ᠵᠢᠨ ᠮᠠᠯ ᠤ᠋ᠨ ᠲᠠᠯᠠᠪᠠᠢ ᠵᠢᠨ ᠬᠠᠷᠢᠭᠤᠴᠠᠯᠭᠠᠲᠠᠨ ᠭᠠᠨᠵᠤᠤᠷ ᠢᠬᠡᠷ᠎ᠡ ᠲᠦᠯᠯᠡᠳᠡᠭ ᠦᠵᠦᠮᠦᠴᠢᠨ ᠬᠤᠨᠢ ᠶ᠋ᠢ ᠦᠷᠭᠡᠳᠭᠡᠨ ᠪᠤᠢᠵᠢᠭᠤᠯᠬᠤ ᠲᠤᠬᠠᠢ ᠲᠦᠯᠦᠪᠯᠡᠭᠡ ᠪᠡᠨ ᠬᠤᠪᠢᠶᠠᠯᠴᠠᠯ᠎ᠠ᠃
5 ᠰᠠᠷ᠎ᠠ ᠵᠢᠨ 24 ᠤ᠋ ᠦᠷᠯᠦᠭᠡ᠂ ᠦᠵᠦᠮᠦᠴᠢᠨ ᠨᠤᠳᠤᠭ ᠲᠡᠬᠢ ᠭᠸᠨ ᠴᠤᠭᠯᠠᠭᠤᠯᠬᠤ ᠠᠵᠢᠯ ᠵᠢᠡᠨ ᠲᠠᠭᠤᠰᠬᠠᠭᠰᠠᠨ ᠰᠤᠳᠤᠯᠭᠠᠨ ᠤ᠋ ᠪᠦᠯᠬᠦᠮ ᠤ᠋ᠨ ᠬᠢᠨ ᠲᠠᠮᠤᠴᠢ ᠵᠢᠨ ᠲᠠᠯ᠎ᠠ ᠵᠢ ᠵᠤᠷᠢᠨ ᠡᠷᠢᠯ ᠤ᠋ᠨ ᠠᠶᠠᠨ ᠵᠢᠡᠨ ᠦᠷᠬᠦᠯᠵᠢᠯᠡᠬᠦᠯᠪᠠ᠃
ᠰᠦᠨᠢᠳ ᠵᠡᠭᠦᠨ ᠬᠤᠰᠢᠭᠤ 2023 ᠤᠨ ᠡᠴᠡ ᠲᠦᠩ ᠪᠢᠨ ᠫᠷᠤᠹᠸᠰᠰᠤᠷ ᠤ᠋ᠨ ᠰᠤᠳᠤᠯᠭᠠᠨ ᠤ᠋ ᠪᠦᠯᠬᠦᠮ ᠲᠠᠢ ᠬᠠᠮᠲᠤᠷᠠᠨ ᠠᠵᠢᠯᠯᠠᠵᠤ᠂ ᠨᠢᠭᠡ ᠪᠦᠯᠦᠭ ᠢᠬᠡᠷ᠎ᠠ ᠤᠳᠤᠮ ᠲᠠᠢ ᠰᠦᠨᠢᠳ ᠬᠤᠨᠢ ᠵᠢ ᠰᠤᠩᠭᠤᠨ ᠬᠦᠪᠦᠷᠡᠯ ᠪᠤᠢᠵᠢᠭᠤᠯᠬᠤ ᠪᠠ ᠬᠦᠪᠦᠷᠡᠯ ᠰᠢᠯᠵᠢᠬᠦᠯᠬᠦ ᠪᠡᠷ ᠳᠠᠮᠵᠢᠨ ᠤᠳᠤ 200 ᠭᠠᠷᠤᠢ ᠢᠬᠡᠷ᠎ᠠ ᠤᠳᠤᠮ ᠤ᠋ᠨ ᠡᠮ᠎ᠡ ᠬᠤᠨᠢ ᠪᠠ 64 ᠬᠤᠴᠠ ᠶ᠋ᠢ ᠪᠤᠢᠵᠢᠭᠤᠯᠪᠠ᠃《ᠢᠬᠡᠷ᠎ᠡ ᠤᠳᠤᠮ ᠤ᠋ᠨ ᠰᠦᠨᠢᠳ ᠬᠤᠨᠢ ᠵᠢ ᠪᠤᠢᠵᠢᠭᠤᠯᠬᠤ ᠭᠤᠤᠯ ᠵᠤᠷᠢᠯᠭ᠎ᠠ ᠨᠢ ᠨᠤᠲᠤᠭ ᠪᠡᠯᠴᠢᠭᠡᠷ ᠤ᠋ᠨ ᠠᠮᠢ ᠠᠬᠤᠢ ᠵᠢ ᠬᠠᠮᠠᠭᠠᠯᠠᠬᠤ ᠪᠠ ᠮᠠᠯᠴᠢᠳ ᠤ᠋ᠨ ᠤᠷᠤᠯᠭ᠎ᠠ ᠵᠢ ᠨᠡᠮᠡᠭᠳᠡᠬᠦᠯᠬᠦ ᠵᠢᠨ ᠲᠦᠯᠦᠬᠡ ᠶᠤᠮ᠂ ᠡᠨᠡ ᠨᠢ ᠨᠤᠲᠤᠭ ᠪᠠᠭᠠᠳᠠᠢ ᠮᠠᠯᠵᠢᠬᠤ ᠡᠷᠦᠬᠡ ᠳ᠋ᠤ ᠨᠡᠩ ᠲᠤᠬᠢᠷᠠᠬᠤ ᠪᠠᠢᠬ᠎ᠠ⁈》 ᠭᠡᠵᠤ ᠰᠦᠨᠢᠳ ᠵᠡᠭᠦᠨ ᠬᠤᠰᠢᠭᠤᠨ ᠤ᠋ ᠮᠠᠯ ᠠᠵᠤ ᠠᠬᠤᠢ ᠵᠢᠨ ᠠᠵᠢᠯᠯᠠᠬᠤ ᠦᠷᠲᠡᠭᠡᠨ ᠤ᠋ ᠳᠠᠷᠤᠭ᠎ᠠ ᠬᠠᠰᠴᠢᠯᠠᠭᠤ ᠬᠡᠯᠡᠨ᠎ᠡ᠃
ᠰᠦᠨᠢᠳ ᠪᠠᠷᠠᠭᠤᠨ ᠬᠤᠰᠢᠭᠤᠨ ᠤ᠋ ᠡᠷᠢᠶᠠᠨᠨᠠᠭᠤᠷ ᠰᠤᠮᠤ ᠵᠢᠨ ᠷᠠᠰᠢᠶᠠᠨᠲᠤ ᠭᠠᠴᠠᠭᠠᠨ ᠤ᠋ ᠮᠠᠯᠴᠢᠨ ᠪᠤᠯᠤᠷ ᠤ᠋ᠨ ᠳ᠋ᠤ ᠬᠦᠷᠬᠦ ᠳ᠋ᠤ ᠲᠡᠷᠡ ᠶᠠᠭ ᠬᠤᠨᠢᠳ ᠵᠢᠡᠨ ᠬᠤᠷᠢᠶᠠᠵᠤ ᠪᠠᠢᠯ᠎ᠠ᠃ 《ᠮᠢᠨᠤ ᠬᠤᠨᠢ ᠵᠢᠨ ᠵᠠᠷᠢᠮ ᠨᠢ ᠪᠠᠷᠤᠭ ᠵᠢᠯ ᠲᠠᠷᠠᠭᠠᠯᠠᠨ ᠢᠬᠡᠷᠡᠯᠡᠳᠡᠭ᠂ ᠨᠢᠳᠤᠨᠤᠨ ᠬᠤᠰᠢᠭᠤᠨ ᠤ᠋ ᠪᠡᠨ ᠢᠬᠡᠷ᠎ᠡ ᠤᠳᠤᠮ ᠲᠠᠢ ᠬᠤᠨᠢ ᠶ᠋ᠢ ᠦᠰᠭᠡᠨ ᠪᠤᠢᠵᠢᠭᠤᠯᠬᠤ ᠲᠤᠷᠰᠢᠯᠲᠠ ᠵᠢᠨ ᠴᠡᠭ ᠲᠤ᠌ ᠬᠠᠮᠤᠷᠤᠭᠳᠠᠨ ᠤᠷᠤᠭᠰᠠᠨ ᠵᠢᠡᠷ ᠪᠠᠭᠰᠢ ᠨᠠᠷ ᠤ᠋ᠨ ᠢᠷᠡᠬᠦ ᠶ᠋ᠢ ᠲᠤᠬᠢᠶᠠᠯᠳᠤᠭᠤᠯᠵᠤ᠂ ᠡᠨᠡ ᠵᠢᠯ ᠤ᠋ᠨ ᠲᠤᠰᠤᠭᠰᠠᠨ ᠢᠬᠡᠷ᠎ᠡ ᠬᠤᠷᠠᠭ᠎ᠠ ᠵᠢᠨ ᠵᠢᠡᠨ ᠭᠸᠨ ᠢ᠋ ᠪᠠᠢᠴᠠᠭᠠᠯᠭᠠᠬᠤ ᠰᠠᠨᠠᠭ᠎ᠠ ᠲᠠᠢ᠃ ᠢᠬᠡᠷ᠎ᠡ ᠲᠦᠯᠯᠡᠬᠦ ᠬᠤᠨᠢ ᠮᠠᠯᠵᠢᠪᠡᠯ ᠨᠤᠲᠤᠭ ᠪᠡᠯᠴᠢᠭᠡᠷ᠂ ᠡᠪᠡᠰᠤ ᠪᠤᠷᠳᠤᠭᠠᠨ ᠳ᠋ᠤ ᠪᠦᠷ ᠭᠠᠮᠲᠠᠢ ᠮᠦᠷᠲᠡᠭᠡᠨ ᠤᠷᠤᠯᠭ᠎ᠠ ᠪᠡᠷ ᠰᠠᠢᠨ ᠶᠤᠮ》 ᠭᠡᠵᠤ ᠪᠤᠯᠤᠷ ᠬᠡᠯᠡᠨ᠎ᠡ᠃
ᠰᠦᠨᠢᠳ ᠪᠠᠷᠠᠭᠤᠨ ᠬᠤᠰᠢᠭᠤ ᠢᠬᠡᠷ᠎ᠡ ᠤᠳᠤᠮ ᠲᠠᠢ ᠰᠦᠨᠢᠳ ᠬᠤᠨᠢ ᠶ᠋ᠢ ᠦᠷᠭᠡᠳᠭᠡᠨ ᠪᠤᠢᠵᠢᠭᠤᠯᠬᠤ ᠪᠡᠷ 2024 ᠤᠨ ᠳ᠋ᠤ ᠢᠬᠡᠷ᠎ᠡ ᠤᠳᠤᠮ ᠤ᠋ᠨ ᠬᠤᠴᠠ ᠶ᠋ᠢ ᠮᠠᠯᠵᠢᠬᠤ ᠡᠷᠦᠬᠡ ᠳ᠋ᠤ ᠬᠠᠩᠭᠠᠵᠤ᠂ 2025 ᠤᠨ ᠳ᠋ᠤ ᠪᠠᠰᠠ 4 ᠲᠤᠷᠰᠢᠯᠲᠠ ᠵᠢᠨ ᠴᠡᠭ ᠵᠢᠡᠷ 800 ᠭᠠᠷᠤᠢ ᠰᠦᠨᠢᠳ ᠬᠤᠨᠢ ᠳ᠋ᠤ ᠭᠠᠷ ᠬᠡᠭᠡᠯᠲᠦᠬᠦᠯᠭᠡ ᠬᠢᠵᠠᠢ᠃ 《ᠲᠦᠩ ᠪᠢᠨ ᠫᠷᠤᠹᠸᠰᠰᠤᠷ ᠤ᠋ᠨ ᠰᠤᠳᠤᠯᠭᠠᠨ ᠤ᠋ ᠪᠦᠯᠬᠦᠮ ᠲᠠᠢ ᠬᠠᠮᠲᠤᠷᠠᠵᠤ ᠠᠵᠢᠯᠯᠠᠭᠰᠠᠨ ᠡᠴᠡ ᠨᠠᠭᠠᠰᠢ ᠢᠬᠡᠷ᠎ᠡ ᠤᠳᠤᠮ ᠤ᠋ᠨ ᠰᠦᠨᠢᠳ ᠬᠤᠨᠢ ᠵᠤᠬᠢᠬᠤ ᠬᠡᠮᠵᠢᠶ᠎ᠠ ᠪᠡᠷ ᠨᠡᠮᠡᠭᠳᠡᠵᠤ᠂ ᠡᠨᠡ ᠵᠢᠯ 300 ᠬᠤᠨᠢ ᠡᠴᠡ 104 ᠨᠢ ᠢᠬᠡᠷᠡᠯᠡᠪᠡ》ᠭᠡᠵᠤ ᠰᠦᠨᠢᠳ ᠪᠠᠷᠠᠭᠤᠨ ᠬᠤᠰᠢᠭᠤᠨ ᠤ᠋ ᠰᠦᠨᠢᠳ ᠬᠤᠨᠢ ᠵᠢᠨ ᠰᠢᠯᠢᠳᠡᠭ ᠡᠭᠦᠯᠳᠡᠷ ᠤ᠋ᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤ᠋ᠨ ᠬᠢᠵᠠᠭᠠᠷᠲᠤ ᠺᠤᠮᠫᠠᠨᠢ ᠵᠢᠨ ᠬᠠᠷᠢᠭᠤᠴᠠᠯᠭᠠᠲᠠᠨ ᠨᠠᠷᠠᠨᠵᠠᠨᠠ ᠲᠠᠨᠢᠯᠴᠠᠭᠤᠯᠤᠨ᠎ᠠ᠃
ᠮᠤᠳᠤᠨ ᠮᠠᠯᠵᠢᠯ ᠤ᠋ᠨ ᠲᠠᠯᠠᠪᠠᠢ ᠡᠴᠡ ᠡᠬᠢᠯᠡᠨ ᠦᠵᠤᠮᠦᠴᠢᠨ ᠤ᠋ ᠲᠠᠯ᠎ᠠ ᠨᠤᠲᠤᠭ ᠢ᠋ ᠲᠤᠭᠤᠯᠵᠤ᠂ ᠢᠬᠡᠷ᠎ᠠ ᠲᠦᠯᠯᠡᠬᠦ ᠮᠤᠩᠭᠤᠯ ᠬᠤᠨᠢ ᠵᠢᠨ ᠤᠳᠤᠮᠯᠠᠯ ᠤ᠋ᠨ ᠭᠸᠨ ᠤ᠋ ᠡᠷᠢᠯ ᠤ᠋ᠨ ᠠᠶᠠᠨ ᠲᠠᠮᠤᠴᠢ ᠵᠢᠨ ᠲᠠᠯ᠎ᠠ ᠳ᠋ᠤ ᠠᠮᠵᠢᠯᠲᠠ ᠲᠠᠢ ᠦᠨᠳᠦᠷᠯᠡᠪᠠ᠃ ᠰᠤᠳᠤᠯᠭᠠᠨ ᠤ᠋ ᠪᠦᠯᠬᠦᠮ ᠤ᠋ᠨ ᠬᠢᠨ ᠵᠡᠭᠦᠨ ᠦᠵᠦᠮᠦᠴᠢᠨ ᠬᠤᠰᠢᠭᠤ ᠪᠤᠯᠤᠨ ᠰᠦᠨᠢᠳ ᠵᠡᠭᠦᠨ ᠬᠤᠰᠢᠭᠤᠨ ᠤ᠋ 10 ᠮᠠᠯᠵᠢᠬᠤ ᠡᠷᠦᠬᠡ ᠵᠢᠨ ᠦᠪᠡᠷ ᠵᠢᠡᠨ ᠴᠤᠭᠯᠠᠭᠤᠯᠤᠭᠰᠠᠨ 2000 ᠬᠤᠪᠢ ᠦᠯᠢᠭᠡᠷ ᠡᠳ᠋ ᠢ᠋ ᠪᠠᠭᠳᠠᠭᠠᠭᠠᠳ ᠨᠡᠢᠳᠡ ᠢᠬᠡᠷ᠎ᠡ ᠲᠦᠯᠯᠡᠳᠡᠭ ᠦᠵᠦᠮᠦᠴᠢᠨ ᠬᠤᠨᠢ ᠪᠠ ᠰᠦᠨᠢᠳ ᠬᠤᠨᠢ ᠵᠢᠨ 4000 ᠭᠠᠷᠤᠢ ᠬᠤᠪᠢ ᠭᠸᠨ ᠤ᠋ ᠦᠯᠢᠬᠡᠷ ᠡᠳ᠋ ᠢ᠋ ᠴᠤᠭᠯᠠᠭᠤᠯᠪᠠ᠃
《ᠪᠢᠳᠡ ᠡᠳᠡᠬᠡᠷ ᠦᠯᠢᠬᠡᠷ ᠡᠳ᠋ ᠤ᠋ᠨ ᠲᠤᠳᠤᠷ᠎ᠠ ᠡᠴᠡ ᠢᠬᠡᠷ᠎ᠠ ᠲᠦᠯᠯᠡᠬᠦ ᠤᠳᠤᠮᠯᠠᠯ ᠤ᠋ᠨ ᠭᠸᠨ ᠲᠠᠢ ᠬᠤᠨᠢ ᠶ᠋ᠢ ᠰᠤᠩᠭᠤᠨ ᠭᠠᠷᠭᠠᠬᠤ ᠵᠢᠨ ᠬᠠᠮᠲᠤ ᠬᠠᠮᠲᠤᠷᠠᠨ ᠠᠵᠢᠯᠯᠠᠵᠤ ᠪᠠᠢᠭ᠎ᠠ ᠦᠷ᠎ᠡ ᠵᠢᠨ ᠮᠠᠯ ᠤ᠋ᠨ ᠲᠠᠯᠠᠪᠠᠢ ᠪᠠ ᠮᠠᠯᠵᠢᠬᠤ ᠡᠷᠦᠬᠡ ᠳ᠋ᠤ ᠬᠠᠷᠢᠭᠤ ᠲᠤᠰᠬᠠᠵᠤ᠂ ᠲᠡᠳᠡᠨ ᠤ᠋ ᠡᠬᠡ ᠮᠠᠯ ᠤ᠋ᠨ ᠲᠤᠭ᠎ᠠ ᠪᠠᠨ ᠵᠦᠢ ᠵᠤᠬᠢᠰᠲᠠᠢ ᠬᠢᠵᠠᠭᠠᠷᠯᠠᠬᠤ ᠪᠡᠷ ᠳᠠᠮᠵᠢᠨ ᠡᠪᠡᠰᠤ ᠪᠤᠷᠳᠤᠭ᠎ᠠ ᠵᠢᠨ ᠨᠦᠭᠡᠴᠡᠯᠡᠯᠲᠡ ᠪᠠ ᠪᠡᠯᠴᠢᠭᠡᠷ ᠤ᠋ᠨ ᠳᠠᠷᠤᠭᠠᠰᠤ ᠶ᠋ᠢ ᠬᠦᠩᠭᠡᠷᠡᠬᠦᠯᠬᠦ ᠵᠢᠨ ᠬᠠᠮᠳᠤ ᠤᠷᠤᠯᠭ᠎ᠠ ᠪᠠᠨ ᠨᠡᠮᠡᠭᠳᠡᠬᠦᠯᠬᠦ ᠵᠢ ᠠᠬᠢᠭᠤᠯᠵᠤ᠂ ᠪᠡᠯᠴᠢᠬᠡᠷ ᠤ᠋ᠨ ᠮᠠᠯ ᠠᠵᠤ ᠠᠬᠤᠢ ᠵᠢᠨ ᠴᠢᠨᠠᠷ ᠰᠠᠢᠲᠠᠢ ᠬᠦᠭᠵᠢᠯᠲᠡ ᠵᠢᠨ ᠰᠢᠨ᠎ᠡ ᠵᠠᠮ ᠢ᠋ ᠬᠠᠢᠨ ᠰᠦᠪᠡᠭᠴᠢᠯᠡᠬᠦ᠂ ᠬᠦᠳᠡᠭᠡ ᠲᠤᠰᠬᠤᠨ ᠢ᠋ ᠬᠦᠭᠵᠢᠭᠦᠯᠦᠨ ᠮᠠᠨᠳᠤᠭᠤᠯᠬᠤ ᠵᠢᠴᠢ ᠮᠠᠨ ᠤ᠋ ᠤᠯᠤᠰ ᠤ᠋ᠨ ᠤᠮᠠᠷᠠᠲᠤ ᠵᠢᠨ ᠴᠢᠬᠤᠯᠠ ᠠᠮᠢ ᠠᠬᠤᠢ ᠵᠢᠨ ᠠᠮᠤᠷ ᠲᠦᠪᠰᠢᠨ ᠤ᠋ ᠬᠠᠯᠬᠠᠪᠴᠢ ᠶ᠋ᠢ ᠪᠦᠲᠦᠭᠡᠨ ᠪᠠᠢᠭᠤᠯᠬᠤ᠂ ᠤᠯᠤᠰ ᠤ᠋ᠨ ᠴᠢᠬᠤᠯᠠ ᠮᠠᠯ ᠤ᠋ᠨ ᠠᠰᠢᠭ ᠰᠢᠮ᠎ᠡ ᠲᠠᠷᠢᠶᠠᠯᠠᠩ ᠤ᠋ᠨ ᠪᠦᠲᠦᠬᠡᠭᠳᠡᠭᠦᠨ ᠤ᠋ ᠦᠢᠯᠡᠳᠪᠦᠷᠢᠯᠡᠯ ᠤ᠋ᠨ ᠰᠠᠭᠤᠷᠢᠨ ᠢ᠋ ᠪᠦᠲᠦᠭᠡᠨ ᠪᠠᠢᠭᠤᠯᠬᠤ ᠳ᠋ᠤ ᠬᠦᠴᠦᠨ ᠨᠡᠮᠡᠷᠢᠯᠡᠨ᠎ᠠ》 ᠭᠡᠵᠤ ᠲᠦᠩ ᠪᠢᠨ ᠫᠷᠤᠹᠸᠰᠰᠤᠷ ᠲᠤᠰ ᠤᠳᠠᠭ᠎ᠠ ᠵᠢᠨ ᠡᠷᠢᠯ ᠤ᠋ᠨ ᠠᠶᠠᠨ ᠵᠢᠡᠨ ᠳ᠋ᠦ᠋ᠩᠨᠡᠯᠠ᠃
5 ᠰᠠᠷ᠎ᠠ ᠵᠢᠨ 25 ᠤ᠋ ᠡᠳᠦᠷ᠂ ᠠᠶᠠᠨᠤ ᠵᠢᠯᠤᠭᠤ ᠪᠠᠨ ᠬᠦᠬᠡᠬᠤᠳᠠ ᠵᠦᠭ ᠵᠠᠯᠠᠯ᠎ᠠ᠃ ᠰᠤᠳᠤᠯᠭᠠᠨ ᠤ᠋ ᠪᠦᠯᠬᠦᠮ ᠢ᠋ ᠰᠠᠯᠤᠯ ᠦᠬᠡᠢ ᠲᠠᠭᠠᠵᠤ ᠶᠠᠪᠤᠭᠰᠠᠨ ᠰᠤᠷᠪᠤᠯᠵᠢᠯᠠᠭᠴᠢ ᠶᠠᠳᠠᠷᠠᠵᠤ ᠲᠤᠢᠯᠳᠠᠭᠠᠳ ᠲᠡᠷᠬᠡᠨ ᠳ᠋ᠤ ᠭᠠᠷᠤᠮᠠᠭᠴᠠ ᠲᠠᠰᠬᠦ ᠠᠯᠳᠠᠷᠠᠨ ᠨᠤᠢᠷᠮᠤᠭᠯᠠᠵᠤ ᠡᠬᠢᠯᠡᠬᠦ ᠳ᠋ᠤ ᠭᠡᠳᠦᠨ ᠡᠳᠦᠷ ᠵᠤᠭᠰᠤᠭ᠎ᠠ ᠵᠢᠯᠤᠭᠤ ᠦᠬᠡᠢ ᠠᠵᠢᠯᠯᠠᠭᠰᠠᠨ ᠡᠷᠳᠡᠮᠳᠡᠨ ᠫᠷᠤᠹᠸᠰᠰᠤᠷ ᠨᠠᠷ ᠬᠠᠷᠢᠨ ᠵᠤᠨ ᠤ᠋ ᠡᠬᠢᠨ ᠤ᠋ ᠨᠤᠭᠤᠭᠠᠨ ᠲᠠᠯ᠎ᠠ ᠵᠢᠨ ᠦᠵᠡᠮᠵᠢ ᠪᠡᠷ ᠴᠢᠯᠡᠬᠡ ᠪᠠᠨ ᠲᠠᠢᠯᠵᠤ᠂ ᠲᠠᠯ᠎ᠠ ᠨᠤᠲᠤᠭ ᠤ᠋ᠨ ᠵᠢᠡᠨ ᠮᠦᠩᠬᠡ ᠵᠢᠨ ᠨᠤᠭᠤᠭᠠᠨ ᠠᠮᠢ ᠠᠬᠤᠢ ᠵᠢ ᠴᠤᠭᠴᠠᠯᠠᠨ᠂ ᠮᠠᠯᠵᠢᠬᠤ ᠤᠷᠤᠨ ᠤ᠋ ᠦᠵᠡᠰᠬᠦᠯᠡᠩᠳᠤ ᠰᠠᠢᠬᠠᠨ ᠬᠢᠬᠡᠳ ᠦᠷᠨᠢᠩᠬᠦᠢ ᠬᠦᠭᠵᠢᠯᠳᠠ ᠳ᠋ᠤ ᠦᠪᠡᠷ ᠤ᠋ᠨ ᠭᠡᠰᠡᠨ ᠬᠤᠪᠢ ᠨᠡᠮᠡᠷᠢ ᠪᠡᠨ ᠦᠵᠡᠬᠦᠯᠵᠦ ᠶᠠᠪᠤᠭ᠎ᠠ ᠳ᠋ᠠᠭᠠᠨ ᠵᠠᠮ ᠲᠤᠵᠢ ᠤᠮᠤᠭ ᠪᠠᠬᠠᠳᠤᠯ ᠲᠠᠢ ᠶᠠᠷᠢᠯᠴᠠᠵᠤ ᠬᠦᠭᠡᠷᠦᠯᠳᠦᠨ᠎ᠡ᠃