5 ᠰᠠᠷ᠎ᠠ ᠶ᠋ᠢᠨ ᠳᠤᠮᠳᠠᠴᠢ ᠪᠡᠷ᠂ ᠲᠦᠡᠭᠯᠢᠶᠤᠤ ᠬᠤᠲᠠ ᠶ᠋ᠢᠨ ᠨᠠᠢ᠍ᠮᠠᠨ ᠬᠤᠰᠢᠭᠤᠨ ᠤ᠋ ᠳᠠᠴᠢᠨᠲᠠᠯ᠎ᠠ ᠪᠠᠯᠭᠠᠰᠤ ᠵᠢᠨ ᠰᠢᠡᠭ ᠯᠦᠡᠭ ᠵᠤᠸᠠᠡᠭ ᠲᠤᠰᠬᠤᠨ ᠤ᠋ ᠲᠠᠷᠢᠶᠠᠴᠢᠨ ᠰᠦᠨ ᠱᠦ᠍ ᠵᠢᠤᠸᠠᠨᠤ ᠬᠢᠪᠡᠷ ᠬᠦᠷᠭᠦᠳᠤ᠂ ᠲᠡᠳᠡ ᠵᠢᠮᠢᠰ ᠤ᠋ᠨ ᠮᠤᠳᠤᠨ ᠳ᠋ᠠᠭᠠᠨ ᠪᠤᠷᠳᠤᠭᠤᠷ ᠤᠷᠤᠭᠤᠯᠵᠤ᠂ ᠬᠠᠵᠠᠭᠤ ᠳ᠋ᠤᠨᠢ ᠮᠡᠷᠭᠡᠵᠢᠯ ᠤ᠋ᠨ ᠠᠵᠢᠯᠲᠠᠳ ᠰᠠᠯᠠᠭ᠎ᠠ ᠳᠠᠷᠤᠬᠤ ᠠᠵᠢᠯ ᠳ᠋ᠦ ᠶᠠᠭᠠᠷᠠᠯᠳᠤᠵᠤ ᠪᠠᠢᠯ᠎ᠠ᠃
《ᠪᠢᠳᠡ ᠤᠤᠯ ᠡᠴᠡ ᠪᠠᠨ 7 ᠮᠦ᠍ ᠵᠢᠮᠢᠰ ᠤ᠋ᠨ ᠮᠤᠳᠤ ᠲᠠᠢ ᠶᠤᠮ᠂ ᠤᠳᠤ ᠬᠠᠢᠲᠠᠡᠭ ᠵᠢᠮᠢᠰᠤᠨ ᠮᠤᠳᠤ ᠲᠠᠷᠢᠵᠤ᠂ ᠲᠤᠰᠬᠤᠨ ᠡᠴᠡ ᠬᠡᠪᠴᠢᠶᠡᠵᠢᠭᠦᠯᠦᠨ ᠡᠵᠡᠡᠭᠨᠡᠵᠦ᠂ ᠵᠢᠮᠢᠰ ᠤ᠋ᠨ ᠮᠤᠲᠤᠨ ᠤ᠋ ᠤᠷᠭᠤᠯᠲᠠ ᠶ᠋ᠢᠨ ᠪᠦᠬᠦ ᠦᠶᠡᠯᠡᠯ ᠤ᠋ᠨ ᠶᠠᠪᠤᠴᠠ ᠳ᠋ᠦ ᠲᠤᠰᠬᠠᠢ ᠮᠡᠷᠭᠡᠵᠢᠯ ᠤ᠋ᠨ ᠦᠢᠯᠡᠴᠢᠯᠡᠭᠡ ᠬᠠᠡᠭᠭᠠᠭᠰᠠᠨ ᠡᠴᠡ ᠤᠷᠤᠯᠭ᠎ᠠ ᠴᠦ᠍ ᠳᠠᠬᠢᠨ ᠶ᠋ᠢᠡᠷ ᠨᠡᠮᠡᠭᠳᠡᠪᠡ》 ᠭᠡᠵᠦ ᠰᠦᠨ ᠱᠦ᠍ ᠵᠢᠤᠸᠠᠨ ᠠᠵᠢᠯ ᠳ᠋ᠠᠭᠠᠨ ᠶᠠᠭᠠᠷᠠᠬᠤ ᠶ᠋ᠢᠨ ᠳᠠᠭᠠᠤ ᠪᠢᠳᠡᠨ ᠳ᠋ᠤ ᠬᠡᠯᠡᠨ᠎ᠠ᠃
ᠰᠢᠡᠭ ᠯᠦᠡᠭ ᠵᠤᠸᠠᠡᠭ ᠲᠤᠰᠬᠤᠨ 1992 ᠤᠨ ᠡᠴᠡ ᠡᠬᠢᠯᠠᠨ 3000 ᠭᠠᠷᠤᠢ ᠮᠦ᠍ ᠤᠯᠢᠶᠠᠰᠤᠨ ᠮᠤᠳᠤ ᠵᠢᠨ ᠵᠢᠨᠨ ᠤᠷᠤᠨ ᠳ᠋ᠤᠨᠢ ᠠᠭᠠᠯᠢᠭ ᠠᠯᠢᠮ᠎ᠠ ᠵᠢᠨ ᠮᠤᠳᠤ ᠲᠠᠷᠢᠵᠤ ᠲᠤᠰᠬᠤᠨ ᠤ᠋ ᠠᠷᠠᠳ ᠤ᠋ᠨ ᠶ᠋ᠢᠡᠨ ᠤᠷᠤᠯᠭ᠎ᠠ ᠵᠢ ᠨᠡᠮᠡᠭᠳᠡᠭᠦᠯᠬᠦ ᠰᠢᠨ᠎ᠠ ᠠᠷᠭ᠎ᠠ ᠵᠠᠮ ᠢ᠋ ᠰᠦᠪᠡᠭᠴᠢᠯᠡᠪᠡ᠃ 10 ᠭᠠᠷᠤᠢ ᠵᠢᠯ ᠤ᠋ᠨ ᠬᠠᠳᠠᠭᠤ ᠴᠢᠷᠮᠠᠢᠯᠭ᠎ᠠ ᠪᠡᠷ ᠳᠠᠮᠵᠢᠨ ᠲᠡᠳᠡ ᠠᠭᠠᠯᠢᠭ ᠠᠯᠢᠮ᠎ᠠ ᠶ᠋ᠢᠨ ᠤᠢ ᠵᠢ ᠪᠤᠢᠵᠢᠭᠤᠯᠵᠤ᠂ ᠪᠦᠬᠦ ᠪᠠᠯᠭᠠᠰᠤᠨ ᠤ᠋ ᠪᠠᠨ ᠵᠢᠮᠢᠰ ᠤ᠋ᠨ ᠤᠢ ᠶ᠋ᠢᠨ ᠠᠵᠤ ᠦᠢᠯᠡᠰ ᠤ᠋ᠨ ᠬᠦᠭᠵᠢᠯᠲᠡ ᠳ᠋ᠦ 《ᠨᠢᠳᠤᠨ ᠳ᠋ᠦ ᠦᠵᠡᠭᠳᠡᠵᠦ ᠭᠠᠷ ᠲᠦ᠍ ᠪᠠᠷᠢᠭᠳᠠᠮ᠎ᠠ》 ᠦᠯᠢᠭᠡᠷ ᠵᠢᠱ᠌ᠢᠶ᠎ᠡ ᠬᠠᠡᠭᠭᠠᠪᠠ᠃ ᠭᠡᠪᠡᠴᠦ ᠵᠠᠬ᠎ᠠ ᠳᠡᠯᠭᠡᠭᠦᠷ ᠤ᠋ᠨ ᠬᠡᠯᠪᠡᠯᠵᠡᠯ᠂ ᠠᠭᠠᠯᠢᠭ ᠠᠯᠢᠮ᠎ᠠ ᠶ᠋ᠢᠨ ᠦᠨᠦᠷ ᠠᠮᠲᠠ ᠳᠠᠡᠭ ᠴᠤᠯᠭᠤᠢ᠂ ᠪᠤᠷᠤᠯᠠᠭᠤᠯᠭ᠎ᠠ ᠶ᠋ᠢᠨ ᠠᠷᠭ᠎ᠠ ᠵᠠᠮ ᠢᠪᠴᠦᠦ᠂ ᠠᠷᠠᠴᠢᠯᠠᠨ ᠬᠠᠮᠠᠭᠠᠯᠠᠬᠤ ᠮᠡᠷᠭᠡᠵᠢᠯ ᠬᠦᠷᠦᠯᠴᠡᠬᠦ ᠦᠭᠡᠢ᠂ ᠡᠳᠦᠷ ᠲᠤᠳᠤᠮ ᠤ᠋ᠨ ᠬᠠᠮᠢᠶᠠᠷᠤᠯᠲᠠ ᠪᠦᠳᠦᠭᠦᠯᠢᠭ ᠵᠡᠷᠬᠡ ᠡᠴᠡ ᠪᠤᠯᠤᠭᠠᠳ ᠵᠢᠮᠢᠰ ᠤ᠋ᠨ ᠶᠡᠬᠡ ᠪᠠᠭ᠎ᠠ᠂ ᠶᠠᠰᠤ ᠴᠢᠨᠠᠷ ᠨᠢ ᠴᠦᠮ ᠠᠳᠠᠯᠢ ᠪᠤᠰᠤ ᠪᠠᠢᠵᠤ᠂ ᠵᠢᠮᠢᠰ ᠤ᠋ᠨ ᠤᠢ ᠶ᠋ᠢᠨ ᠠᠵᠤ ᠠᠬᠤᠢ ᠨᠢ ᠬᠦᠭᠵᠢᠯᠲᠡ ᠶ᠋ᠢᠨ ᠪᠤᠭᠤᠮᠢ ᠶ᠋ᠢᠨ ᠠᠰᠠᠭᠤᠳᠠᠯ ᠳ᠋ᠦ ᠲᠤᠯᠭᠠᠷᠠᠪᠠ᠃
2021 ᠤᠨ ᠳ᠋ᠦ ᠲᠤᠰᠬᠤᠨ ᠤ᠋ ᠬᠤᠶᠠᠷ ᠵᠦᠪᠯᠡᠯ ᠤ᠋ᠨ ᠬᠢᠨ ᠵᠠᠬ᠎ᠠ ᠳᠡᠯᠭᠡᠭᠦᠷ ᠤ᠋ᠨ ᠭᠡᠷᠡᠭᠴᠡᠭᠡ ᠱᠠᠭᠠᠷᠳᠠᠯᠭ᠎ᠠ ᠳ᠋ᠦ ᠠᠡᠭᠬᠠᠷᠤᠯ ᠶ᠋ᠢᠡᠨ ᠲᠦᠪᠯᠡᠷᠡᠭᠦᠯᠦᠨ᠂ ᠨᠠᠷᠢᠨ ᠭᠦᠨᠵᠡᠭᠡᠢ ᠨᠢᠭᠳᠠᠯᠠᠨ ᠪᠤᠳᠤᠯᠬᠢᠯᠠᠭᠰᠠᠨ ᠰᠠᠭᠤᠷᠢᠨ ᠲᠠᠬᠡᠷ᠎ᠠ ᠠᠭᠠᠯᠢᠭ ᠠᠯᠢᠮ᠎ᠠ ᠶ᠋ᠢᠨ ᠮᠤᠳᠤ ᠪᠠᠨ ᠪᠦᠬᠦᠨ ᠢ᠋ ᠠᠵᠤ ᠠᠬᠤᠢ ᠶ᠋ᠢᠨ ᠦᠷᠳᠡᠭ ᠶ᠋ᠢᠡᠷ ᠨᠡᠡᠭ ᠦᠨᠳᠦᠷ᠂ ᠵᠠᠬ᠎ᠠ ᠲᠠᠯᠬᠡᠬᠦᠷ ᠤ᠋ᠨ ᠬᠠᠯᠠᠭᠤᠨ ᠬᠦᠷᠢᠶᠡᠯᠡᠯ ᠢ᠋ ᠤᠯᠵᠤ ᠪᠠᠢᠭ᠎ᠠ ᠬᠠᠢᠲᠠᠡᠭ ᠵᠢᠮᠢᠰ ᠤ᠋ᠨ ᠮᠤᠳᠤ ᠪᠡᠷ ᠰᠤᠯᠢᠬᠤ ᠪᠡᠷ ᠲᠤᠭᠲᠠᠪᠠ᠃ ᠡᠢᠨ ᠬᠦ᠌ ᠲᠡᠳᠡ ᠲᠤᠬᠠᠢ ᠶ᠋ᠢᠨ ᠵᠢᠯ ᠳ᠋ᠡᠭᠡᠨ ᠤᠤᠯ ᠤ᠋ᠨ 3000 ᠭᠠᠷᠤᠢ ᠮᠦ᠍ ᠠᠭᠠᠯᠢᠭ ᠠᠯᠢᠮ᠎ᠠ ᠶ᠋ᠢᠨ ᠮᠤᠳᠤ ᠪᠠᠨ ᠬᠠᠢᠲᠠᠡᠭ ᠵᠢᠮᠢᠰ ᠤ᠋ᠨ ᠮᠤᠳᠤ ᠪᠡᠷ ᠰᠤᠯᠢᠬᠤ ᠶ᠋ᠢᠨ ᠬᠠᠮᠳᠤ ᠪᠠᠰᠠ 1000 ᠭᠠᠷᠤᠢ ᠮᠦ᠍ ᠨᠡᠮᠡᠨ ᠵᠠᠢᠯᠠᠵᠤ᠂ ᠵᠢᠮᠢᠰ ᠤ᠋ᠨ ᠤᠢ ᠶ᠋ᠢᠨ ᠬᠦᠷᠢᠶ᠎ᠡ ᠬᠡᠪᠴᠢᠶ᠎ᠡ ᠪᠠᠨ 5000 ᠮᠦ᠍ ᠳ᠋ᠦ ᠬᠦᠷᠭᠡᠪᠡ᠃ ᠰᠢᠨᠡᠳᠭᠡᠨ ᠵᠠᠢᠯᠠᠭᠰᠠᠨ ᠵᠢᠮᠢᠰ ᠤ᠋ᠨ ᠮᠤᠳᠤ ᠨᠢ ᠵᠢᠮᠢᠰᠯᠡᠵᠤ ᠡᠬᠢᠯᠡᠭᠰᠡᠨ ᠤ᠋ ᠲᠠᠷᠠᠭ᠎ᠠ ᠵᠢᠯ ᠤ᠋ᠨ ᠭᠠᠷᠤᠯᠲᠠ ᠨᠢ 450 ᠲᠦᠮᠡᠨ ᠵᠢᠡᠭ ᠢ᠋ ᠳᠠᠪᠠᠵᠤ᠂ ᠮᠦ᠍ ᠨᠢᠭᠡᠴᠢ ᠶ᠋ᠢᠨ ᠨᠡᠢᠳᠡᠮ ᠤ᠋ᠨ ᠤᠷᠤᠯᠭ᠎ᠠ ᠨᠢ 2000 — 3000 ᠳᠦᠭᠦᠷᠢᠭ ᠲᠦ᠍ ᠬᠦᠷᠴᠦ᠂ ᠵᠠᠬ᠎ᠠ ᠳᠡᠯᠭᠡᠭᠦᠷ ᠤ᠋ᠨ ᠦᠨ᠎ᠡ ᠬᠠᠡᠭᠰᠢ ᠰᠠᠢᠨ ᠦᠶ᠎ᠡ ᠳ᠋ᠦ ᠮᠦ᠍ ᠨᠢᠭᠡᠴᠢ ᠶ᠋ᠢᠨ ᠳᠤᠮᠳᠠᠴᠢ ᠤᠷᠤᠯᠭ᠎ᠠ ᠨᠢ 7000 ᠲᠦᠭᠦᠷᠢᠭ ᠢ᠋ ᠳᠠᠪᠠᠵᠦ᠂ ᠠᠭᠠᠯᠢᠭ ᠠᠯᠢᠮ᠎ᠠ ᠲᠠᠢ ᠬᠠᠷᠢᠴᠠᠭᠤᠯᠪᠠᠯ ᠤᠷᠤᠯᠭ᠎ᠠ ᠨᠢ ᠳᠠᠬᠢᠨ ᠶ᠋ᠢᠡᠷ ᠨᠡᠮᠡᠭᠳᠡᠭᠰᠡᠨ ᠠᠵᠢ᠃
《ᠤᠳᠤ ᠮᠠᠨ ᠤ᠋ ᠵᠢᠮᠢᠰ ᠤ᠋ᠨ ᠪᠤᠷᠤᠯᠠᠭᠤᠯᠭ᠎ᠠ ᠶ᠋ᠢᠨ ᠦᠨ᠎ᠡ ᠵᠢᠡᠭ ᠪᠦᠷᠢ ᠳ᠋ᠡᠭᠡᠨ 4 ᠲᠦᠭᠦᠷᠢᠭ ᠲᠦ᠍ ᠬᠦᠷᠴᠦ᠂ ᠶᠠᠰᠤ ᠴᠢᠨᠠᠷ ᠶ᠋ᠢᠡᠷ ᠠᠨᠠᠢᠬᠠᠨ ᠵᠢᠮᠢᠰ ᠨᠢ ᠴᠦ᠍ ᠵᠢᠡᠭ ᠳ᠋ᠡᠭᠡᠨ 2.5 ᠲᠦᠭᠦᠷᠢᠭ ᠲᠦ᠍ ᠬᠦᠷᠴᠦ ᠪᠠᠢᠨ᠎ᠠ》 ᠭᠡᠵᠦ ᠰᠦᠨ ᠱᠦ᠍ ᠵᠢᠤᠸᠠᠨ ᠪᠠᠶᠠᠷᠲᠠᠢᠬᠠᠨ ᠶᠡᠷᠢᠵᠤ ᠪᠠᠢᠯ᠎ᠠ᠃
ᠪᠦᠳᠦᠬᠡᠭᠳᠡᠬᠦᠨ ᠤ᠋ ᠪᠠᠨ ᠦᠷᠳᠡᠭ ᠢ᠋ ᠨᠡᠮᠡᠭᠳᠡᠬᠦᠯᠬᠦ ᠭᠤᠤᠯ ᠠᠨᠢᠰᠤ ᠨᠢ ᠪᠤᠷᠤᠯᠠᠭᠤᠯᠭ᠎ᠠ ᠶ᠋ᠢᠨ ᠠᠷᠭ᠎ᠠ ᠵᠠᠮ ᠳ᠋ᠤ ᠪᠤᠢ᠃ ᠲᠡᠳᠡ ᠵᠢᠷᠬᠢᠶ᠎ᠡ ᠶ᠋ᠢᠨ ᠲᠠᠪᠴᠠᠡᠭ ᠶ᠋ᠢᠡᠷ ᠤᠬᠠᠭᠤᠯᠭ᠎ᠠ ᠵᠠᠷ ᠲᠠᠯᠪᠢᠵᠤ᠂ ᠬᠠᠵᠠᠭᠤ ᠬᠠᠪᠢ ᠶ᠋ᠢᠨ ᠬᠡᠷᠡᠭᠯᠡᠭᠴᠢᠳ ᠴᠦ᠍ ᠠᠮᠠ ᠳᠠᠮᠵᠢᠨ ᠤᠯᠠᠮᠵᠢᠯᠠᠭᠰᠠᠨ ᠡᠴᠡ ᠰᠢᠡᠭ ᠯᠦᠡᠭ ᠵᠤᠸᠠᠡᠭ ᠲᠤᠰᠬᠤᠨ ᠤ᠋ ᠬᠠᠢᠲᠠᠡᠭ ᠵᠢᠮᠢᠰ ᠠᠭᠠᠵᠢᠮ ᠶ᠋ᠢᠡᠷ ᠠᠯᠳᠠᠷ ᠨᠡᠷ᠎ᠡ ᠮᠠᠨᠳᠤᠵᠤ᠂ ᠵᠠᠬ᠎ᠠ ᠳᠡᠯᠭᠡᠭᠦᠷ ᠳᠡᠭᠡᠷ᠎ᠡ ᠦᠪᠡᠷ ᠤ᠋ᠨ ᠭᠡᠰᠡᠨ ᠤᠷᠤᠨ ᠵᠠᠢ ᠪᠠᠨ ᠤᠯᠪᠠ᠃ ᠤᠳᠤ ᠲᠤᠰᠬᠤᠨ ᠡᠴᠡ ᠨᠢᠬᠡᠨᠳᠡ 《ᠰᠦᠯᠵᠢᠶ᠎ᠡ + ᠲᠤᠬᠠᠢ ᠶ᠋ᠢᠨ ᠲᠠᠯᠠᠪᠠᠢ》 ᠶ᠋ᠢᠨ ᠤᠯᠠᠨ ᠡᠰᠢᠵᠢᠭᠰᠡᠨ ᠪᠤᠷᠤᠯᠠᠭᠤᠯᠭ᠎ᠠ ᠶ᠋ᠢᠨ ᠲᠤᠤᠷ ᠢ᠋ ᠪᠠᠢᠭᠤᠯᠵᠤ᠂ ᠤᠷᠤᠯᠠᠵᠤ ᠬᠤᠳᠠᠯᠳᠤᠨ ᠠᠪᠬᠤ ᠦᠷᠲᠡᠭᠡ ᠴᠡᠭ ᠲᠤᠬᠢᠷᠠᠭᠤᠯᠬᠤ ᠵᠢᠨ ᠬᠠᠮᠳᠤ ᠬᠦᠢᠲᠡᠨ ᠶ᠋ᠢᠡᠷ ᠬᠠᠳᠠᠭᠠᠯᠠᠬᠤ ᠲᠦᠬᠦᠭᠡᠷᠦᠮᠵᠢ ᠤᠭᠰᠠᠷᠠᠵᠦ᠂ ᠤᠷᠬᠢᠯ ᠤ᠋ᠨ ᠬᠤᠭᠤᠴᠠᠭ᠎ᠠ ᠵᠢ ᠵᠦᠷᠢᠭᠦᠯᠦᠨ ᠪᠤᠷᠤᠯᠠᠭᠤᠯᠵᠤ ᠠᠰᠢᠭ ᠤᠷᠤᠯᠭ᠎ᠠ ᠪᠠᠨ ᠤᠯᠠᠮ ᠨᠡᠮᠡᠭᠳᠡᠬᠦᠯᠵᠤ ᠪᠠᠢᠨ᠎ᠠ᠃
ᠵᠢᠯ ᠪᠤᠯᠭᠠᠨ ᠤ᠋ ᠵᠢᠮᠢᠰ ᠪᠤᠷᠤᠯᠠᠭᠤᠯᠬᠤ ᠬᠦᠭᠵᠢᠶᠨᠨᠲᠡᠢ ᠤᠯᠠᠷᠢᠯ ᠪᠤᠯᠤᠭᠰᠠᠭᠠᠷ ᠪᠦᠬᠦ ᠤᠯᠤᠰ ᠤ᠋ᠨ ᠡᠯ᠎ᠡ ᠭᠠᠵᠠᠷ ᠤ᠋ᠨ ᠬᠡᠳᠦᠨ ᠠᠷᠪᠠᠨ ᠬᠤᠳᠠᠯᠳᠤᠭᠠᠴᠢᠨ ᠰᠠᠨᠠᠭᠠᠴᠢᠯᠠᠭ᠎ᠠ ᠡᠴᠡ ᠪᠠᠨ ᠬᠠᠷᠢᠴᠠᠵᠤ᠂ ᠨᠡᠷ᠎ᠡ ᠨᠦᠯᠦᠭᠡ ᠲᠠᠢ ᠰᠦᠯᠵᠢᠶᠡᠨ ᠤᠳᠤᠳ ᠵᠢᠮᠢᠰ ᠤ᠋ᠨ ᠤᠢ ᠳ᠋ᠦ ᠰᠢᠭᠤᠳ ᠨᠡᠪᠲᠡᠷᠡᠭᠦᠯᠭᠡ ᠬᠢᠵᠤ ᠬᠠᠪᠰᠤᠷᠤᠨ ᠪᠤᠷᠤᠯᠠᠭᠤᠯᠳᠠᠭ᠃ ᠡᠳᠦᠬᠡ ᠰᠢᠡᠭ ᠯᠦᠡᠭ ᠵᠤᠸᠠᠡᠭ ᠲᠤᠰᠬᠤᠨ ᠤ᠋ ᠬᠠᠢᠲᠠᠡᠭ ᠵᠢᠮᠢᠰ ᠨᠢ ᠤᠯᠤᠰ ᠤ᠋ᠨ ᠳᠤᠳᠤᠭᠠᠳᠤ ᠶ᠋ᠢᠨ ᠡᠯ᠎ᠡ ᠮᠤᠵᠢ ᠬᠤᠳᠠ ᠤᠷᠤᠨ ᠵᠢᠴᠢ ᠭᠠᠳᠠᠭᠰᠢ ᠪᠠᠨ ᠵᠡᠭᠦᠨ ᠡᠮᠦᠨᠡᠲᠦ ᠠᠽᠢᠶ᠎ᠡ᠂ ᠤᠷᠤᠰ ᠵᠡᠷᠭᠡ ᠤᠯᠤᠰ ᠤᠷᠤᠨ ᠳ᠋ᠦ ᠦᠷᠭᠡᠨ ᠶ᠋ᠢᠡᠷ ᠪᠤᠷᠤᠯᠠᠭᠤᠯᠤᠭᠳᠠᠵᠤ ᠪᠠᠢᠨ᠎ᠠ᠃ ᠡᠨᠡ ᠬᠦ᠌ ᠪᠤᠷᠤᠯᠠᠭᠤᠯᠭ᠎ᠠ ᠶ᠋ᠢᠨ ᠲᠤᠤᠷ ᠨᠢ ᠦᠬᠡᠷ᠎ᠠ ᠪᠤᠰᠤᠳ ᠲᠤᠰᠬᠤᠨ ᠤ᠋ ᠵᠢᠮᠢᠰ ᠤ᠋ᠨ ᠮᠤᠳᠤ ᠲᠠᠢ ᠲᠠᠷᠢᠶᠠᠴᠢᠳ ᠲᠦ᠍ ᠪᠠᠰᠠ ᠵᠢᠮᠢᠰ ᠶ᠋ᠢᠡᠨ ᠤᠢᠷ᠎ᠠ ᠬᠠᠪᠢ ᠳ᠋ᠠᠭᠠᠨ ᠪᠤᠷᠤᠯᠠᠭᠤᠯᠬᠤ ᠲᠠᠪᠴᠠᠡᠭ ᠬᠠᠡᠭᠭᠠᠵᠤ᠂ ᠪᠦᠬᠦ ᠪᠠᠯᠭᠠᠰᠤᠨ ᠤ᠋ ᠰᠢᠨ᠎ᠡ ᠰᠤᠷᠭᠤᠭ ᠵᠢᠮᠢᠰ ᠤ᠋ᠨ ᠪᠤᠷᠤᠯᠠᠭᠤᠯᠭ᠎ᠠ ᠶ᠋ᠢᠨ ᠲᠤᠭᠲᠠᠭᠤᠨ ᠨᠡᠮᠡᠭᠳᠡᠯ ᠢ᠋ ᠳᠠᠢᠴᠢᠯᠠᠪᠠ᠃
ᠦᠢᠯᠡᠳᠪᠦᠷᠢᠯᠡᠯ ᠪᠤᠷᠤᠯᠠᠭᠤᠯᠭ᠎ᠠ ᠶ᠋ᠢᠨ ᠬᠤᠤᠰ ᠨᠡᠮᠡᠭᠳᠡᠯ ᠨᠢ ᠮᠡᠷᠭᠡᠵᠢᠯ ᠤ᠋ᠨ ᠦᠢᠯᠡᠴᠢᠯᠡᠭᠡ ᠡᠴᠡ ᠰᠠᠯᠵᠤ ᠴᠢᠳᠠᠬᠤ ᠦᠭᠡᠢ ᠶᠤᠮ᠃ 2017 ᠤᠨ ᠳ᠋ᠦ ᠵᠠᠯᠠᠭᠤ ᠲᠠᠷᠢᠶᠠᠴᠢᠨ ᠴᠠᠡᠭ ᠭᠦᠸᠸ ᠯᠢᠨ ᠲᠤᠰᠬᠤᠨ ᠤ᠋ ᠪᠠᠨ ᠨᠤᠲᠤᠭ ᠤ᠋ᠨ ᠮᠡᠷᠭᠡᠵᠢᠯᠲᠡᠳ ᠢ᠋ ᠴᠤᠭᠯᠠᠭᠤᠯᠵᠤ᠂ ᠵᠢᠮᠢᠰ ᠤ᠋ᠨ ᠮᠤᠳᠤᠨ ᠤ᠋ ᠮᠡᠷᠭᠡᠵᠢᠯ ᠤ᠋ᠨ ᠦᠢᠯᠡᠴᠢᠯᠡᠭᠡᠨ ᠤ᠋ ᠪᠦᠯᠬᠦᠮ ᠢ᠋ ᠪᠠᠢᠭᠤᠯᠪᠠ᠃《ᠮᠠᠨ ᠤ᠋ ᠪᠦᠯᠬᠦᠮ ᠮᠦᠴᠢᠷ ᠱᠤᠯᠤᠬᠤ᠂ ᠰᠠᠯᠠᠭ᠎ᠠ ᠳᠠᠷᠤᠬᠤ᠂ ᠨᠠᠮᠠᠭ᠎ᠠ ᠵᠠᠰᠠᠬᠤ ᠭᠡᠭᠦᠴᠢᠯᠡᠨ ᠵᠢᠮᠢᠰ ᠤ᠋ᠨ ᠮᠤᠳᠤᠨ ᠤ᠋ ᠤᠷᠭᠤᠯᠳᠠ ᠵᠢᠨ ᠪᠦᠬᠦ ᠦᠶᠡᠯᠡᠯ ᠤ᠋ᠨ ᠶᠠᠪᠤᠴᠠ ᠳ᠋ᠦ ᠮᠡᠷᠭᠡᠵᠢᠯ ᠤ᠋ᠨ ᠦᠢᠯᠡᠴᠢᠯᠡᠭᠡ ᠬᠠᠡᠭᠭᠠᠳᠠᠭ᠃ ᠤᠳᠤ ᠮᠠᠨ ᠤ᠋ ᠪᠦᠯᠬᠦᠮ ᠳ᠋ᠦ 15 ᠭᠡᠰᠢᠭᠦᠨ ᠲᠠᠢ᠂ ᠵᠢᠯ ᠤ᠋ᠨ ᠦᠢᠯᠡᠴᠢᠯᠡᠭᠡᠨ ᠤ᠋ ᠲᠠᠯᠠᠪᠠᠢ ᠲᠦᠮᠡᠨ ᠮᠦ᠍ ᠵᠢ ᠳᠠᠪᠠᠵᠤ ᠪᠠᠢᠨ᠎ᠠ》 ᠭᠡᠵᠦ ᠴᠠᠡᠭ ᠭᠦᠸᠸ ᠯᠢᠨ ᠲᠠᠨᠢᠯᠴᠠᠭᠤᠯᠤᠨ᠎ᠠ᠃
《ᠪᠢ ᠪᠤᠯ ᠡᠨᠡ ᠨᠤᠲᠤᠭ ᠤ᠋ᠨ ᠤᠤᠭᠠᠯ᠂ ᠠᠷᠪᠠᠨ ᠲᠠᠪᠤᠲᠠᠢ ᠡᠴᠡ ᠪᠠᠨ ᠵᠢᠮᠢᠰ ᠤ᠋ᠨ ᠮᠤᠳᠤ ᠲᠠᠷᠢᠵᠤ᠂ ᠤᠳᠤ ᠪᠤᠯᠬᠤ ᠳ᠋ᠦ 30 ᠭᠠᠷᠤᠢ ᠵᠢᠯ ᠤ᠋ᠨ ᠨᠢᠭᠤᠷ ᠦᠵᠡᠵᠦ ᠪᠠᠢᠨ᠎ᠠ᠃ ᠲᠤᠰ ᠪᠦᠯᠬᠦᠮ ᠳ᠋ᠦ ᠠᠵᠢᠯᠯᠠᠭᠠᠳ 10 ᠰᠢᠬᠠᠮ ᠵᠢᠯ ᠪᠤᠯᠵᠤ ᠪᠤᠢ᠃ ᠵᠢᠮᠢᠰ ᠤ᠋ᠨ ᠮᠤᠳᠤ ᠵᠢ ᠠᠷᠠᠴᠢᠯᠠᠨ ᠬᠠᠮᠠᠭᠠᠯᠠᠬᠤ ᠶᠠᠭᠠᠷᠠᠯᠲᠠᠢ ᠴᠠᠭ ᠪᠤᠯᠤᠭᠰᠠᠭᠠᠷ ᠪᠢᠳᠡ ᠴᠠᠡᠭ ᠭᠦᠸᠸ ᠯᠢᠨ ᠢ᠋ ᠳᠠᠭᠠᠵᠦ ᠡᠯ᠎ᠠ ᠭᠠᠵᠠᠷ ᠵᠢᠡᠷ ᠶᠠᠪᠤᠵᠤ᠂ ᠪᠤᠰᠤᠳ ᠭᠠᠴᠠᠭ᠎ᠠ ᠲᠤᠰᠬᠤᠨ ᠳ᠋ᠤ ᠬᠦᠷᠴᠦ ᠠᠵᠢᠯᠯᠠᠪᠠᠯ ᠴᠠᠭ ᠤ᠋ᠨ 35 ᠲᠦᠭᠦᠷᠢᠭ ᠤ᠋ᠨ ᠦᠢᠯᠡᠴᠢᠯᠡᠭᠡᠨ ᠤ᠋ ᠮᠦᠡᠭᠬᠦ ᠬᠤᠷᠢᠶᠠᠵᠤ᠂ ᠵᠢᠯ ᠤ᠋ᠨ ᠤᠷᠤᠯᠭ᠎ᠠ 5 ᠲᠦᠮᠡ ᠭᠠᠷᠤᠢ ᠲᠦᠭᠦᠷᠢᠭ ᠲᠦ᠍ ᠬᠦᠷᠴᠦ ᠪᠠᠢᠨ᠎ᠠ》ᠭᠡᠵᠤ ᠮᠡᠷᠭᠡᠵᠢᠯ ᠤ᠋ᠨ ᠦᠢᠯᠡᠴᠢᠯᠡᠭᠡᠨ ᠤ᠋ ᠪᠦᠯᠬᠦᠮ ᠤ᠋ᠨ ᠭᠡᠰᠢᠭᠦᠨ ᠯᠢᠦ ᠢᠦᠢ ᠮᠢᠡᠭ ᠶᠠᠷᠢᠵᠤ ᠪᠠᠢᠯ᠎ᠠ᠃
ᠤᠳᠠᠭᠠᠨ ᠵᠢᠯ ᠤ᠋ᠨ ᠲᠤᠷᠰᠢ᠂ ᠴᠠᠡᠭ ᠭᠦᠸᠸ ᠯᠢᠨ ᠭᠡᠰᠢᠭᠦᠳ ᠶ᠋ᠢᠡᠨ ᠳᠠᠭᠠᠭᠤᠯᠤᠨ ᠨᠠᠢ᠍ᠮᠠᠨ ᠬᠤᠰᠢᠭᠤᠨ ᠤ᠋ ᠵᠤᠬᠢᠶᠠᠨ ᠪᠠᠢᠭᠤᠯᠤᠭᠰᠠᠨ《ᠦᠨᠳᠦᠷ ᠬᠡᠪ ᠪᠤᠯᠪᠠᠰᠤᠷᠠᠯ ᠲᠠᠢ ᠲᠠᠷᠢᠶᠠᠴᠢᠨ ᠤ᠋ ᠪᠤᠯᠪᠠᠰᠤᠷᠠᠯ》 ᠵᠡᠷᠭᠡ ᠤᠯᠠᠨ ᠵᠦᠢᠯ ᠤ᠋ᠨ ᠲᠤᠰᠬᠠᠢ ᠮᠡᠷᠭᠡᠵᠢᠯ ᠤ᠋ᠨ ᠤᠷᠤᠯᠳᠤᠭᠠᠨ ᠪᠤᠯᠪᠠᠰᠤᠷᠠᠯ ᠳ᠋ᠦ ᠤᠷᠤᠯᠴᠠᠨ ᠮᠡᠷᠭᠡᠵᠢᠯ ᠶ᠋ᠢᠡᠨ ᠳᠡᠭᠡᠭᠰᠢᠯᠡᠭᠦᠯᠵᠦ᠂ ᠦᠪᠡᠷ ᠶ᠋ᠢᠡᠨ ᠨᠡᠡᠭ ᠴᠦ᠍ ᠦᠪᠡᠷᠲᠡᠭᠡᠨ ᠵᠠᠰᠠᠬᠤ ᠤᠷᠤᠨ ᠤ᠋ ᠳᠡᠰ ᠤ᠋ᠨ ᠳᠤᠮᠳᠠ ᠵᠡᠷᠭᠡ ᠶ᠋ᠢᠨ ᠲᠠᠷᠢᠶᠠᠯᠠᠡᠭ ᠤ᠋ᠨ ᠤᠷ᠎ᠠ ᠮᠡᠷᠭᠡᠵᠢᠯᠲᠡᠨ ᠤ᠋ ᠦᠨᠡᠮᠯᠡᠯ ᠢ᠋ ᠰᠢᠯᠭᠠᠨ ᠠᠪᠴᠤ᠂ ᠵᠢᠡᠭᠬᠢᠨᠢ ᠲᠤᠰᠬᠠᠢ ᠮᠡᠷᠭᠡᠵᠢᠯ ᠤ᠋ᠨ ᠠᠵᠢᠯᠲᠠᠨ ᠪᠤᠯᠵᠤ᠂ ᠨᠤᠲᠤᠭ ᠤ᠋ᠨ ᠲᠦᠮᠡᠨ ᠳ᠋ᠡᠭᠡᠨ ᠦᠢᠯᠡᠴᠢᠯᠡᠵᠦ ᠶᠠᠪᠤᠨ᠎ᠠ᠃
ᠰᠢᠡᠭ ᠯᠦᠡᠭ ᠵᠤᠸᠠᠡᠭ ᠲᠤᠰᠬᠤᠨ ᠵᠢᠮᠢᠰ ᠤ᠋ᠨ ᠤᠢ ᠶ᠋ᠢᠨ ᠦᠢᠯᠡᠰ ᠢ᠋ ᠬᠦᠭᠵᠢᠭᠦᠯᠵᠦ ᠲᠤᠰᠬᠤᠨ ᠤ᠋ ᠠᠷᠠᠳ ᠤ᠋ᠨ ᠶ᠋ᠢᠡᠨ ᠤᠷᠤᠯᠭ᠎ᠠ ᠵᠢ ᠨᠡᠮᠡᠭᠳᠡᠭᠦᠯᠬᠦ ᠶ᠋ᠢᠨ ᠬᠠᠮᠲᠤ ᠦᠪᠡᠷᠲᠡᠭᠡᠨ ᠵᠠᠰᠠᠬᠤ ᠤᠷᠤᠨ ᠤ᠋ ᠳᠡᠰ ᠤ᠋ᠨ《ᠨᠢᠭᠡ ᠲᠤᠰᠬᠤᠨ ᠳ᠋ᠤ ᠨᠢᠭᠡ ᠪᠦᠲᠦᠭᠡᠭᠳᠡᠭᠦᠨ ᠲᠠᠢ ᠪᠠᠢᠬᠤ》 ᠵᠢᠱ᠌ᠢᠶ᠎ᠡ ᠦᠵᠡᠭᠦᠯᠬᠦ ᠲᠤᠰᠬᠤᠨ ᠶ᠋ᠢᠡᠷ ᠦᠨᠡᠯᠡᠭᠳᠡᠪᠠ᠃ ᠵᠢᠯ ᠪᠤᠯᠭᠠᠨ ᠤ᠋ ᠵᠢᠮᠢᠰ ᠲᠡᠭᠦᠭᠦ ᠬᠦᠭᠵᠢᠶᠡᠨᠲᠠᠢ ᠤᠯᠠᠷᠢᠯ ᠳ᠋ᠦ ᠰᠢᠡᠭ ᠯᠦᠡᠭ ᠵᠤᠸᠠᠡᠭ ᠲᠤᠰᠬᠤᠨ ᠡᠳᠦᠷ ᠪᠦᠷᠢ ᠳᠤᠮᠳᠠᠴᠢ ᠪᠡᠷ 2000 ᠭᠠᠷᠤᠢ ᠬᠦᠮᠦᠨ ᠤᠳᠠᠭ᠎ᠠ ᠬᠦᠯᠦᠰᠤᠯᠠᠵᠤ᠂ ᠡᠳᠦᠷ ᠤ᠋ᠨ 150 ᠲᠦᠭᠦᠷᠢᠭ ᠤ᠋ᠨ ᠬᠦᠯᠦᠰᠤ ᠤᠯᠭᠤᠵᠤ᠂ ᠡᠷᠭᠢᠨ ᠲᠤᠭᠤᠷᠢᠨ ᠤ᠋ ᠪᠠᠨ ᠲᠠᠷᠢᠶᠠᠴᠢᠳ ᠲᠦ᠍ ᠤᠢᠷ᠎ᠡ ᠬᠠᠪᠢ ᠳ᠋ᠠᠭᠠᠨ ᠠᠵᠢᠯ ᠤᠯᠵᠤ ᠤᠷᠤᠯᠭ᠎ᠠ ᠪᠠᠨ ᠨᠡᠮᠡᠭᠳᠡᠭᠦᠯᠬᠦ ᠪᠦᠳᠦᠮᠵᠢᠳᠠᠢ ᠤᠷᠤᠨ ᠵᠠᠢ ᠬᠠᠩᠭᠠᠪᠠ᠃
ᠰᠢᠡᠭ ᠯᠦᠡᠭ ᠵᠤᠸᠠᠡᠭ ᠲᠤᠰᠬᠤᠨ ᠤ᠋ ᠨᠦᠯᠦᠬᠡᠯᠡᠯ ᠳᠠᠢᠴᠢᠯᠠᠯ ᠵᠢᠡᠷ ᠳᠠᠴᠢᠨᠲᠠᠯ᠎ᠠ ᠪᠠᠯᠭᠠᠰᠤ ᠵᠢᠨ ᠵᠢᠮᠢᠰ ᠤ᠋ᠨ ᠤᠢ ᠶ᠋ᠢᠨ ᠠᠵᠤ ᠦᠢᠯᠡᠰ ᠲᠠᠪᠠᠯᠳᠠ ᠶ᠋ᠢᠨ ᠴᠢᠨᠠᠷᠲᠠᠢ ᠬᠦᠭᠵᠢᠯᠲᠡ ᠵᠢ ᠪᠠᠶᠡᠯᠡᠭᠦᠯᠵᠠᠢ᠃ ᠵᠢᠮᠢᠰ ᠤ᠋ᠨ ᠮᠤᠳᠤᠨ ᠤ᠋ ᠲᠠᠯᠠᠪᠠᠢ ᠨᠢ 5 ᠵᠢᠯ ᠤ᠋ᠨ ᠡᠮᠦᠨᠡᠬᠢ 3.5 ᠲᠦᠮᠡᠨ ᠮᠦ᠍ ᠡᠴᠡ ᠪᠠᠨ ᠨᠡᠮᠡᠭᠳᠡᠬᠡᠳ ᠤᠳᠤ 4.2 ᠲᠦᠮᠡᠨ ᠮᠦ᠍ ᠳ᠋ᠦ ᠬᠦᠷᠴᠦ᠂ ᠭᠡᠷ ᠪᠦᠯᠢ ᠶ᠋ᠢᠨ ᠵᠢᠵᠢᠭ ᠵᠢᠮᠢᠰ ᠤ᠋ᠨ ᠬᠦᠷᠢᠶᠡᠯᠡᠡᠭ 550 ᠡᠷᠦᠬᠡ ᠪᠤᠯᠵᠤ ᠬᠦᠭᠵᠢᠨ᠂ 1000 ᠭᠠᠷᠤᠢ ᠲᠠᠷᠢᠶᠠᠯᠠᠬᠤ ᠡᠷᠦᠬᠡ ᠵᠢ ᠪᠦᠲᠦᠮᠵᠢᠲᠡᠢ ᠳᠠᠢᠴᠢᠯᠠᠵᠤ᠂ ᠵᠢᠯ ᠤ᠋ᠨ ᠵᠢᠮᠢᠰ ᠤ᠋ᠨ ᠭᠠᠷᠤᠯᠲᠠ ᠨᠢ 2500 ᠲᠦᠮᠡᠨ ᠵᠢᠡᠭ ᠳ᠋ᠦ ᠲᠤᠭᠲᠠᠪᠤᠷᠢᠵᠢᠵᠤ᠂ ᠪᠠᠯᠭᠠᠰᠤᠨ ᠤ᠋ ᠪᠠᠨ ᠳᠤᠯᠭᠠᠭᠤᠷᠢ ᠠᠵᠤ ᠦᠢᠯᠡᠰ ᠪᠤᠯᠵᠠᠢ᠃