SC ᠭᠡᠷᠡᠴᠢᠯᠡᠯ ᠠᠪᠴᠤ ᠠᠷᠠᠯᠵᠢᠶ᠎ᠠ ᠮᠠᠢᠮᠠᠢ ᠪᠠᠨ ᠦᠷᠭᠡᠳᠭᠡᠨ᠎ᠡ
2026-06-01 11:09:22
ᠵᠣᠬᠢᠶᠠᠭ᠍ᠴᠢ᠄
​ᠼᠠᠢ ᠬᠤᠡᠭ ᠪᠤᠤ ᠴᠢᠡᠭ ᠱᠸᠡᠭ ᠢᠳᠡᠷᠡᠬᠦᠨ ᠨᠠᠢᠷᠠᠭ
ᠣᠩᠱᠢᠭ᠍ᠰᠠᠨ ᠣᠳᠠᠭ᠎ᠠ᠄
★★★☆☆

ᠤᠯᠠᠮᠵᠢᠯᠠᠯᠲᠤ ᠴᠠᠭᠠᠨ ᠢᠳᠡᠭᠡᠨ ᠤ᠋ ᠠᠵᠤ ᠦᠢᠯᠡᠰ ᠢ᠋ ᠬᠦᠭᠵᠢᠭᠦᠯᠬᠦ ᠪᠤᠯ ᠰᠦ ᠶ᠋ᠢᠨ ᠦᠢᠯᠡᠰ ᠢ᠋ ᠬᠦᠭᠵᠢᠭᠦᠯᠦᠨ ᠮᠠᠨᠳᠤᠭᠤᠯᠬᠤ ᠶ᠋ᠢᠨ ᠴᠢᠬᠤᠯᠠ ᠠᠭᠤᠯᠭ᠎ᠠ ᠵᠢᠨ ᠨᠢᠬᠡ ᠪᠤᠯᠤᠨ᠎ᠠ᠃ ᠤᠢᠷ᠎ᠡ ᠶ᠋ᠢᠨ ᠵᠢᠯ ᠡᠴᠡ ᠨᠠᠭᠠᠰᠢ᠂ ᠲᠦᠷᠦ ᠶ᠋ᠢᠨ ᠪᠤᠳᠤᠯᠭ᠎ᠠ ᠶ᠋ᠢᠨ ᠳᠡᠮᠵᠢᠯᠭᠡ ᠲᠠᠰᠤᠷᠠᠯᠲᠠ ᠦᠭᠡᠢ ᠰᠢᠯᠢᠳᠡᠭᠵᠢᠬᠦ ᠵᠢ ᠳᠠᠭᠠᠯᠳᠤᠨ ᠮᠠᠨ ᠤ᠋ ᠤᠷᠤᠨ ᠤ᠋ ᠡᠯ᠎ᠡ ᠭᠠᠵᠠᠷ ᠤ᠋ᠨ ᠤᠯᠠᠮᠵᠢᠯᠠᠯᠲᠤ ᠴᠠᠭᠠᠨ ᠢᠳᠡᠭᠡᠨ ᠤ᠋ ᠠᠵᠤ ᠦᠢᠯᠡᠰ ᠲᠠᠰᠤᠷᠠᠯᠲᠠ ᠦᠭᠡᠢ ᠬᠦᠭᠵᠢᠵᠦ᠂ ᠴᠦᠬᠡᠨ ᠪᠤᠰᠤ ᠭᠡᠷ ᠪᠦᠯᠢ ᠶ᠋ᠢᠨ ᠭᠠᠷ ᠦᠢᠯᠡᠳᠭᠡᠯ ᠤ᠋ᠨ ᠭᠠᠵᠠᠷ ᠨᠢ ᠠᠭᠠᠵᠢᠮ ᠶ᠋ᠢᠡᠷ ᠤᠳᠤᠬᠢᠴᠢᠯᠠᠭᠰᠠᠨ᠂ ᠬᠡᠪᠴᠢᠶᠡᠵᠢᠭᠰᠡᠨ᠂ ᠪᠠᠷᠢᠮᠵᠢᠶᠠᠵᠢᠭᠰᠠᠨ ᠦᠢᠯᠡᠳᠪᠦᠷᠢᠯᠡᠯ ᠤ᠋ᠨ ᠠᠵᠤ ᠠᠬᠤᠢᠯᠠᠯ ᠪᠤᠯᠵᠤ᠂ ᠤᠯᠠᠮᠵᠢᠯᠠᠯᠲᠤ ᠴᠠᠭᠠᠨ ᠢᠳᠡᠭᠡᠨ ᠤ᠋ ᠨᠡᠷ᠎ᠡ ᠨᠦᠯᠦᠭᠡ ᠪᠠ ᠵᠠᠬ᠎ᠠ ᠳᠡᠯᠭᠡᠭᠦᠷ ᠢ᠋ ᠦᠷᠭᠡᠳᠭᠡᠬᠦ ᠳ᠋ᠦ ᠬᠦᠴᠦᠨ ᠴᠢᠳᠠᠯ ᠶ᠋ᠢᠡᠨ ᠨᠡᠮᠡᠷᠢᠯᠡᠵᠦ ᠶᠠᠪᠤᠨ᠎ᠠ᠃

5 ᠰᠠᠷ᠎ᠠ ᠶ᠋ᠢᠨ 12 ᠤ᠋ᠨ ᠡᠳᠦᠷ᠂ ᠪᠢᠳᠡᠨ ᠤ᠋ ᠰᠤᠷᠪᠤᠯᠵᠢᠯᠠᠬᠤ ᠲᠤᠭᠤᠢᠯᠠᠡᠭ ᠤ᠋ᠨ ᠬᠢᠨ ᠲᠦᠩᠯᠢᠶᠤᠤ ᠬᠤᠳᠠ ᠵᠢᠨ ᠬᠦᠷᠢᠶ᠎ᠠ ᠬᠤᠰᠢᠭᠤᠨ ᠤ᠋ ᠬᠦᠷᠢᠶ᠎ᠡ ᠪᠠᠯᠭᠠᠰᠤ ᠡᠴᠡ ᠭᠠᠷᠴᠦ᠂ ᠮᠠᠰᠢᠨ ᠲᠡᠷᠭᠡ ᠪᠡᠷ ᠴᠠᠭ ᠭᠠᠷᠤᠢ ᠳᠠᠪᠬᠢᠭᠤᠯᠤᠭᠠᠳ ᠲᠤᠰ ᠬᠤᠰᠢᠭᠤᠨ ᠤ᠋ ᠮᠠᠡᠭᠬᠠᠨ ᠰᠤᠮᠤ ᠳ᠋ᠦ ᠪᠠᠢᠷᠢᠯᠠᠭ᠎ᠠ ᠮᠦ᠍ ᠨᠠᠢ ᠵᠢᠶᠠ ᠴᠠᠭᠠᠨ ᠢᠳᠡᠭᠡᠨ ᠤ᠋ ᠬᠢᠵᠠᠭᠠᠷᠲᠤ ᠺᠤᠮᠫᠠᠨᠢ ᠳ᠋ᠦ ᠬᠦᠷᠬᠦ ᠳ᠋ᠦ᠂ ᠦᠪᠴᠢ ᠪᠡᠶ᠎ᠡ ᠠᠷᠢᠭᠤᠳᠬᠠᠯ ᠤ᠋ᠨ ᠬᠤᠪᠴᠠᠰᠤ ᠲᠠᠢ ᠦᠢᠯᠡᠳᠪᠦᠷᠢ ᠶ᠋ᠢᠨ ᠳᠠᠭᠠᠭᠠᠮᠠᠯ ᠲᠡᠷᠭᠡᠯ ᠮᠠᠨᠤᠰ ᠢ᠋ ᠤᠭᠲᠤᠨ ᠠᠪᠤᠯ᠎ᠠ᠃

ᠬᠦᠷᠢᠶ᠎ᠡ ᠬᠤᠰᠢᠭᠤ ᠪᠦᠬᠦ ᠤᠷᠤᠨ ᠤ᠋ ᠰᠦ ᠶ᠋ᠢᠨ ᠦᠢᠯᠡᠰ ᠢ᠋ ᠬᠦᠭᠵᠢᠭᠦᠯᠦᠨ ᠮᠠᠨᠳᠤᠭᠤᠯᠬᠤ ᠲᠦᠷᠦ ᠶ᠋ᠢᠨ ᠪᠤᠳᠤᠯᠭ᠎ᠠ ᠶ᠋ᠢᠨ ᠠᠵᠠ ᠲᠤᠬᠢᠶᠠᠯ ᠢ᠋ ᠠᠳᠬᠤᠨ ᠭᠡᠷ ᠪᠦᠯᠢ ᠶ᠋ᠢᠨ ᠦᠢᠯᠡᠳᠭᠡᠯ ᠤ᠋ᠨ ᠭᠠᠵᠠᠷ ᠤ᠋ᠨ ᠬᠦᠷᠢᠶ᠎ᠡ ᠬᠡᠪᠴᠢᠶ᠎ᠡ ᠪᠠᠨ ᠦᠷᠭᠡᠳᠭᠡᠬᠦ ᠵᠢ ᠳᠡᠳᠬᠦᠨ ᠳᠡᠮᠵᠢᠵᠦ᠂ ᠮᠠᠯᠴᠢᠳ ᠤ᠋ᠨ ᠤᠷᠤᠯᠭ᠎ᠠ ᠶ᠋ᠢᠨ ᠨᠡᠮᠡᠭᠳᠡᠯ ᠳ᠋ᠦ ᠬᠦᠴᠦᠨ ᠨᠡᠮᠡᠷᠢᠯᠡᠭᠰᠡᠨ ᠡᠴᠨ ᠶᠠᠬᠡ ᠰᠤᠷᠭᠠᠭᠤᠯᠢ ᠪᠠᠨ ᠲᠡᠭᠦᠰᠴᠦ ᠲᠦᠡᠭᠯᠢᠶᠤᠤ ᠬᠤᠲᠠ ᠳ᠋ᠦ ᠠᠵᠢᠯ ᠠᠯᠪᠠ ᠲᠠᠢ ᠪᠠᠢᠭᠰᠠᠨ ᠲᠡᠷᠭᠡᠯ ᠠᠵᠢᠯ ᠶ᠋ᠢᠡᠨ ᠬᠠᠶᠠᠵᠤ ᠨᠤᠲᠤᠭ ᠲᠠᠭᠠᠨ ᠪᠤᠴᠠᠨ ᠠᠪᠤ ᠡᠵᠢ ᠶ᠋ᠢᠨ ᠶ᠋ᠢᠡᠨ ᠭᠠᠷ ᠡᠴᠡ ᠤᠯᠠᠮᠵᠢᠯᠠᠯᠲᠤ ᠴᠠᠭᠠᠨ ᠢᠳᠡᠭᠡᠨ ᠤ᠋ ᠦᠢᠯᠡᠰ ᠶ᠋ᠢᠡᠨ ᠤᠯᠠᠮᠵᠢᠯᠠᠵᠤ ᠠᠪᠤᠭᠰᠠᠨ ᠶᠤᠮ᠃ ᠪᠢᠳᠡ ᠺᠤᠮᠫᠠᠨᠢ ᠶ᠋ᠢᠨ ᠱᠠᠭᠠᠷᠳᠠᠯᠭ᠎ᠠ ᠶᠤᠰᠤᠭᠠᠷ ᠠᠷᠢᠭᠤᠳᠬᠠᠯ ᠤ᠋ᠨ ᠬᠤᠪᠴᠠᠰᠤ ᠰᠤᠯᠢᠵᠤ ᠰᠦ ᠬᠤᠷᠢᠶᠠᠬᠤ ᠲᠠᠰᠤᠭ ᠶ᠋ᠢᠡᠷ ᠲᠤᠲᠤᠭᠰᠢᠯᠠᠨ ᠂ ᠤᠯᠠᠨ ᠵᠦᠢᠯ ᠤ᠋ᠨ ᠮᠠᠰᠢᠨ ᠲᠦᠬᠦᠭᠡᠷᠦᠮᠵᠢ ᠤᠭᠰᠠᠷᠠᠭᠰᠠᠨ ᠪᠠᠺᠲᠸᠷᠢ ᠠᠷᠢᠯᠭᠠᠬᠤ ᠲᠠᠰᠤᠭ ᠢ᠋ ᠦᠡᠭᠭᠡᠷᠡᠮᠡᠭᠴᠡ ᠰᠦ ᠰᠠᠭᠠᠯᠢ ᠶ᠋ᠢᠨ ᠠᠡᠭᠬᠢᠯᠤᠮ᠎ᠠ ᠦᠨᠦᠷ ᠰᠡᠡᠭᠬᠢᠨᠡᠨ᠂ ᠲᠤᠮᠤ ᠰᠠᠪᠠᠨ ᠳ᠋ᠦ ᠰᠦ ᠡᠭᠡᠳᠡᠭᠦᠯᠦᠨ ᠠᠢᠷᠠᠭ ᠢᠰᠭᠡᠵᠦ᠂ ᠠᠵᠢᠯᠴᠢᠳ ᠬᠤᠷᠤᠳ ᠬᠢᠵᠦ ᠶᠠᠭᠠᠷᠠᠯᠳᠤᠨ᠂ ᠴᠠᠭᠠᠨ᠎ᠠ ᠨᠢ ᠲᠤᠭᠲᠠᠮᠠᠯ ᠳᠤᠯᠠᠭᠠᠨᠳᠤ ᠮᠠᠰᠢᠨ ᠳᠡᠭᠡᠷ᠎ᠡ ᠭᠡᠳᠦᠨ ᠵᠠᠭᠤᠨ ᠬᠡᠰᠡᠭ ᠦᠷᠦᠮ᠎ᠡ ᠰᠠᠭᠤᠯᠭᠠᠬᠤ ᠬᠠᠷᠠᠭᠳᠠᠨ᠎ᠠ᠃ ᠪᠤᠴᠠᠨ ᠭᠠᠷᠴᠤ ᠢᠷᠡᠬᠦ ᠶ᠋ᠢᠨ ᠦᠶ᠎ᠡ ᠪᠡᠷ ᠭᠤᠲᠤᠮᠵᠢ ᠳᠠᠭᠠᠭᠰᠠᠨ ᠰᠢᠯ ᠭᠡᠷ ᠲᠦ᠍ ᠦᠷᠦᠭᠡ ᠳᠦᠭᠦᠷᠡᠡᠭ ᠴᠠᠭᠠᠨ ᠢᠳᠡᠭᠡᠨ ᠳᠡᠯᠭᠡᠵᠦ᠂ ᠨᠠᠭᠠᠳᠤᠬᠢ ᠲᠠᠰᠤᠭ ᠲᠤᠨᠢ ᠮᠠᠰᠢᠨ ᠲᠦᠬᠦᠭᠡᠷᠦᠮᠵᠢ ᠬᠦᠷᠴᠢᠬᠢᠨᠡᠨ ᠴᠠᠭᠠᠨ ᠢᠳᠡᠭᠡᠨ ᠢ᠋ ᠡᠮᠬᠢ ᠲᠢᠭᠯᠢᠮ ᠲᠠᠢ ᠪᠡᠷ ᠪᠤᠭᠤᠳᠠᠯᠯᠠᠵᠤ ᠪᠠᠭᠯᠠᠨ᠂ ᠦᠪᠴᠢ ᠪᠡᠶ᠎ᠡ ᠠᠷᠢᠭᠤᠳᠬᠠᠯ ᠤ᠋ᠨ ᠬᠤᠪᠴᠠᠰᠤ ᠲᠠᠢ ᠠᠵᠢᠯᠴᠢᠳ ᠴᠠᠭᠠᠨ ᠢᠳᠡᠭᠡᠨ ᠤ᠋ ᠪᠦᠲᠦᠭᠡᠭᠳᠡᠭᠦᠨ ᠢ᠋ ᠬᠦᠢᠲᠡᠨ ᠶ᠋ᠢᠡᠷ ᠬᠠᠳᠠᠭᠠᠯᠠᠬᠤ ᠲᠠᠰᠤᠭ᠂ ᠬᠦᠯᠳᠡᠭᠡᠬᠦ ᠲᠠᠰᠤᠭ᠂ ᠳᠡᠯᠭᠡᠨ ᠬᠠᠲᠠᠭᠠᠬᠤ ᠭᠠᠵᠠᠷ ᠲᠦ᠍ ᠬᠦᠷᠭᠡᠵᠦ ᠡᠮᠬᠢᠯᠡᠨ ᠵᠡᠷᠭᠡᠯᠡᠵᠦ᠂ ᠬᠦᠳᠡᠭᠡ ᠨᠤᠲᠤᠭ ᠤ᠋ᠨ ᠤᠯᠠᠮᠵᠢᠯᠠᠯᠳᠤ ᠴᠠᠭᠠᠨ ᠢᠳᠡᠭᠡᠨ ᠤ᠋ ᠪᠠᠷᠢᠮᠵᠢᠶᠠᠵᠢᠭᠰᠠᠨ ᠦᠢᠯᠡᠳᠪᠦᠷᠢ ᠵᠢᠨ ᠪᠠᠢᠳᠠᠯ ᠢ᠋ ᠢᠯᠡ ᠬᠠᠷᠠᠭᠤᠯᠤᠨ᠎ᠠ᠃

《ᠨᠠᠳᠠ ᠵᠢ ᠪᠠᠭ᠎ᠠ ᠪᠠᠢᠬᠤ ᠡᠴᠡ ᠡᠬᠢᠯᠡᠨ ᠡᠵᠢ ᠮᠢᠨᠢ ᠶᠡᠷᠤ ᠨᠢ ᠦᠨᠢᠶ᠎ᠡ ᠪᠠᠨ ᠰᠠᠭᠠᠵᠤ ᠰᠦ ᠰᠠᠭᠠᠯᠢ ᠪᠡᠷ ᠶ᠋ᠢᠡᠨ ᠴᠠᠭᠠᠨ ᠢᠳᠡᠭᠡᠨ ᠬᠢᠵᠦ ᠪᠠᠢᠵᠠᠢ᠃ ᠰᠡᠭᠦᠯᠴᠢ ᠶ᠋ᠢᠨ ᠦᠶ᠎ᠡ ᠪᠡᠷ ᠮᠠᠡᠭᠯᠠᠢ ᠰᠦ ᠴᠠᠭᠠᠨ ᠢᠳᠡᠭᠡᠨ ᠤ᠋ ᠭᠠᠷ ᠦᠢᠯᠡᠳᠭᠡᠯ ᠤ᠋ᠨ ᠭᠠᠵᠠᠷ ᠶ᠋ᠢᠡᠨ ᠪᠠᠢᠭᠤᠯᠵᠤ᠂ ᠤᠢᠷ᠎ᠠ ᠬᠠᠪᠢ ᠶ᠋ᠢᠨ ᠮᠠᠯᠴᠢᠨ ᠡᠷᠦᠬᠡ᠎ᠶᠢᠨ ᠶ᠋ᠢᠡᠨ ᠰᠦ ᠰᠠᠭᠠᠯᠢ ᠵᠢ ᠬᠤᠷᠢᠶᠠᠵᠤ ᠤᠯᠠᠮᠵᠢᠯᠠᠯᠲᠤ ᠴᠠᠭᠠᠨ ᠢᠳᠡᠭᠡᠨ ᠶ᠋ᠢᠡᠨ ᠪᠤᠯᠪᠠᠰᠤᠷᠠᠭᠤᠯᠵᠤ ᠵᠠᠬ᠎ᠠ ᠳᠡᠯᠭᠡᠭᠦᠷ ᠲᠦ᠍ ᠪᠤᠷᠤᠯᠠᠭᠤᠯᠬᠤ ᠪᠤᠯᠪᠠ᠃ 2020 ᠤᠨ ᠳ᠋ᠦ ᠪᠢ ᠲᠦᠡᠭᠯᠢᠶᠤᠤ ᠬᠤᠲᠠ ᠡᠴᠡ ᠬᠠᠷᠢᠵᠤ ᠢᠷᠡᠭᠡᠳ ᠭᠠᠷ ᠦᠢᠯᠡᠳᠭᠡᠯ ᠤ᠋ᠨ ᠭᠠᠵᠠᠷ ᠶ᠋ᠢᠡᠨ ᠡᠵᠡᠡᠭᠨᠡᠭᠰᠡᠨ ᠶᠤᠮ》 ᠭᠡᠵᠦ ᠲᠡᠷᠭᠡᠯ ᠶᠠᠷᠢᠨ᠎ᠠ᠃

ᠬᠠᠷᠠᠬᠠᠨ ᠪᠠᠭ᠎ᠠ ᠡᠴᠡ ᠪᠠᠨ ᠲᠤᠮᠤᠴᠤᠤᠯ ᠤ᠋ᠨ ᠶ᠋ᠢᠡᠨ ᠤᠯᠠᠮᠵᠢᠯᠠᠯᠲᠤ ᠴᠠᠭᠠᠨ ᠢᠳᠡᠭᠡᠨ ᠪᠤᠯᠪᠠᠰᠤᠷᠠᠭᠤᠯᠬᠤ ᠮᠡᠷᠭᠡᠵᠢᠯ ᠢ᠋ ᠨᠢ ᠰᠤᠷᠴᠤ ᠡᠵᠡᠮᠰᠢᠭᠰᠡᠨ ᠲᠡᠷᠭᠡᠯ ᠴᠠᠭᠠᠨ ᠢᠳᠡᠭᠡᠨ ᠪᠤᠯᠪᠠᠰᠤᠷᠠᠭᠤᠯᠬᠤ ᠲᠠᠯ᠎ᠡ ᠪᠡᠷ ᠳᠡᠮᠡᠢ ᠬᠦᠴᠢᠷᠳᠡᠭᠰᠡᠨ ᠦᠭᠡᠢ ᠪᠤᠯᠪᠠᠴᠤ ᠵᠠᠬ᠎ᠠ ᠳᠡᠯᠭᠡᠭᠦᠷ ᠶ᠋ᠢᠡᠨ ᠦᠷᠭᠡᠳᠭᠡᠬᠦ ᠳ᠋ᠤ ᠬᠠᠷᠢᠨ ᠤᠯᠠᠨ ᠬᠦᠴᠢᠷᠳᠠᠯ ᠳ᠋ᠤ ᠲᠤᠯᠭᠠᠷᠠᠵᠤ᠂ ᠲᠡᠷᠡ ᠦᠷᠦᠮ᠎ᠡ ᠬᠤᠷᠤᠳ ᠶ᠋ᠢᠡᠨ ᠲᠡᠭᠡᠬᠡᠭᠡᠳ ᠦᠪᠦᠷ ᠮᠤᠡᠭᠭᠤᠯ ᠤ᠋ᠨ ᠡᠯ᠎ᠡ ᠠᠢᠮᠠᠭ ᠬᠤᠲᠠ᠂ ᠬᠤᠰᠢᠭᠤ ᠰᠢᠶᠠᠨ ᠤ᠋ ᠶᠡᠬᠡ ᠪᠠᠭ᠎ᠠ ᠳᠡᠯᠭᠡᠭᠦᠷ ᠶ᠋ᠢᠡᠷ ᠬᠦᠷᠴᠦ᠂ ᠦᠵᠡᠭᠦᠯᠵᠦ ᠠᠮᠲᠠᠯᠠᠭᠤᠯᠵᠤ ᠲᠠᠨᠢᠯᠴᠠᠭᠤᠯᠬᠤ ᠵᠢᠨ ᠬᠠᠮᠳᠤ ᠪᠠᠭ᠎ᠠ ᠰᠠᠭ᠎ᠠ ᠪᠡᠷ ᠪᠤᠷᠤᠯᠠᠭᠤᠯᠵᠤ᠂ ᠦᠢᠯᠡ ᠪᠠᠨ ᠦᠵᠡᠵᠦ ᠦᠰᠦ ᠪᠠᠨ ᠲᠤᠭᠠᠯᠠᠵᠤ ᠶᠠᠪᠤᠭᠰᠠᠨ ᠶᠤᠮ᠃

ᠲᠠᠪᠤᠨ ᠵᠢᠯ ᠤ᠋ᠨ ᠬᠠᠳᠠᠭᠤᠵᠢᠯᠲᠠᠢ ᠴᠢᠷᠮᠠᠢᠯᠭ᠎ᠠ ᠪᠡᠷ ᠳᠠᠮᠵᠢᠨ ᠲᠡᠷᠭᠡᠯ ᠭᠠᠷ ᠦᠢᠯᠡᠳᠭᠡᠯ ᠤ᠋ᠨ ᠭᠠᠵᠠᠷ ᠤ᠋ᠨ ᠶ᠋ᠢᠡᠨ ᠴᠠᠭᠠᠨ ᠢᠳᠡᠭᠡᠨ ᠶ᠋ᠢᠡᠨ ᠬᠤᠷᠤᠳ᠂ ᠰᠢᠷ᠎ᠡ ᠲᠤᠰᠤ᠂ ᠪᠢᠰᠢᠯᠠᠭ᠂ ᠵᠦᠭᠡᠭᠡᠢ᠂ ᠦᠷᠦᠮ᠎ᠡ᠂ ᠴᠤᠷ᠎ᠡ᠂ ᠴᠦᠴᠦᠭᠡᠢ ᠵᠡᠷᠭᠡ 11 ᠲᠦᠷᠦᠯ ᠤ᠋ᠨ ᠪᠦᠲᠦᠭᠡᠭᠳᠡᠭᠦᠨ ᠪᠤᠯᠭᠠᠨ ᠦᠷᠭᠡᠳᠭᠡᠵᠦ᠂ ᠬᠦᠬᠡᠬᠤᠲᠠ᠂ ᠲᠦᠡᠭᠯᠢᠶᠤᠤ᠂ ᠬᠦᠯᠦᠨ ᠪᠤᠢᠷ ᠵᠡᠷᠭᠡ ᠪᠦᠬᠦ ᠤᠷᠤᠨ ᠤ᠋ ᠡᠯ᠎ᠡ ᠠᠢᠮᠠᠭ ᠬᠤᠲᠠ ᠬᠤᠰᠢᠭᠤ ᠰᠢᠶᠠᠨ ᠤ᠋ ᠴᠠᠭᠠᠨ ᠢᠳᠡᠭᠡᠨ ᠤ᠋ ᠳᠡᠯᠭᠡᠭᠦᠷ᠂ ᠲᠤᠮᠤ ᠬᠡᠳᠦ ᠳᠡᠯᠭᠡᠭᠦᠷ ᠶ᠋ᠢᠡᠷ ᠪᠤᠷᠤᠯᠠᠭᠤᠯᠬᠤ ᠪᠤᠯᠵᠤ᠂ ᠵᠢᠯ ᠪᠦᠷᠢ ᠳᠤᠮᠳᠠᠴᠢ ᠪᠡᠷ 260 ᠲᠦᠮᠡ ᠰᠢᠬᠠᠮ ᠲᠦᠭᠦᠷᠢᠭ ᠤ᠋ᠨ ᠤᠷᠤᠯᠭ᠎ᠠ ᠡᠪᠦᠷᠳᠤᠯᠡᠬᠦ ᠪᠤᠯᠵᠠᠢ᠃

《ᠪᠢ ᠦᠪᠡᠷ ᠶ᠋ᠢᠡᠨ ᠴᠠᠭᠠᠨ ᠢᠳᠡᠭᠡᠨ ᠤ᠋ ᠳᠡᠯᠭᠡᠭᠦᠷ ᠡᠷᠬᠢᠯᠡᠵᠦ᠂ ᠡᠨᠳᠡ ᠡᠴᠡ ᠴᠠᠭᠠᠨ ᠢᠳᠡᠭᠡᠨ ᠤᠷᠤᠭᠤᠯᠵᠤ ᠪᠠᠢᠨ᠎ᠠ᠃ ᠡᠳᠡᠨ ᠤ᠋ ᠴᠠᠭᠠᠨ ᠢᠳᠡᠭᠡᠨ ᠬᠢᠵᠦ ᠪᠠᠢᠭ᠎ᠠ ᠲᠦᠬᠦᠭᠡᠢ ᠮᠠᠲᠸᠷᠢᠶᠠᠯ ᠨᠢ ᠪᠤᠬᠢᠷᠳᠤᠯ ᠦᠭᠡᠢ᠂ ᠰᠢᠮ᠎ᠠ ᠰᠠᠢᠲᠠᠢ᠂ ᠠᠷᠢᠭᠤᠨ ᠴᠡᠪᠡᠷ ᠪᠠᠢᠵᠤ᠂ ᠦᠨ᠎ᠡ ᠬᠠᠡᠭᠰᠢ ᠨᠢ ᠪᠠᠰᠠ ᠲᠤᠬᠢᠷᠠᠮᠵᠢᠲᠠᠢ ᠪᠤᠯᠬᠤᠷ ᠬᠡᠷᠡᠭᠯᠡᠭᠴᠢᠳ ᠤ᠋ᠨ ᠬᠠᠯᠠᠭᠤᠨ ᠬᠦᠷᠢᠶᠡᠯᠡᠯ ᠢ᠋ ᠤᠯᠵᠤ ᠪᠠᠢᠨ᠎ᠠ》 ᠭᠡᠵᠦ ᠪᠠᠷᠠᠭ᠎ᠠ ᠤᠷᠤᠭᠤᠯᠬᠤ ᠪᠡᠷ ᠢᠷᠡᠭᠰᠡᠨ ᠨᠠᠢ᠍ᠮᠠᠨ ᠬᠤᠰᠢᠭᠤ ᠪᠡᠷ ᠨᠤᠲᠤᠭᠲᠠᠢ ᠰᠠᠡᠭᠪᠤ ᠶᠠᠷᠢᠵᠤ ᠪᠠᠢᠯ᠎ᠠ᠃

2025 ᠤᠨ ᠳ᠋ᠦ ᠲᠡᠷᠭᠡᠯ ᠴᠠᠭᠠᠨ ᠢᠳᠡᠭᠡᠨ ᠤ᠋ ᠭᠠᠷ ᠦᠢᠯᠡᠳᠭᠡᠯ ᠤ᠋ᠨ ᠭᠠᠵᠠᠷ ᠶ᠋ᠢᠡᠨ ᠦᠷᠭᠡᠳᠭᠡᠨ᠂ ᠤᠳᠤᠬᠢᠴᠢᠯᠠᠭᠰᠠᠨ᠂ ᠬᠡᠪᠴᠢᠶᠡᠵᠢᠭᠰᠡᠨ᠂ ᠪᠠᠷᠢᠮᠵᠢᠶᠠᠵᠢᠭᠰᠠᠨ ᠦᠢᠯᠡᠳᠪᠦᠷᠢ ᠪᠤᠯᠭᠠᠨ ᠪᠠᠢᠭᠤᠯᠬᠤ ᠪᠡᠷ ᠵᠤᠷᠢᠭ ᠰᠢᠭᠤᠳᠴᠤ᠂ ᠬᠦᠷᠢᠶ᠎ᠡ ᠬᠤᠰᠢᠭᠤᠨ ᠤ᠋ ᠮᠦ᠍ ᠨᠠᠢ ᠵᠢᠶᠠ ᠴᠠᠭᠠᠨ ᠢᠳᠡᠭᠡᠨ ᠤ᠋ ᠬᠢᠵᠠᠭᠠᠷᠲᠤ ᠺᠤᠮᠫᠠᠨᠢ ᠵᠢ ᠳᠠᠡᠭᠰᠠᠯᠠᠭᠤᠯᠤᠨ᠂ ᠬᠠᠭᠤᠴᠢᠨ ᠭᠠᠷ ᠦᠢᠯᠡᠳᠭᠡᠯ ᠤ᠋ᠨ ᠭᠠᠵᠠᠷ ᠤ᠋ᠨ ᠶ᠋ᠢᠡᠨ ᠠᠷᠤ ᠳ᠋ᠦ 850 ᠲᠡᠭᠰᠢ ᠳᠦᠷᠪᠡᠯᠵᠢᠨ ᠮᠸᠲᠷ ᠪᠦᠬᠦᠢ ᠴᠤ ᠰᠢᠨ᠎ᠡ ᠦᠢᠯᠡᠳᠪᠦᠷᠢ ᠵᠢ ᠪᠠᠢᠭᠤᠯᠵᠤ᠂ ᠱᠠᠨᠳᠦ᠋ᠡᠭ ᠡᠴᠡ ᠬᠠᠮᠤᠭ ᠤ᠋ᠨ ᠰᠢᠨ᠎ᠡ ᠮᠡᠷᠭᠡᠵᠢᠯ ᠤ᠋ᠨ ᠲᠤᠨᠤᠭ ᠲᠦᠬᠦᠭᠡᠷᠦᠮᠵᠢ ᠤᠷᠤᠭᠤᠯᠤᠨ᠂ ᠬᠦᠷᠢᠶ᠎ᠡ ᠬᠤᠰᠢᠭᠤᠨ ᠤ᠋ ᠠᠡᠭᠬᠠᠳᠠᠭᠴᠢ ᠤᠯᠠᠮᠵᠢᠯᠠᠯᠲᠤ ᠴᠠᠭᠠᠨ ᠢᠳᠡᠭᠡᠨ ᠤ᠋ 《SC》 ᠢᠳᠡᠭᠡᠨ ᠤ᠋ ᠲᠦᠷᠦᠯ ᠦᠢᠯᠡᠳᠪᠦᠷᠢᠯᠡᠬᠦ ᠦᠨᠡᠮᠯᠡᠯ ᠢ᠋ ᠬᠦᠷᠳᠡᠭᠰᠡᠨ ᠠᠵᠤ ᠠᠬᠤᠢᠯᠠᠯ ᠪᠤᠯᠪᠠ᠃

ᠬᠦᠷᠢᠶ᠎ᠡ ᠬᠤᠰᠢᠭᠤᠨ ᠤ᠋ ᠮᠦ᠍ ᠨᠠᠢ ᠵᠢᠶᠠ ᠴᠠᠭᠠᠨ ᠢᠳᠡᠭᠡᠨ ᠤ᠋ ᠬᠢᠵᠠᠭᠠᠷᠲᠤ ᠺᠤᠮᠫᠠᠨᠢ ᠠᠰᠢᠭᠯᠠᠯᠲᠠ ᠳ᠋ᠦ ᠤᠷᠤᠭᠰᠠᠨ ᠡᠴᠡ ᠨᠠᠭᠠᠰᠢ ᠤᠢᠷ᠎ᠡ ᠬᠠᠪᠢ ᠶ᠋ᠢᠨ ᠮᠠᠯᠴᠢᠨ ᠡᠷᠦᠬᠡ ᠵᠢᠨ ᠎ᠢᠶᠡᠨ ᠰᠦ ᠵᠢ ᠬᠤᠳᠠᠯᠳᠤᠨ ᠠᠪᠬᠤ ᠡᠴᠡ ᠭᠠᠳᠠᠨ᠎ᠠ ᠪᠠᠰᠠ ᠯᠢᠶᠤᠤᠨᠢᠡᠭ ᠮᠤᠵᠢ ᠡᠴᠡ ᠰᠦ ᠤᠷᠤᠭᠤᠯᠵᠤ᠂ ᠡᠳᠦᠷ  ᠳᠤᠮᠳᠠᠴᠢ ᠪᠡᠷ 5 ᠳᠤᠨ ᠰᠦ ᠪᠤᠯᠪᠠᠰᠤᠷᠠᠭᠤᠯᠵᠤ᠂ ᠤᠯᠠᠮᠵᠢᠯᠠᠯᠲᠤ ᠴᠠᠭᠠᠨ ᠢᠳᠡᠭᠡᠨ ᠪᠤᠯᠪᠠᠰᠤᠷᠠᠭᠤᠯᠬᠤ ᠮᠡᠷᠭᠡᠵᠢᠯ ᠤ᠋ᠨ ᠰᠠᠭᠤᠷᠢᠨ ᠳᠡᠭᠡᠷ᠎ᠡ ᠵᠠᠬ᠎ᠠ ᠳᠡᠯᠭᠡᠭᠦᠷ ᠤ᠋ᠨ ᠬᠡᠷᠡᠭᠴᠡᠭᠡ ᠱᠠᠭᠠᠷᠳᠠᠯᠭ᠎ᠠ ᠵᠢ ᠦᠨᠳᠦᠰᠦᠯᠡᠨ ᠰᠦ ᠲᠠᠢ ᠰᠢᠬᠢᠷ᠂ ᠦᠷᠦᠮ᠎ᠠ ᠲᠠᠢ ᠡᠭᠡᠳᠡᠭᠰᠡᠨ ᠰᠦ ᠵᠡᠷᠭᠡ ᠤᠯᠠᠨ ᠲᠦᠷᠦᠯ ᠤ᠋ᠨ ᠰᠢᠨ᠎ᠡ ᠪᠦᠲᠦᠭᠡᠭᠳᠡᠭᠦᠨ ᠭᠠᠷᠭᠠᠨ᠂ ᠪᠤᠯᠪᠠᠰᠤᠷᠠᠭᠤᠯᠵᠤ ᠪᠤᠷᠤᠯᠠᠭᠤᠯᠬᠤ ᠵᠢ ᠨᠢᠭᠡ ᠴᠤᠭᠴᠠᠵᠢᠭᠤᠯᠤᠨ ᠡᠵᠡᠡᠭᠨᠡᠵᠦ᠂ 10 ᠭᠠᠷᠤᠢ ᠠᠵᠢᠯᠴᠢᠨ  ᠬᠡᠷᠡᠭᠯᠡᠵᠤ᠂ ᠤᠢᠷ᠎ᠡ ᠬᠠᠪᠢ ᠶ᠋ᠢᠨ ᠮᠠᠯᠴᠢᠨ ᠲᠠᠷᠢᠶᠠᠴᠢᠨ ᠳ᠋ᠤ ᠠᠵᠢᠯ ᠤ᠋ᠨ ᠪᠠᠢᠷᠢ ᠬᠠᠡᠭᠭᠠᠨ᠂ ᠤᠷᠤᠯᠭ᠎ᠠ ᠵᠢ ᠨᠢ ᠨᠡᠮᠡᠭᠳᠡᠭᠦᠯᠵᠦ ᠶᠠᠪᠤᠨ᠎ᠠ᠃

《ᠪᠢ ᠡᠨᠳᠡ ᠠᠵᠢᠯᠯᠠᠭᠠᠳ 3 ᠵᠢᠯ ᠪᠤᠯᠵᠤ ᠪᠠᠢᠨ᠎ᠠ᠃ ᠭᠡᠷ ᠡᠴᠡ ᠤᠢᠷᠠᠬᠠᠨ ᠮᠦᠷᠲᠡᠭᠡᠨ ᠴᠠᠯᠢᠡᠭ ᠨᠢ ᠪᠠᠰᠠ ᠦᠨᠳᠦᠷ ᠶᠤᠮ᠃ ᠰᠠᠶᠢ ᠠᠵᠢᠯᠯᠠᠬᠤ ᠳ᠋ᠠᠭᠠᠨ ᠶᠠᠭᠤ ᠴᠦ᠍ ᠴᠢᠳᠠᠬᠤ ᠦᠭᠡᠢ ᠪᠠᠢᠭᠰᠠᠨ ᠶ᠋ᠢᠠᠨ ᠤᠳᠤ ᠨᠢᠭᠡᠨᠲᠡ ᠬᠤᠷᠤᠳ᠂ ᠦᠷᠦᠮ᠎ᠡ᠂ ᠴᠤᠷ᠎ᠡ᠂ ᠴᠦᠴᠦᠭᠡᠢ ᠁ ᠡᠯ᠎ᠡ ᠵᠦᠢᠯ ᠤ᠋ᠨ ᠴᠠᠭᠠᠨ ᠢᠳᠡᠭᠡᠨ ᠬᠢᠬᠦ ᠮᠡᠷᠭᠡᠵᠢᠯ ᠳ᠋ᠦ ᠮᠡᠷᠭᠡᠰᠢᠵᠦ᠂ ᠵᠢᠯ ᠤ᠋ᠨ ᠤᠷᠤᠯᠭ᠎ᠠ 5 ᠲᠦᠮᠡ ᠭᠠᠷᠤᠢ ᠲᠦᠭᠦᠷᠢᠭ ᠲᠦ᠍ ᠬᠦᠷᠴᠦ ᠪᠠᠢᠨ᠎ᠠ》 ᠭᠡᠵᠦ ᠺᠤᠮᠫᠠᠨᠢ ᠶ᠋ᠢᠨ ᠠᠵᠢᠯᠴᠢᠨ ᠬ᠍ᠦ ᠰᠢᠶᠤᠤ ᠽᠢ ᠪᠠᠶᠠᠷᠲᠠᠢ ᠬᠡᠯᠡᠨ᠎ᠡ᠃

《ᠪᠢ ᠬᠤᠶᠠᠷ ᠡᠳᠦᠷ ᠡᠴᠡ ᠪᠠᠰᠠ ᠲᠦᠡᠭᠯᠢᠶᠤᠤ ᠬᠤᠲᠠ ᠳ᠋ᠦ ᠬᠦᠷᠴᠦ ᠰᠢᠨ᠎ᠡ ᠪᠦᠲᠦᠭᠡᠭᠳᠡᠭᠦᠨ  ᠤ᠋ ᠪᠤᠯᠪᠠᠰᠤᠷᠠᠯ ᠳ᠋ᠦ ᠤᠷᠤᠯᠴᠠᠬᠤ ᠭᠡᠵᠦ ᠪᠠᠢᠨ᠎ᠠ᠃ ᠤᠯᠠᠮᠵᠢᠯᠠᠯᠲᠤ ᠴᠠᠭᠠᠨ ᠢᠳᠡᠭᠡᠨ ᠤ᠋ ᠪᠠᠨ ᠳᠠᠪᠠᠭᠤᠯᠢᠭ ᠢ᠋ ᠪᠠᠳᠠᠷᠠᠭᠤᠯᠤᠨ ᠭᠡᠷᠡᠭᠯᠡᠭᠴᠢᠳ ᠲᠦ᠍ ᠴᠢᠨᠠᠷ ᠰᠠᠢᠲᠠᠢ᠂ ᠰᠢᠮ᠎ᠡ ᠲᠡᠵᠢᠭᠡᠯ ᠰᠠᠢᠲᠠᠢ ᠴᠠᠭᠠᠨ ᠢᠳᠡᠭᠡᠨ ᠵᠢᠡᠨ ᠵᠤᠭᠤᠭᠯᠠᠭᠤᠯᠬᠤ ᠪᠤᠯ ᠮᠢᠨᠦ ᠬᠦᠰᠡᠯ ᠬᠦᠭᠡᠭᠡᠴᠡᠯᠳᠦᠯ ᠶᠤᠮ᠃ ᠴᠠᠭᠠᠨ ᠢᠳᠡᠭᠡᠨ ᠤ᠋ ᠦᠢᠯᠡᠰ ᠶ᠋ᠢᠡᠨ ᠤᠯᠠᠮ ᠰᠠᠢᠨ ᠬᠦᠭᠵᠢᠭᠦᠯᠵᠤ᠂ ᠰᠦ ᠶ᠋ᠢᠨ ᠦᠢᠯᠡᠰ ᠢ᠋ ᠬᠦᠭᠵᠢᠭᠦᠯᠦᠨ ᠮᠠᠨᠳᠤᠭᠤᠯᠬᠤ ᠳ᠋ᠦ ᠦᠴᠦᠬᠡᠨ ᠴᠦ᠍ ᠭᠡᠰᠡᠨ ᠬᠤᠪᠢ ᠨᠡᠮᠡᠷᠢ ᠪᠠᠨ ᠦᠵᠡᠭᠦᠯᠦᠶ᠎ᠡ》 ᠭᠡᠵᠦ ᠲᠡᠷᠭᠡᠯ ᠢᠳᠡᠬᠡᠯ ᠲᠡᠬᠦᠯᠳᠡᠷ ᠶᠠᠷᠢᠵᠤ ᠪᠠᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号