ᠥᠨᠥᠴᠢᠨ ᠵᠡᠮᠳᠡᠭ ᠬᠡᠦᠬᠡᠳ ᠤ᠋ᠳ ᠲᠦ᠍ ᠬᠡᠷ ᠪᠥᠯᠢ ᠵᠢᠨ ᠬᠠᠢᠷ᠎ᠠ ᠬᠠᠯᠠᠮᠵᠢ᠎ᠶᠢ ᠡᠳ᠋ᠯᠡᠬᠦᠯᠦᠨ᠎ᠡ
2026-06-02 09:55:29
ᠵᠣᠬᠢᠶᠠᠭ᠍ᠴᠢ᠄
ᠸᠠᠩ ᠺᠦᠨ ᠵᠣᠣ ᠰᠢ
ᠣᠩᠱᠢᠭ᠍ᠰᠠᠨ ᠣᠳᠠᠭ᠎ᠠ᠄
★★★☆☆

《ᠡᠵᠢ ᠡ᠂ ᠡᠵᠢ ᠡ ᠁》 5 ᠰᠠᠷ᠎ᠠ᠎ᠶ᠋ᠢᠨ 28 ᠎ᠤ᠋ ᠦᠳᠡ᠎ᠶ᠋ᠢᠨ ᠬᠣᠢᠨᠠᠬᠢ 4 ᠴᠠᠭ 40 ᠮᠢᠨᠦ᠋ᠲ᠎ᠲᠦ᠂ ᠬᠡᠦᠬᠡᠳ ᠤ᠋ᠨ ᠪᠠᠶᠠᠷ ᠬᠦᠷ᠎ᠲᠡᠶ ᠬᠠᠰᠭᠢᠷᠬᠤ ᠲᠠᠭᠤᠨ ᠠᠰᠠᠷ᠎ᠤᠨ ᠭᠤᠳᠤᠮᠵᠢ ᠳ᠋ᠤ ᠰᠤᠨᠤᠰᠳᠠᠪᠠ᠃ ᠲᠠᠨᠢᠯ ᠳᠠᠰᠤᠯ ᠳᠠᠭᠤ᠎ᠶ᠋ᠢ ᠤᠯᠵᠤ ᠰᠣᠨᠣᠰᠤᠭᠠᠳ᠂ ᠵᠢᠶᠠ ᠶᠦᠨ ᠵᠧᠨ ᠪᠣᠰᠴᠤ᠌ ᠵᠤᠭᠰᠤᠨ ᠡᠭᠦᠳᠠᠡ ᠵᠦᠭ ᠵᠢᠡᠨ ᠶᠠᠪᠤᠬᠤ ᠵᠢᠨ ᠲᠠᠭᠠᠤ ᠢᠨᠢᠶᠡᠮᠰᠦᠭ᠌ᠯᠡᠨ᠄ 《ᠯᠠᠪ ᠮᠢᠨᠦ ᠶᠡᠬᠡ ᠬᠦᠦ ᠬᠠᠷᠢᠵᠤ ᠢᠷᠡᠯ᠎ᠡ》 ᠭᠡᠵᠦ᠍ ᠬᠡᠯᠡᠪᠡ᠃

ᠲᠡᠭᠡᠵᠦ ᠪᠠᠢᠳᠠᠯ᠎ᠠ ᠨᠢᠭᠡ ᠬᠦᠦ ᠬᠦᠶᠦᠨ ᠤᠷᠤᠵᠤ ᠢᠷᠡᠨ᠂ ᠵᠢᠶᠠ ᠶᠦᠨ ᠵᠧᠨ᠎ᠢ ᠲᠡᠪᠡᠷᠢᠨ᠄ 《ᠡᠵᠢ ᠡ᠂ ᠲᠠ ᠦᠵᠡ᠂ ᠮᠢᠨᠦ ᠵᠢᠷᠤᠭ᠍ᠰᠠᠨ ᠵᠢᠷᠤᠭ ᠱᠢᠤ!》 ᠭᠡᠵᠦ᠍ ᠬᠡᠯᠡᠨ ᠨᠢᠭᠡ ᠢᠨᠢᠶᠡᠮᠰᠦᠭᠯᠡᠯ ᠴᠢᠷᠠᠶ ᠵᠢᠨ ᠵᠢᠷᠤᠭ ᠢ᠋ ᠭᠠᠷᠭᠠᠨ ᠦᠵᠡᠭᠦᠯᠪᠡ᠃ ᠡᠵᠢ ᠨᠢ ᠬᠡᠦᠬᠡᠳ᠎ᠦᠨ᠎ᠢᠶᠡᠨ ᠲᠣᠯᠣᠭᠠᠢ᠎ᠶ᠋ᠢ ᠢᠯᠢᠨ ᠮᠠᠭ᠍ᠲᠠᠬᠤ᠎ᠶ᠋ᠢᠨ ᠳᠠᠭᠠᠤ ᠰᠤᠷᠪᠤᠯᠵᠢᠯᠠᠭ᠍ᠴᠢ ᠳ᠋ᠤ᠄ 《ᠮᠢᠨᠦ ᠶᠡᠬᠡ ᠬᠦᠦ ᠬᠠᠮᠤᠭ᠎ᠡᠴᠡ ᠴᠣᠪᠣᠭᠣ ᠳᠡᠭ᠌ᠵᠢᠨ ᠰᠢᠦ!》 ᠭᠡᠪᠡ᠃ ᠤᠳᠠᠯ ᠦᠭᠡᠢ ᠬᠣᠶᠠᠳᠤᠭᠠᠷ᠂ ᠭᠤᠷᠪᠠᠳᠤᠭᠠᠷ ᠬᠦᠦ ᠨᠢ ᠪᠠᠰᠠ ᠬᠠᠷᠢᠵᠤ ᠢᠷᠡᠪᠡ᠂ ᠰᠤᠷᠪᠤᠯᠵᠢᠯᠠᠭ᠍ᠴᠢ᠎ᠲᠠᠶ ᠠᠭᠤᠯᠵᠠᠮᠠᠭᠴᠠ᠂ ᠬᠡᠦᠬᠡᠳ᠎ᠦᠳ ᠶᠣᠰᠣᠷᠬᠠᠭ᠎ᠢᠶᠠᠷ 《ᠠᠨᠢᠶ᠎ᠠ ᠰᠠᠢ᠌ᠨ ᠪᠠᠢᠨ᠎ᠠ ᠦᠦ》 ᠭᠡᠵᠦ ᠮᠡᠨᠳᠦᠴᠢᠯᠡᠪᠡ᠃ ᠴᠡᠪᠡᠷ ᠴᠡᠮᠴᠡᠭᠡᠷ ᠬᠤᠪᠴᠠᠰᠤ᠂ ᠴᠡᠪᠡᠷ ᠴᠡᠮᠴᠡᠭᠡᠷ ᠨᠢᠭᠤᠷ ᠴᠢᠷᠠᠢ᠂ ᠨᠢᠳᠦᠨ ᠡᠮᠦᠨᠡᠬᠢ ᠬᠡᠦᠬᠡᠳ᠎ᠦᠳ ᠴᠣᠭ ᠪᠠᠳᠠᠷᠠᠩᠭᠤᠶ ᠪᠠᠢᠯ᠎ᠠ ᠁

ᠮᠠᠰᠢ ᠣᠯᠠᠨ ᠵᠣᠯ ᠵᠢᠷᠭᠠᠯᠲᠤ ᠬᠡᠷ ᠪᠦᠯᠢ᠎ᠶ᠋ᠢᠨ ᠬᠡᠦᠬᠡᠳ᠎ᠤᠳ᠎ᠤᠨ ᠰᠤᠷᠭᠠᠭᠤᠯᠢ ᠲᠠᠷᠬᠠᠭᠠᠳ ᠬᠡᠷ᠎ᠲᠡᠬᠡᠨ ᠬᠠᠷᠢᠵᠦ ᠢᠷᠡᠬᠦ ᠦᠶ᠎ᠡ ᠵᠢᠨ ᠬᠠᠯᠠᠭᠤᠨ ᠳᠤᠯᠠᠭᠠᠨ ᠪᠠᠶᠠᠷ ᠪᠠᠶᠠᠰᠭᠤᠯᠠᠩᠲᠤ ᠦᠵᠡᠭ᠌ᠳᠡᠯ᠎ᠨᠢ ᠬᠥᠬᠡᠬᠣᠲᠠ᠎ᠶ᠋ᠢᠨ ᠬᠡᠦᠬᠡᠳ᠎ᠦᠨ ᠠᠰᠠᠷᠠᠮᠵᠢ᠎ᠶ᠋ᠢᠨ ᠬᠦᠷᠢᠶᠡᠯᠡᠩ᠎ᠦᠨ ᠳᠠᠭᠤᠷᠢᠶᠠᠮᠠᠯ ᠬᠡᠷ ᠪᠦᠯᠢ᠎ᠳ᠋ᠤ ᠢᠯᠡᠷᠡᠪᠡ᠃

ᠥᠨᠥᠴᠢᠨ ᠵᠡᠮᠳᠡᠭ ᠬᠡᠦᠬᠡᠳ᠎ᠤ᠋ᠳ ᠲᠤ᠌ ᠡᠯᠢᠭᠡ ᠪᠦᠳᠦᠨ ᠬᠡᠷ ᠪᠦᠯᠢ᠎ᠶ᠋ᠢᠨ ᠠᠭᠤᠷ ᠠᠮᠢᠰᠭᠤᠯ᠎ᠢ ᠮᠡᠳᠡᠷᠡᠬᠦᠯᠦᠨ᠂ ᠲᠡᠳᠡᠨ᠎ᠳᠦ ᠬᠡᠷ ᠪᠦᠯᠢ᠎ᠶ᠋ᠢᠨ ᠬᠠᠯᠠᠭᠤᠨ ᠳᠤᠯᠠᠭᠠᠨ᠎ᠢ ᠮᠡᠳᠡᠷᠡᠭᠦᠯᠵᠦ᠍᠂ ᠡᠩ᠎ᠦᠨ ᠬᠡᠦᠬᠡᠳ ᠲᠠᠢ ᠠᠳᠠᠯᠢ ᠪᠡᠷ ᠦᠰᠦᠨ ᠪᠣᠢᠵᠢᠭᠤᠯᠬᠤ᠎ᠶ᠋ᠢᠨ ᠲᠥᠯᠥᠭᠡ᠂ 2009 ᠣᠨ᠎ᠤ ᠰᠡᠭᠦᠯᠴᠢ᠎ᠡᠴᠡ ᠡᠬᠢᠯᠡᠨ᠂ ᠬᠥᠬᠡᠬᠣᠲᠠ᠎ᠶ᠋ᠢᠨ ᠬᠡᠦᠬᠡᠳ᠎ᠦᠨ ᠠᠰᠠᠷᠠᠮᠵᠢ᠎ᠶ᠋ᠢᠨ ᠬᠦᠷᠢᠶᠡᠯᠡᠩ ᠳᠠᠭᠤᠷᠢᠶᠠᠮᠠᠯ ᠬᠡᠷ ᠪᠦᠯᠢ᠎ᠶ᠋ᠢᠨ ᠲᠥᠷᠥᠯ ᠵᠦᠶ᠋ᠯ᠎ᠢ ᠥᠷᠨᠢᠭᠦᠯᠪᠡ᠃

8 ᠬᠣᠣᠰ ᠡᠴᠢᠭᠡ ᠡᠬᠡ᠂ 32 ᠬᠡᠦᠬᠡᠳ ᠬᠠᠮᠳᠤ ᠪᠡᠷ 8 ᠭᠡᠷ ᠪᠦᠯᠢ ᠵᠢ ᠵᠣᠬᠢᠶᠠᠨ ᠪᠠᠢᠭᠤᠯᠪᠠ᠃ ᠨᠢᠭᠡ ᠬᠤᠤᠰ ᠡᠷ᠎ᠡ ᠡᠮ᠎ᠡ 4 ᠥᠨᠥᠴᠢᠨ ᠵᠡᠮᠳᠡᠭ ᠬᠡᠦᠬᠡᠳ᠎ᠢ ᠥᠰᠭᠡᠨ ᠪᠣᠢᠵᠢᠭᠤᠯᠵᠤ᠂ ᠠᠪᠤ ᠨᠢ ᠡᠳᠦᠷ᠎ᠲᠡᠬᠡᠨ ᠭᠠᠳᠠᠭ᠍ᠰᠢ ᠭᠠᠷᠴᠤ᠌ ᠠᠵᠢᠯᠯᠠᠵᠤ᠂ ᠠᠵᠢᠯ᠎ᠡᠴᠡ᠎ᠪᠠᠨ ᠪᠠᠭᠤᠪᠠᠯ ᠭᠡᠷ᠎ᠲᠡᠬᠡᠨ ᠬᠠᠷᠢᠵᠤ᠂ ᠡᠵᠢ ᠨᠢ ᠭᠡᠷ᠎ᠲᠡᠬᠡᠨ ᠡᠳᠦᠷ ᠲᠤᠵᠢ ᠬᠡᠦᠬᠡᠳ ᠲᠡᠬᠡᠨ ᠪᠠᠷ᠎ᠠ ᠪᠤᠯᠵᠤ᠂ ᠡᠳᠦᠷ᠎ᠦᠨ ᠭᠤᠷᠪᠠᠨ ᠴᠠᠭ᠎ᠤᠨ ᠬᠣᠭᠣᠯᠠ ᠪᠡᠯᠡᠳᠬᠡᠨ᠂ ᠬᠤᠪᠴᠠᠰᠤ ᠬᠤᠨᠠᠷ ᠤᠬᠢᠶᠠᠵᠤ᠂ ᠬᠡᠦᠬᠡᠳ᠎ᠦᠳ᠎ᠢᠶᠡᠨ ᠬᠠᠷᠠᠭᠠᠯᠵᠠᠵᠤ ᠪᠠᠢᠳᠠᠭ᠃ ᠠᠪᠤ ᠡᠵᠢ ᠨᠢ ᠬᠡᠳᠦᠢᠪᠡᠷ ᠬᠡᠦᠬᠡᠳ ᠤ᠋ᠳ᠎ᠲᠡᠶ ᠪᠡᠨ ᠴᠢᠰᠤᠨ ᠲᠥᠷᠥᠯ᠎ᠦᠨ ᠬᠠᠷᠢᠴᠠᠭ᠎ᠠ ᠦᠭᠡᠶ ᠪᠣᠯᠪᠠᠴᠤ᠌᠂ ᠬᠠᠷᠢᠨ ᠨᠢᠭᠡᠨ ᠡᠯᠢᠭᠡ ᠪᠦᠲᠦᠨ᠂ ᠳᠤᠯᠠᠭᠠᠬᠠᠨ ᠭᠡᠷ ᠪᠦᠯᠢ᠎ᠶᠢ ᠪᠤᠢ ᠪᠤᠯᠭᠠᠵᠤ᠂ ᠬᠡᠦᠬᠡᠳ᠎ᠤ᠋ᠳ ᠲᠤ᠌ ᠬᠠᠢᠷ᠎ᠠ ᠬᠠᠯᠠᠮᠵᠢ ᠪᠠ ᠠᠮᠤᠷ ᠲᠦᠪᠱᠢᠨ ᠢ᠋ ᠤᠯᠭᠤᠪᠠ᠃ ᠤᠳᠠᠭᠠᠨ ᠡᠳᠦᠷ ᠵᠤᠵᠠᠭᠠᠨ ᠬᠣᠨᠣᠭ ᠲᠤ᠌᠂ ᠥᠰᠭᠡᠵᠦ᠍ ᠬᠥᠮᠦᠵᠢᠭᠦᠯᠦᠭ᠌ᠰᠡᠨ ᠠᠴᠢ᠂ ᠬᠠᠨᠢᠯᠠᠭ᠍ᠰᠠᠨ ᠬᠠᠢᠷ᠎ᠠ ᠰᠡᠳᠭᠢᠯ ᠨᠢ ᠴᠢᠰᠤᠨ ᠲᠥᠷᠥᠯ᠎ᠦᠨ ᠪᠠᠷᠢᠯᠳᠤᠯᠭ᠎ᠠ᠎ᠡᠴᠡ ᠠᠯᠢ ᠡᠷᠲᠡ ᠳᠠᠪᠠᠭᠰᠠᠨ ᠪᠠᠢᠨ᠎ᠠ᠃

《ᠪᠠᠭ᠎ᠠ ᠬᠦᠦ ᠮᠢᠨᠢ ᠡᠨᠡ ᠬᠣᠶᠠᠷ ᠡᠳᠦᠷ ᠭᠡᠷ ᠲᠤ᠌ ᠦᠭᠡᠢ᠂ ᠲᠡᠷᠡ ᠬᠠᠮᠤᠭ ᠡᠴᠡ ᠰᠡᠴᠡᠨ ᠰᠡᠷᠭᠦᠯᠡᠩ᠂ ᠦᠭᠡ ᠬᠡᠯᠡᠬᠦ᠌ ᠨᠢ ᠪᠠᠰᠠ ᠤᠷᠤᠰᠤᠮ᠎ᠠ ᠲᠤᠳᠤ᠂ ᠪᠢ ᠲᠡᠭᠦᠨ᠎ᠢ 1 ᠨᠠᠰᠤ᠎ᠡᠴᠡ ᠨᠢ ᠡᠬᠢᠯᠡᠵᠦ ᠲᠡᠵᠢᠭᠡᠵᠡᠢ᠂ ᠤᠳᠤ 4 ᠨᠠᠰᠤ ᠬᠠᠭᠠᠰ ᠪᠣᠯᠵᠠᠢ᠂ ᠡᠳᠦᠷ ᠪᠦᠷᠢ ᠨᠠᠳᠠ᠎ᠲᠠᠶ ᠤᠨᠲᠠᠨ᠎ᠠ ᠁》᠃ ᠡᠨᠡ 4 ᠬᠡᠦᠬᠡᠳ ᠢ᠋ ᠵᠢᠶᠠ ᠶᠦᠨ ᠵᠧᠨ ᠰᠠᠢᠨ ᠤᠢᠯᠠᠭᠠᠨ᠎ᠠ᠃ ᠱᠠᠹᠠ᠎ᠶ᠋ᠢᠨ ᠠᠷᠤ ᠲᠠᠯ᠎ᠠ᠎ᠵᠢᠨ ᠬᠡᠷᠡᠮ ᠲᠡᠭᠡᠷ᠎ᠡ᠂ ᠬᠣᠶᠠᠷ ᠵᠢᠯ᠎ᠦᠨ ᠡᠮᠦᠨ᠎ᠡ ᠰᠡᠭᠦᠳᠡᠷᠯᠡᠭ᠌ᠰᠡᠨ ᠨᠢᠭᠡ ᠭᠡᠷ᠎ᠦᠨ ᠵᠢᠷᠭᠤᠭᠠᠨ ᠬᠥᠮᠦᠨ᠎ᠦ ᠭᠡᠷ ᠬᠤᠲᠠᠯᠠᠭᠠᠷ ᠎ᠤᠨ ᠵᠢᠷᠤᠭ ᠡᠯᠭᠦᠭᠡᠰᠦᠳᠡᠢ ᠪᠠᠢᠵᠤ᠂ ᠠᠪᠤ ᠡᠵᠢ ᠨᠢ ᠭᠤᠷᠪᠠᠳᠤᠭᠠᠷ ᠬᠦᠦ ᠪᠤᠯᠤᠨ ᠪᠠᠭ᠎ᠠ ᠬᠦᠦ ᠪᠡᠨ ᠲᠡᠪᠡᠷᠢᠵᠦ᠂ ᠭᠤᠷᠪᠠᠳᠤᠭᠠᠷ ᠬᠦᠦ ᠪᠤᠯᠤᠨ ᠪᠠᠭ᠎ᠠ ᠬᠦᠦ ᠨᠢ ᠪᠦᠷ 4 ᠨᠠᠰᠤ ᠬᠠᠭᠠᠰ᠂ ᠬᠠᠵᠠᠭᠤ᠎ᠳᠤᠨᠢ ᠰᠠᠭᠤᠵᠤ ᠪᠠᠢᠭ᠎ᠠ ᠨᠢ ᠶᠡᠬᠡ ᠬᠦᠦ ᠪᠤᠯᠤᠨ ᠬᠣᠶᠠᠳᠤᠭᠠᠷ ᠬᠦᠦ ᠨᠢ ᠪᠠᠢᠵᠤ᠂ ᠡᠨᠡ ᠵᠢᠯ ᠪᠦᠷ 8 ᠨᠠᠰᠤᠲᠠᠢ ᠪᠤᠯᠵᠠᠢ᠃

ᠶᠡᠬᠡ ᠬᠡᠤᠬᠡᠳ ᠨᠢ ᠤᠷᠤᠭᠤᠯ ᠲᠠᠩᠨᠠᠢ ᠵᠢᠨ ᠰᠡᠲᠡᠷᠬᠡᠢ᠎ᠡᠴᠡ ᠪᠣᠯᠵᠤ ᠭᠣᠯᠣᠭ᠍ᠳᠠᠨ ᠤᠷᠬᠢᠭᠳᠠᠵᠠᠢ᠂ ᠬᠣᠶᠠᠳᠤᠭᠠᠷ ᠬᠡᠤᠬᠡᠳ ᠨᠢ ᠠᠰᠠᠷᠠᠨ ᠲᠡᠵᠢᠭᠡᠬᠦ᠌ ᠬᠥᠮᠦᠨ ᠦᠭᠡᠢ ᠬᠦᠴᠢᠷᠳᠡᠯᠲᠡᠢ ᠬᠡᠦᠬᠡᠳ᠂ ᠭᠤᠷᠪᠠᠳᠤᠭᠠᠷ ᠬᠡᠤᠭᠡᠳ ᠨᠢ ᠭᠣᠯᠣᠭ᠍ᠳᠠᠨ ᠤᠷᠬᠢᠭᠳᠠᠵᠠᠢ᠂ ᠤᠳᠬᠤᠨ ᠬᠦᠦ ᠨᠢ ᠲᠠᠷᠢᠬᠢᠨ᠎ᠳᠤᠨᠢ ᠤᠰᠤ ᠬᠤᠷᠠᠭ᠍ᠰᠠᠨ᠎ᠡᠴᠡ ᠪᠣᠯᠵᠤ ᠭᠣᠯᠣᠭ᠍ᠳᠠᠨ ᠤᠷᠬᠢᠭᠳᠠᠵᠦ᠂ ᠪᠠᠭ᠎ᠠ᠎ᠡᠴᠡ᠎ᠪᠠᠨ ᠪᠡᠶ᠎ᠡ ᠬᠦᠷᠪᠡᠵᠦ ᠳᠡᠢᠯᠬᠦ ᠦᠭᠡᠢ᠂ ᠶᠡᠬᠡ ᠬᠥᠳᠡᠯᠭᠡᠭᠡᠨ ᠨᠢ ᠬᠦᠨᠳᠦ ᠨᠣᠴᠢᠲᠠᠢ ᠬᠤᠵᠢᠮᠲᠠᠵᠤ᠂ ᠡᠵᠢ ᠵᠢᠶᠠ ᠶᠦᠨ ᠵᠸᠨ᠎ᠤ ᠰᠡᠳᠭᠢᠯ᠎ᠦᠨ ᠡᠪᠡᠳᠴᠢᠨ ᠪᠣᠯᠵᠠᠢ᠃ ᠪᠤᠰᠤᠳ ᠬᠡᠦᠬᠡᠳ ᠭᠦᠶᠦᠵᠦ᠍ ᠴᠢᠳᠠᠨ᠎ᠠ ᠦᠰᠦᠷᠴᠦ᠍ ᠴᠦ᠍ ᠴᠢᠳᠠᠨ᠎ᠠ᠂ ᠲᠡᠷᠡ ᠵᠦᠪᠬᠡᠨ ᠮᠥᠯᠬᠥᠵᠦ᠍ ᠯᠡ ᠴᠢᠳᠠᠨ᠎ᠠ᠂ ᠬᠣᠶᠠᠷ ᠡᠪᠦᠳᠦᠭ ᠨᠢ ᠤᠯᠠᠢᠵᠤ ᠰᠢᠷᠬᠠᠳᠤᠭᠰᠠᠨ᠎ᠢ ᠡᠵᠢ ᠨᠢ ᠬᠠᠷᠠᠭᠠᠳ ᠵᠢᠷᠦᠬᠡ ᠨᠢ ᠡᠪᠡᠳᠳᠡᠭ᠃ ᠠᠰᠠᠷᠠᠮᠵᠢ᠎ᠶ᠋ᠢᠨ ᠬᠦᠷᠢᠶᠡᠯᠡᠩ ᠪᠡᠭᠡᠵᠢᠩ᠎ᠦᠨ ᠡᠮᠨᠡᠯᠭᠡ᠎ᠶ᠋ᠢᠨ ᠬᠣᠷᠢᠶ᠎ᠠ ᠲᠠᠢ ᠵᠣᠬᠢᠴᠠᠭᠤᠯᠵᠤ᠂ ᠤᠳᠬᠤᠨ ᠬᠦᠦ᠎ᠳᠦᠨᠢ ᠬᠡᠲᠦ ᠤᠳᠠᠭᠠᠨ᠎ᠤ ᠮᠡᠰᠡ ᠵᠠᠰᠠᠯ ᠬᠢᠵᠦ᠍ ᠥᠭ᠌ᠭᠦᠭ᠌ᠰᠡᠨ᠎ᠦ ᠳᠠᠷᠠᠭ᠎ᠠ᠂ ᠤᠳᠬᠤᠨ ᠬᠦᠦ᠎ᠶ᠋ᠢᠨ ᠬᠢᠨᠢ ᠪᠠᠢᠳᠠᠯ ᠮᠠᠰᠢ ᠶᠡᠬᠡ ᠰᠠᠢᠵᠢᠷᠠᠯᠲᠠ᠎ᠲᠠᠶ ᠪᠣᠯᠵᠠᠶ᠃ ᠤᠳᠬᠤᠨ ᠬᠦᠦ᠎ᠶ᠋ᠢᠨ᠎ᠵᠢᠡᠨ ᠳᠣᠣᠷᠠᠳᠤ ᠮᠥᠴᠢ᠎ᠶ᠋ᠢᠨ ᠬᠦᠴᠦ᠎ᠵᠢ ᠪᠣᠯᠪᠠᠰᠤᠷᠠᠭᠤᠯᠬᠤ᠎ᠶ᠋ᠢᠨ ᠲᠥᠯᠥᠭᠡ᠂ ᠠᠪᠤ ᠨᠢ ᠡᠳᠦᠷ ᠪᠦᠷᠢ ᠠᠵᠢᠯ᠎ᠡᠴᠡ᠎ᠪᠠᠨ ᠪᠠᠭᠤᠭᠠᠳ ᠬᠠᠷᠢᠵᠤ ᠢᠷᠡᠪᠡᠯ ᠲᠡᠭᠦᠨ᠎ᠢ ᠳᠠᠭᠠᠭᠤᠯᠤᠨ ᠬᠡᠷᠡᠰᠭᠡ ᠪᠠᠷᠢᠵᠤ ᠱᠠᠲᠤ ᠠᠪᠠᠷᠢᠳᠠᠭ᠃

《ᠡᠮᠦᠨ᠎ᠡ ᠬᠡᠰᠡᠭ ᠬᠤᠭᠤᠴᠠᠭᠠᠨ᠎ᠳᠤ᠂ ᠰᠠᠨᠳᠠᠯᠢ᠎ᠶ᠋ᠢ ᠲᠦᠱᠢᠭᠡᠳ ᠠᠯᠬᠤᠵᠤ ᠳᠡᠢᠯᠬᠦ᠌ ᠪᠣᠯᠵᠠᠢ᠂ ᠰᠡᠭᠦᠯᠡᠷ᠎ᠨᠢ ᠮᠢᠨᠦ᠍ ᠨᠢᠭᠡ ᠬᠤᠷᠤᠭᠤ᠎ᠶ᠋ᠢ ᠪᠠᠷᠢᠭᠠᠳ ᠠᠯᠬᠤᠵᠤ ᠳᠡᠢᠯᠬᠦ᠌ ᠪᠣᠯᠵᠠᠢ᠂ 5 ᠰᠠᠷ᠎ᠠ᠎ᠶ᠋ᠢᠨ 18᠎ᠤ᠋ ᠡᠳᠦᠷ᠂ ᠠᠰᠠᠷᠠᠮᠵᠢ᠎ᠶ᠋ᠢᠨ ᠬᠦᠷᠢᠶᠡᠯᠡᠩ ᠡᠴᠡ ᠳᠠᠬᠢᠨᠲᠠ ᠤᠳᠬᠤᠨ ᠬᠦᠦ᠎ᠶ᠋ᠢ ᠡᠮᠨᠡᠯᠭᠡ᠎ᠳᠦ ᠬᠦᠷᠭᠡᠵᠦ᠍ ᠡᠷᠡᠭᠦᠯᠵᠢᠭᠦᠯᠬᠦ᠌ ᠪᠣᠯᠪᠠᠰᠤᠷᠠᠯ ᠬᠢᠯᠭᠡᠵᠡᠢ᠂ ᠲᠡᠷᠡ ᠤᠳᠤ ᠶᠠᠭᠤᠮ᠎ᠠ ᠪᠠᠷᠢᠬᠤ ᠦᠭᠡᠢ᠎ᠪᠡᠷ ᠠᠯᠬᠤᠵᠤ ᠳᠡᠢᠯᠬᠦ᠌ ᠪᠣᠯᠤᠭᠰᠠᠨ ᠰᠢᠤ!》 ᠭᠡᠵᠦ ᠵᠢᠶᠠ ᠶᠦᠨ ᠵᠧᠨ ᠶᠡᠬᠡᠲᠡ ᠪᠠᠶᠠᠷᠯᠠᠨ ᠬᠡᠯᠡᠪᠡ᠃

ᠬᠡᠦᠬᠡᠳ᠎ᠦᠳ᠎ᠦᠨ ᠪᠣᠰᠭᠤ᠂ ᠤᠬᠢᠶᠠᠵᠤ ᠴᠡᠪᠡᠷᠯᠡᠬᠦ᠌᠂ ᠰᠤᠷᠭᠠᠭᠤᠯᠢ᠎ᠳᠠᠭᠠᠨ ᠤᠴᠢᠬᠤ᠎ᠡᠴᠡ ᠠᠪᠤᠭᠠᠳ ᠬᠤᠪᠴᠠᠰᠤ ᠬᠤᠨᠠᠷ᠎ᠢ ᠨᠢ ᠤᠬᠢᠶᠠᠬᠤ᠂ ᠴᠡᠪᠡᠷᠯᠡᠭᠡ ᠬᠢᠬᠦ᠌᠂ ᠭᠡᠷ᠎ᠲᠡᠷᠭᠡ ᠪᠠᠨ ᠲᠡᠭ᠌ᠰᠢᠯᠡᠬᠦ᠌᠂ ᠳᠠᠰᠭᠠᠯ᠎ᠢ ᠨᠢ ᠵᠢᠯᠣᠭᠣᠳᠭᠤ ᠬᠦᠷᠲᠡᠯ᠎ᠡ ᠁ ᠵᠢᠶᠠ ᠶᠦᠨ ᠵᠧᠨ ᠡᠳᠦᠷ ᠪᠦᠷᠢ᠎ᠮᠠᠰᠢ ᠶᠠᠭᠠᠷᠠᠤ ᠪᠤᠯᠪᠠᠴᠤ ᠬᠠᠷᠢᠨ ᠮᠠᠰᠢ ᠵᠣᠯ ᠵᠢᠷᠭᠠᠯ᠎ᠲᠠᠶ ᠰᠠᠨᠠᠭ᠍ᠳᠠᠨ᠎ᠠ᠃

ᠡᠳᠦᠷ ᠲᠤᠲᠤᠮ᠎ᠤᠨ ᠠᠰᠠᠷᠠᠨ ᠬᠠᠷᠠᠭᠠᠯᠵᠠᠬᠤ᠎ᠡᠴᠡ ᠭᠠᠳᠠᠨ᠎ᠠ᠂ ᠵᠢᠶᠠ ᠶᠦᠨ ᠵᠧᠨ ᠪᠠᠰᠠ ᠬᠡᠦᠬᠡᠳ᠎ᠤᠳ᠎ᠦᠨ ᠦᠢᠯᠡ ᠠᠵᠢᠯᠯᠠᠭ᠎ᠠ᠎ᠶ᠋ᠢᠨ ᠳᠠᠳᠭᠠᠯ᠎ᠢ ᠬᠥᠮᠦᠵᠢᠭᠦᠯᠬᠦ᠌᠎ᠶ᠋ᠢ ᠣᠨᠴᠠᠭᠠᠢ ᠴᠢᠬᠤᠯᠠᠴᠢᠯᠠᠳᠠᠭ᠃ 《ᠪᠢ ᠲᠡᠳᠡᠨ᠎ᠢ ᠰᠤᠷᠭᠠᠭᠤᠯᠢ ᠲᠠᠷᠬᠠᠭᠠᠳ ᠬᠠᠷᠢᠵᠤ ᠢᠷᠡᠪᠡᠯ ᠳᠠᠰᠭᠠᠯ᠎ᠢᠶᠠᠨ ᠬᠢᠵᠦ᠍᠂ ᠳᠠᠰᠭᠠᠯ᠎ᠢᠶᠠᠨ ᠬᠢᠵᠦ᠍ ᠪᠠᠷᠠᠭᠠᠳ᠂ ᠬᠣᠭᠣᠯᠠ᠎ᠪᠠᠨ ᠢᠳᠡᠵᠦ᠍ ᠪᠠᠷᠠᠭᠠᠳ᠂ ᠠᠪᠤ ᠨᠢ ᠬᠠᠷᠢᠵᠤ ᠢᠷᠡᠪᠡᠯ᠂ ᠪᠢᠳᠡ ᠬᠡᠤᠬᠡᠳ ᠤ᠋ᠳ᠎ᠢᠶᠡᠨ ᠳᠠᠭᠠᠭᠤᠯᠵᠤ ᠬᠦᠷᠢᠶᠡᠯᠡᠩ ᠳᠣᠲᠣᠷᠠᠬᠢ ᠡᠯᠡᠰᠦᠨ ᠨᠦᠬᠡ ᠪᠣᠯᠤᠨ ᠵᠤᠭ᠎ᠠ ᠴᠡᠩᠭᠡᠯ᠎ᠦᠨ ᠭᠠᠵᠠᠷ᠎ᠲᠤ ᠣᠴᠢᠵᠤ ᠨᠠᠭᠠᠳᠳᠠᠭ᠃ ᠡᠳᠦᠷ ᠪᠦᠷᠢ ᠠᠪᠤ ᠨᠢ ᠬᠠᠷᠢᠵᠤ ᠢᠷᠡᠬᠦ ᠨᠢ ᠲᠡᠳᠡᠨ᠎ᠦ ᠬᠠᠮᠤᠭ᠎ᠤᠨ ᠪᠠᠶᠠᠷᠲᠠᠶ ᠴᠠᠭ ᠮᠦᠴᠡ᠂ ᠬᠡᠦᠬᠡᠳ᠎ᠤᠳ ᠠᠪᠤ᠎ᠪᠠᠨ ᠲᠣᠭᠣᠷᠢᠭᠠᠳ ᠬᠦᠶᠦᠯᠳᠦᠨ᠂ ᠬᠦᠵᠦᠭᠦᠨ᠎ᠳᠦᠨᠢ ᠳᠡᠭᠦᠵᠢᠯᠡᠭ᠌ᠳᠡᠭᠡᠳ ᠪᠠᠭᠤᠵᠤ ᠢᠷᠡᠬᠦ᠌ ᠲᠤᠷ᠎ᠡ ᠥᠬᠡᠶ ᠪᠠᠢᠳᠠᠭ ᠡ》 ᠭᠡᠵᠦ ᠵᠢᠶᠠ ᠡᠵᠢ ᠢᠨᠢᠶᠡᠮᠰᠦᠭ᠌ᠯᠡᠨ ᠬᠡᠯᠡᠨ᠎ᠡ᠃

ᠬᠡᠦᠬᠡᠳ᠎ᠦᠨ ᠪᠡᠶ᠎ᠡ᠎ᠪᠡᠨ ᠳᠠᠭᠠᠭᠠᠬᠤ ᠴᠢᠳᠠᠪᠤᠷᠢ᠂ ᠲᠠᠨᠢᠨ ᠮᠡᠳᠡᠬᠦᠶ᠎ᠶ᠋ᠢᠨ ᠬᠢᠷᠢ ᠲᠦᠪᠱᠢᠨ᠂ ᠵᠠᠩ ᠠᠭᠠᠰᠢ ᠰᠡᠳᠭᠢᠴᠡ᠎ᠶ᠋ᠢᠨ ᠪᠠᠢᠳᠠᠯ᠎ᠤᠨ ᠵᠢᠵᠢᠭ ᠰᠠᠵᠢᠭ ᠳᠠᠪᠱᠢᠯᠲᠠ᠎ᠶ᠋ᠢ ᠡᠵᠡᠮᠳᠡᠬᠦ᠌᠎ᠶ᠋ᠢᠨ ᠲᠥᠯᠥᠭᠡ᠂ ᠦᠰᠦᠨ ᠪᠣᠢᠵᠢᠯᠲᠠ ᠬᠤᠪᠢᠷᠠᠯᠲᠠ᠎ᠶ᠋ᠢ ᠬᠥᠳᠡᠯᠦᠩᠭᠦᠶ᠎ᠪᠡᠷ ᠮᠥᠷᠳᠡᠵᠦ᠍᠂ ᠬᠡᠦᠬᠡᠳ᠎ᠦᠨ ᠠᠩᠬᠠᠨ᠎ᠤ ᠦᠶ᠎ᠡ᠎ᠶ᠋ᠢᠨ ᠬᠠᠢᠷ᠎ᠠ ᠰᠡᠳᠭᠢᠯᠭᠡ᠎ᠶ᠋ᠢ ᠪᠣᠢᠵᠢᠭᠤᠯᠬᠤ ᠪᠠ ᠪᠡᠶ᠎ᠡ ᠰᠡᠳᠭᠢᠯ᠎ᠦᠨ ᠬᠥᠭ᠌ᠵᠢᠯᠲᠡ᠎ᠶ᠋ᠢ ᠨᠠᠷᠢᠨ ᠣᠨᠣᠪᠴᠢᠲᠠᠶ᠎ᠪᠠᠷ ᠰᠠᠬᠢᠨ ᠬᠠᠮᠠᠭᠠᠯᠠᠪᠠ᠃ ᠬᠦᠷᠢᠶᠡᠯᠡᠩ᠎ᠳᠦ ᠪᠠᠰᠠ ᠲᠣᠭ᠍ᠲᠠᠭ᠍ᠰᠠᠨ ᠬᠤᠭᠤᠴᠠᠭ᠎ᠠ᠎ᠲᠠᠶ᠎ᠪᠠᠷ ᠡᠴᠢᠭᠡ ᠡᠬᠡ ᠦᠷ᠎ᠡ ᠬᠡᠦᠬᠡᠳ᠎ᠦᠨ ᠭᠤᠤᠯ ᠰᠡᠳᠦᠪᠲᠦ ᠠᠵᠢᠯᠯᠠᠭ᠎ᠠ ᠥᠷᠨᠢᠭᠦᠯᠵᠦ᠍᠂ 《ᠬᠡᠷ ᠪᠦᠯᠢ᠎ᠶ᠋ᠢᠨ ᠴᠠᠭ ᠮᠥᠴᠡ》᠎ᠶ᠋ᠢᠨ ᠲᠡᠮᠳᠡᠭ᠌ᠯᠡᠯ᠎ᠦᠨ ᠳᠡᠪᠲᠡᠷ᠎ᠢ ᠵᠣᠬᠢᠶᠠᠵᠤ᠂ ᠬᠡᠦᠬᠡᠳ᠎ᠤᠨ ᠦᠰᠦᠨ ᠪᠣᠢᠵᠢᠯᠲᠠ᠎ᠵᠢ ᠲᠡᠮᠲᠡᠭᠯᠡᠪᠡ᠃

《ᠤᠯᠠᠮᠵᠢᠯᠠᠯᠲᠤ ᠭᠡᠷ ᠪᠦᠯᠢ᠎ᠶᠢᠨ ᠠᠰᠠᠷᠠᠨ ᠬᠠᠷᠠᠭᠠᠯᠵᠠᠬᠤ᠎ᠶᠢᠨ ᠬᠢᠵᠠᠭᠠᠷᠳᠠᠮᠠᠯ ᠴᠢᠨᠠᠷ᠎ᠢ ᠡᠪᠳᠡᠵᠦ᠂ ᠠᠰᠠᠷᠠᠨ ᠬᠠᠷᠠᠭᠠᠯᠵᠠᠬᠤ ᠬᠡᠪ ᠴᠢᠨᠠᠷ᠎ᠢ ᠤᠯᠠᠮ ᠨᠢᠭᠡ ᠠᠯᠬᠤᠮ ᠳᠡᠭᠡᠭᠰᠢᠯᠡᠭᠦᠯᠭᠦ᠎ᠶᠢᠨ ᠲᠥᠯᠥᠭᠡ᠂ ᠪᠢᠳᠡ ᠨᠠᠮ᠎ᠤᠨ ᠭᠡᠰᠢᠭᠦᠨ᠂ ᠨᠡᠢᠭᠡᠮ᠎ᠦᠨ ᠠᠵᠢᠯᠲᠠᠨ᠂ ᠡᠷᠡᠭᠦᠯᠵᠢᠯ᠎ᠦᠨ ᠪᠠᠭ᠍ᠰᠢ ᠵᠡᠷᠭᠡ ᠭᠤᠷᠪᠠᠨ ᠲᠠᠯ᠎ᠠ᠎ᠶᠢᠨ ᠬᠠᠮᠵᠢᠯᠴᠠᠨ ᠣᠷᠤᠯᠴᠠᠬᠤ ᠲᠣᠭᠲᠡᠴᠡ᠎ᠶᠢ ᠣᠷᠣᠭᠤᠯᠤᠨ ᠠᠪᠴᠢᠷᠠᠵᠤ᠂ ᠬᠠᠢᠷ᠎ᠠ ᠰᠡᠳᠬᠢᠯᠭᠡ᠎ᠶᠢᠨ ᠬᠠᠪᠰᠤᠷᠤᠯᠭ᠎ᠠ ᠳᠡᠮᠵᠢᠯᠭᠡ᠂ ᠲᠤᠰᠬᠠᠢ ᠮᠡᠷᠭᠡᠵᠢᠯ᠎ᠦᠨ ᠨᠠᠷᠢᠯᠢᠭ᠋ ᠬᠠᠷᠠᠭᠠᠯᠵᠠᠯ᠂ ᠦᠰᠦᠨ ᠪᠤᠶ᠋ᠢᠵᠢᠯᠲᠠ ᠳ᠋ᠤ ᠡᠨ᠋ᠸᠷᠬᠢ ᠤᠯᠭᠤᠬᠤ ᠵᠡᠷᠭᠡ ᠭᠤᠷᠪᠠᠨ ᠲᠠᠯ᠎ᠠ᠎ᠡᠴᠡ ᠡᠳᠦᠷ ᠲᠤᠲᠤᠮ᠎ᠤᠨ ᠲᠠᠩ ᠭᠠᠭᠴᠠ ᠠᠰᠠᠷᠠᠨ ᠬᠠᠷᠠᠭᠠᠯᠵᠠᠬᠤ᠎ᠶᠢ ᠪᠣᠰᠣᠭ᠎ᠠ ᠴᠣᠭᠴᠠᠲᠤ᠂ ᠪᠦᠭᠦ ᠲᠠᠯ᠎ᠠ᠎ᠶᠢᠨ ᠠᠰᠠᠷᠠᠨ ᠬᠠᠮᠠᠭᠠᠯᠠᠬᠤ ᠪᠣᠯᠭᠠᠨ ᠲᠠᠰ ᠳᠡᠪᠰᠢᠭᠦᠯᠵᠦ᠂ ᠤᠯᠠᠮᠵᠢᠯᠠᠯᠲᠤ ᠭᠡᠷ ᠪᠦᠯᠢ᠎ᠶᠢᠨ ᠠᠰᠠᠷᠠᠨ ᠬᠠᠷᠠᠭᠠᠯᠵᠠᠬᠤ ᠶᠠᠪᠤᠴᠠ᠎ᠳᠤ᠂ ᠡᠴᠢᠭᠡ ᠡᠬᠡ ᠪᠣᠯᠣᠭᠰᠠᠳ ᠣᠯᠠᠨ ᠬᠡᠦᠬᠡᠳ᠎ᠦᠨ ᠲᠤᠰᠬᠠᠢ ᠮᠡᠷᠭᠡᠵᠢᠯ᠎ᠦᠨ ᠦᠰᠦᠨ ᠪᠤᠶ᠋ᠢᠵᠢᠯᠲᠠ᠂ ᠰᠡᠳᠬᠢᠴᠡ᠎ᠶᠢᠨ ᠵᠢᠯᠣᠭᠣᠳᠤᠯᠭ᠎ᠠ᠎ᠶᠢᠨ ᠳᠤᠲᠠᠭᠤᠳᠠᠯ᠎ᠢ ᠬᠠᠮᠲᠤ ᠳ᠋ᠤᠨᠢ ᠬᠠᠷᠠᠭᠠᠯᠵᠠᠵᠤ ᠳᠡᠶ᠋ᠢᠯᠭᠦ ᠦᠭᠡᠢ ᠪᠠᠢᠬᠤ᠎ᠶᠢ ᠪᠦᠲᠦᠮᠵᠢᠲᠡᠶ ᠨᠥᠬᠥᠪᠦᠷᠢᠯᠡᠵᠦ᠂ ᠬᠡᠦᠬᠡᠳ ᠨᠢᠭᠡ ᠪᠦᠷᠢ᠎ᠶᠢ ᠴᠥᠮ ᠤᠨᠤᠴᠠᠲᠠᠢ᠂ ᠨᠠᠷᠢᠯᠢᠭ᠂ ᠪᠦᠭᠦ ᠲᠠᠯ᠎ᠠ ᠪᠡᠷ ᠬᠠᠢᠷᠠᠯᠠᠨ ᠬᠠᠮᠠᠭᠠᠯᠠᠨ᠎ᠠ》 ᠭᠡᠵᠦ ᠭᠦᠭᠡᠡᠡᠣᠲᠠ᠎ᠶᠢᠨ ᠬᠡᠦᠬᠡᠳ᠎ᠦᠨ ᠠᠰᠠᠷᠠᠮᠵᠢ᠎ᠶᠢᠨ ᠬᠦᠷᠢᠶᠡᠯᠡᠩ᠎ᠦᠨ ᠳᠠᠷᠤᠭ᠎ᠠ ᠮᠢ ᠬᠣᠩ ᠷᠦᠢ ᠲᠠᠨᠢᠯᠴᠠᠭᠤᠯᠪᠠ᠃


【ᠰᠤᠷᠪᠤᠯᠵᠢᠯᠠᠬ᠍ᠴᠢ᠎ᠶᠢᠨ ᠡᠪᠦᠷ ᠲᠡᠮᠳᠡᠭᠯᠡᠯ】

ᠭᠦᠭᠡᠡᠡᠣᠲᠠ᠎ᠶᠢᠨ ᠬᠡᠦᠬᠡᠳ᠎ᠦᠨ ᠠᠰᠠᠷᠠᠮᠵᠢ᠎ᠶᠢᠨ ᠬᠦᠷᠢᠶᠡᠯᠡᠩ᠎ᠡᠴᠡ ᠭᠠᠷᠴᠤ ᠢᠷᠡᠬᠦ᠎ᠳᠦ᠂ ᠬᠡᠳᠦᠢᠪᠡᠷ ᠮᠢᠨᠤ ᠨᠢᠳᠦ ᠵᠠᠢᠷᠲᠤᠭᠰᠠᠨ ᠪᠤᠯᠪᠠᠴᠤ ᠦᠪᠡᠷ᠎ᠤᠨ ᠡᠷᠭᠡ ᠦᠭᠡᠢ ᠢᠨᠢᠶᠡᠮᠰᠦᠭᠯᠡᠵᠦ ᠪᠠᠢᠪᠠ᠃ ᠴᠡᠪᠡᠷ ᠴᠡᠮᠴᠡᠭᠡᠷ ᠭᠡᠷ ᠪᠠᠢᠰᠢᠩ᠂ ᠱᠠᠹᠠ᠎ᠶᠢᠨ ᠠᠷᠤ ᠬᠠᠨ᠎ᠠ ᠳᠡᠭᠡᠷ᠎ᠡ ᠡᠯᠭᠦᠵᠦ ᠪᠠᠢᠭ᠎ᠠ ᠭᠡᠷ ᠬᠤᠲᠠᠯᠠᠭᠠᠷ᠎ᠦᠨ ᠵᠢᠷᠤᠭ ᠰᠡᠭᠦᠳᠡᠷ᠂ ᠵᠣᠴᠢᠨ᠎ᠤ ᠥᠷᠥᠭᠡᠨ᠎ᠳᠦ ᠲᠠᠯᠪᠢᠵᠤ ᠪᠠᠢᠭ᠎ᠠ ᠬᠡᠦᠬᠡᠳ᠎ᠦᠨ ᠨᠣᠮ᠎ᠤᠨ ᠲᠠᠯᠪᠢᠭᠤᠷ᠂ ᠬᠡᠦᠬᠡᠳ᠎ᠦᠳ᠎ᠦᠨ ᠴᠣ ᠰᠢᠨ᠎ᠡ ᠪᠢᠴᠢᠭ᠎ᠦᠨ ᠪᠣᠭᠴᠣ᠌ ᠪᠢᠴᠢᠭ᠎ᠦᠨ ᠬᠡᠷᠡᠭᠰᠡᠯ ᠁ ᠬᠡᠦᠬᠡᠳ᠎ᠦᠳ ᠤᠷᠤᠢ᠎ᠡᠴᠡ ᠪᠠᠨ ᠤᠯᠠ ᠳ᠋ᠠᠭᠠᠨ ᠲᠤᠯᠲᠠᠯ᠎ᠠ ᠴᠡᠪᠡᠷ ᠴᠡᠮᠴᠡᠭᠡᠷ ᠡᠮᠦᠰᠴᠤ ᠵᠡᠭᠦᠨ᠂ 《ᠡᠵᠢ ᠠ᠋᠂ ᠡᠵᠢ ᠠ᠋》 ᠭᠡᠵᠦ ᠪᠠᠶᠠᠷᠯᠠᠯᠳᠤᠨ ᠬᠠᠰᠬᠢᠷᠤᠭᠰᠠᠭᠠᠷ ᠭᠡᠷ᠎ᠲᠡᠭᠡᠨ ᠣᠷᠣᠵᠤ ᠢᠷᠡᠨ᠎ᠡ ᠁ ᠡᠳᠡᠭᠡᠷ ᠬᠡᠦᠬᠡᠳ᠎ᠢ ᠦᠨᠡᠬᠡᠷ ᠰᠠᠢᠬᠠᠨ ᠥᠰᠬᠡᠨ ᠪᠣᠢᠵᠢᠭᠤᠯᠵᠤ ᠪᠠᠢᠨ᠎ᠠ!ᠡᠨᠡ ᠨᠢ ᠬᠥᠮᠥᠨ᠎ᠢ ᠳᠣᠭᠳᠣᠯᠤᠭᠤᠯᠬᠤ ᠮᠥᠷᠲᠡᠭᠡᠨ ᠪᠠᠶᠠᠷᠯᠠᠭᠤᠯᠬᠤ ᠶᠤᠮ᠃

ᠠᠰᠠᠷᠠᠮᠵᠢ  ᠵᠢᠨ ᠬᠦᠷᠢᠶᠡᠯᠡᠩ ᠤ᠋ᠨ ᠭᠡᠷ ᠪᠦᠯᠢ᠂ ᠦᠨᠡᠨ ᠵᠢᠷᠦᠬᠡᠨ᠎ᠤ ᠬᠠᠢᠷ᠎ᠠ᠃

ᠪᠢ ᠬᠡᠦᠬᠡᠳ᠎ᠦᠨ ᠨᠢᠳᠦᠨ᠎ᠳᠠᠬᠢ ᠭᠡᠨᠡᠨ ᠴᠠᠢᠯᠭᠠᠨ ᠪᠠᠶᠠᠷ ᠪᠠᠶᠠᠰᠤᠯ ᠨᠢ ᠦᠨᠡᠨ ᠪᠤᠯᠬᠤ ᠵᠢ ᠤᠯᠵᠤ ᠬᠠᠷᠠᠯ᠎ᠠ᠃ ᠪᠢ᠂ ᠡᠵᠢ᠎ᠵᠢᠨ ᠬᠢᠨᠢ ᠬᠡᠦᠬᠡᠳ ᠪᠣᠯᠭᠠᠨ᠎ᠤ ᠥᠩᠭᠡᠷᠡᠯᠲᠡ᠎ᠶᠢ ᠶᠠᠷᠢᠬᠤ᠎ᠦᠶ᠎ᠡ ᠳ᠋ᠡᠬᠢ ᠵᠠᠢᠷ ᠭᠦᠶᠦᠯᠭᠡᠭᠰᠡᠨ ᠬᠠᠷᠠᠴᠠ᠂ ᠬᠡᠦᠬᠡᠳ᠎ᠦᠨ ᠰᠣᠨᠢᠷᠬᠠᠯᠲᠠᠢ ᠤᠴᠢᠷ᠎ᠢ ᠤᠷᠮᠠᠲᠠᠢᠬᠠᠨ ᠶᠠᠷᠢᠬᠤ᠎ᠦᠶ᠎ᠡ ᠳ᠋ᠡᠬᠢ ᠪᠠᠬᠠᠲᠤᠯ ᠪᠢᠯᠬᠠᠭᠰᠠᠨ ᠬᠠᠷᠠᠴᠠ ᠨᠢ ᠦᠨᠡᠨ ᠪᠤᠯᠬᠤ ᠵᠢ ᠤᠯᠵᠤ ᠬᠠᠷᠠᠯ᠎ᠠ᠃ ᠨᠢᠭᠡ ᠬᠥᠮᠥᠨ᠎ᠦ ᠦᠨᠡᠨ ᠵᠢᠷᠦᠬᠡᠨ᠎ᠤ ᠬᠠᠢᠷ᠎ᠠ ᠪᠣᠯᠣᠨ ᠦᠷᠡᠭᠳᠡᠯ᠎ᠢ ᠶᠡᠷᠦ᠎ᠡᠴᠡ ᠨᠢᠭᠤᠵᠤ ᠴᠢᠳᠠᠬᠤ ᠦᠭᠡᠢ᠂ ᠨᠢᠭᠡ ᠬᠥᠮᠥᠨ ᠦᠨᠡᠨ ᠪᠠᠶᠠᠷ ᠭᠦᠷ᠎ᠲᠠᠢ ᠡᠰᠡᠬᠦ ᠵᠢ ᠨᠢᠳᠦᠨ ᠬᠠᠷᠡᠴᠡᠨ ᠡᠴᠡ ᠨᠢ ᠮᠡᠳᠡᠵᠦ ᠳᠡᠢᠯᠦᠨ᠎ᠡ᠃

ᠡᠲᠡᠭᠡᠷ ᠬᠡᠦᠬᠡᠳ ᠡᠨᠡ ᠬᠤᠷᠤ᠎ᠠ ᠳ᠋ᠤ ᠢᠷᠡᠬᠦ ᠳ᠋ᠡᠭᠡᠨ ᠬᠠᠷᠠᠮᠰᠠᠯ ᠲᠠᠢ ᠪᠠᠢᠵᠤ ᠮᠡᠳᠡᠨ᠎ᠡ᠂ ᠵᠣᠯ ᠪᠤᠰᠤ᠎ᠪᠠᠷ ᠭᠤᠯᠤᠭᠳᠠᠨ ᠬᠠᠶᠠᠭᠳᠠᠵᠤ᠂ ᠭᠡᠷ ᠪᠦᠯᠢ᠎ᠶᠢᠨ ᠬᠠᠢᠷ᠎ᠠ ᠬᠠᠯᠠᠮᠵᠢ ᠵᠢ ᠤᠯᠵᠤ ᠬᠦᠷᠲᠡᠭᠰᠡᠨ ᠦᠭᠡᠢ᠂ ᠬᠠᠷᠢᠨ ᠬᠡᠦᠬᠡᠳ᠎ᠦᠨ ᠠᠰᠠᠷᠠᠮᠵᠢ᠎ᠶᠢᠨ ᠬᠦᠷᠢᠶᠡᠯᠡᠩ᠎ᠦᠨ ᠶᠡᠬᠡ ᠭᠡᠷ ᠪᠦᠯᠢ᠎ᠶᠢᠨ ᠲᠥᠷᠥᠯ ᠰᠠᠳᠤᠨ᠎ᠤ ᠬᠠᠢᠷ᠎ᠠ ᠰᠡᠳᠬᠢᠯᠭᠡ ᠪᠠ ᠲᠤᠰᠬᠠᠢ ᠮᠡᠷᠭᠡᠵᠢᠯ᠎ᠦᠨ ᠬᠠᠷᠠᠭᠠᠯᠵᠠᠯ ᠳᠣᠣᠷ᠎ᠠ ᠰᠡᠳᠭᠢᠯ᠎ᠤᠨ ᠰᠢᠷᠬ᠎ᠠ ᠨᠢ ᠡᠳᠡᠭᠡᠷᠡᠵᠦ᠂ ᠬᠥᠮᠥᠨ᠎ᠦ ᠠᠮᠢᠳᠤᠷᠠᠯ ᠨᠢ ᠳᠠᠭᠢᠨ ᠭᠡᠷᠡᠯᠲᠦᠵᠡᠢ᠃ ᠲᠡᠳᠡ ᠨᠢᠳᠤᠨ ᠳ᠋ᠡᠭᠡᠨ ᠭᠡᠷᠡᠯ ᠲᠠᠢ᠂ ᠡᠷᠬᠡ ᠴᠢᠯᠦᠭᠡ ᠪᠠᠶᠠᠷ ᠭᠦᠷ᠎ᠲᠠᠢ ᠪᠠᠢᠵᠤ᠂ ᠦᠨᠡᠨ ᠪᠣᠳᠠᠲᠠᠢ ᠪᠠᠢᠳᠠᠯ ᠨᠢ ᠬᠥᠮᠥᠰ᠎ᠦᠨ ᠰᠡᠳᠬᠢᠯ᠎ᠢ ᠬᠥᠳᠡᠯᠭᠡᠨ᠎ᠡ᠃

ᠥᠨᠥᠴᠢᠨ ᠵᠡᠮᠳᠡᠭ ᠬᠡᠦᠬᠡᠳ᠎ᠢ ᠬᠠᠢᠷᠠᠯᠠᠨ ᠬᠠᠯᠠᠮᠵᠢᠯᠠᠬᠤ᠂ ᠥᠨᠥᠴᠢᠨ ᠬᠡᠦᠬᠡᠳ ᠪᠠ ᠠᠰᠠᠷᠠᠨ ᠲᠡᠵᠢᠭᠡᠬᠦ ᠬᠥᠮᠥᠨ ᠦᠭᠡᠢ ᠬᠡᠦᠬᠡᠳ᠎ᠦᠨ ᠦᠨᠳᠦᠰᠦᠨ ᠠᠮᠢᠳᠤᠷᠠᠯ᠎ᠤᠨ ᠪᠠᠲᠤᠯᠠᠭ᠎ᠠ᠎ᠶᠢᠨ ᠲᠣᠣᠷ᠎ᠢ ᠪᠠᠲᠤ ᠰᠠᠬᠢᠬᠤ ᠨᠢ ᠶᠡᠷᠦ᠎ᠡᠴᠡ ᠠᠤᠭ᠎ᠠ ᠶᠡᠬᠡ ᠬᠦᠦᠷᠨᠢᠯ ᠪᠢᠰᠢ᠂ ᠬᠠᠷᠢᠨ ᠠᠰᠠᠷᠠᠮᠵᠢ᠎ᠶᠢᠨ ᠬᠦᠷᠢᠶᠡᠯᠡᠩ᠎ᠦᠨ ᠭᠡᠷ ᠪᠦᠯᠢ᠂ ᠰᠤᠷᠭᠠᠭᠤᠯᠢ ᠲᠠᠷᠬᠠᠭᠠᠳ ᠭᠡᠷ᠎ᠲᠡᠬᠡᠨ ᠬᠠᠷᠢᠬᠤ ᠵᠢᠨ ᠬᠦᠯᠢᠶᠡᠯᠲᠡ᠂ ᠳᠠᠰᠬᠠᠯ᠎ᠢᠶᠠᠨ ᠬᠢᠵᠦ ᠪᠠᠷᠠᠭᠠᠳ ᠢᠳᠡᠬᠦ ᠬᠠᠯᠠᠭᠤᠨ ᠬᠣᠭᠣᠯᠠ᠂ ᠡᠳᠦᠷ ᠳᠤᠲᠤᠮ᠎ᠤᠨ ᠠᠷᠰᠠᠷ ᠶᠠᠪᠤᠳᠠᠯ  ᠪᠢᠯᠡ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号