ᠳᠡᠯᠡᠬᠡᠢ ᠶ᠋ᠢᠨ ᠠᠯᠲᠠᠨ ᠱᠠᠡᠭᠨᠠᠯ ᠢ᠋ ᠬᠦᠷᠲᠡᠭᠰᠡᠨ ᠦᠨᠢᠶᠡᠨ ᠰᠦ ᠶ᠋ᠢᠨ ᠵᠢᠶᠠᠡᠭᠶᠢᠤ
2026-05-25 16:15:52
ᠵᠣᠬᠢᠶᠠᠭ᠍ᠴᠢ᠄
ᠼᠠᠢ ᠬᠤᠡᠭ ᠪᠤᠤ ᠴᠢᠡᠭ ᠱᠸᠡᠭ ᠢᠳᠡᠷᠡᠬᠦᠨ ᠨᠠᠢᠷᠠᠭ
ᠣᠩᠱᠢᠭ᠍ᠰᠠᠨ ᠣᠳᠠᠭ᠎ᠠ᠄
★★★☆☆

《 ᠮᠠᠨ ᠤ᠋ ᠺᠤᠮᠫᠠᠨᠢ ᠶ᠋ᠢᠨ ᠦᠢᠯᠡᠳᠪᠦᠷᠢᠯᠡᠭᠰᠡᠨ ᠦᠨᠢᠶᠡᠨ ᠰᠦ ᠶ᠋ᠢᠨ ᠵᠢᠶᠠᠡᠭᠶᠢᠤ ᠪᠤᠯ ᠦᠨᠢᠶᠡᠨ ᠰᠦ᠂ ᠰᠢᠷ᠎ᠡ ᠪᠤᠷᠴᠠᠭ᠂ ᠨᠤᠬᠠᠢ ᠶ᠋ᠢᠨ ᠬᠤᠰᠢᠭᠤ᠂ ᠳᠠᠪᠤᠰᠤ ᠪᠡᠷ ᠲᠦᠬᠦᠬᠡᠢ ᠮᠠᠲᠸᠷᠢᠶᠠᠯ ᠪᠤᠯᠭᠠᠵᠠᠢ᠂ ᠬᠤᠯᠢᠴᠠ ᠦᠭᠡᠢ᠂ ᠠᠷᠢᠭᠤᠨ ᠴᠡᠪᠡᠷ ᠮᠦᠷᠳᠡᠭᠡᠨ ᠠᠮᠲᠠ ᠰᠢᠮ᠎ᠡ ᠰᠠᠢᠲᠠᠢ ᠶᠤᠮ 》 ᠭᠡᠵᠦ ᠦᠪᠦᠷ ᠮᠤᠡᠭᠭᠤᠯ ᠤ᠋ᠨ ᠭᠠᠨᠵᠤᠭ᠎ᠠ ᠢᠳᠡᠭᠡᠨ ᠤ᠋ ᠵᠦᠢᠯ ᠤ᠋ᠨ ᠬᠢᠵᠠᠭᠠᠷᠲᠤ ᠺᠤᠮᠫᠠᠨᠢ ᠶ᠋ᠢᠨ ᠳᠡᠳ᠋ ᠳᠠᠭᠠᠭᠠᠮᠠᠯ ᠪᠤᠤ ᠼᠦᠢ ᠮᠢᠡᠭ ᠰᠤᠷᠪᠤᠯᠵᠢᠯᠠᠭᠴᠢ ᠳ᠋ᠤ ᠬᠡᠯᠡᠨ᠎ᠠ᠃

ᠲᠠᠪᠤᠨ ᠰᠠᠷ᠎ᠠ ᠶ᠋ᠢᠨ ᠡᠬᠢ ᠪᠡᠷ᠂ ᠪᠢᠳᠡᠨ ᠤ᠋ ᠰᠤᠷᠪᠤᠯᠵᠢᠯᠠᠭ᠎ᠠ ᠶ᠋ᠢᠨ ᠳᠤᠭᠤᠢᠯᠠᠡᠭ ᠤ᠋ᠨ ᠬᠢᠨ ᠲᠦᠡᠭᠯᠢᠶᠤᠤ ᠬᠤᠲᠠ ᠶ᠋ᠢᠨ ᠬᠤᠷᠴᠢᠨ ᠵᠡᠭᠦᠨ ᠭᠠᠷᠤᠨ ᠬᠤᠢᠲᠤ ᠬᠤᠰᠢᠭᠤᠨ ᠤ᠋ ᠭᠠᠨᠵᠤᠭ᠎ᠠ ᠪᠠᠯᠭᠠᠰᠤ ᠵᠢᠨ ᠬᠤᠢᠲᠦ ᠵᠠᠬ᠎ᠠ ᠳ᠋ᠦ ᠪᠠᠢᠷᠢᠯᠠᠭ᠎ᠠ ᠦᠪᠦᠷ ᠮᠤᠡᠭᠭᠤᠯ ᠤ᠋ᠨ ᠭᠠᠨᠵᠤᠭ᠎ᠠ ᠢᠳᠡᠭᠡᠨ ᠤ᠋ ᠵᠦᠢᠯ ᠤ᠋ᠨ ᠬᠢᠵᠠᠭᠠᠷᠲᠤ ᠺᠤᠮᠫᠠᠨᠢ ᠳ᠋ᠦ ᠬᠦᠷᠬᠦ ᠳ᠋ᠦ᠂ 8000 ᠲᠡᠭᠰᠢ ᠳᠦᠷᠪᠡᠯᠵᠢᠨ ᠮᠸᠲᠷ ᠪᠦᠬᠦᠢ ᠰᠢᠨ᠎ᠡ ᠦᠢᠯᠡᠳᠪᠦᠷᠢ ᠶ᠋ᠢᠨ ᠪᠠᠷᠢᠯᠭ᠎ᠠ ᠶ᠋ᠢᠨ ᠠᠵᠢᠯ ᠨᠢ ᠡᠷᠴᠢᠳᠠᠢ ᠶᠠᠪᠤᠭᠳᠠᠵᠤ᠂ ᠪᠤᠤ ᠼᠦᠢ ᠮᠢᠡᠭ ᠠᠵᠢᠯᠴᠢᠳ ᠶ᠋ᠢᠡᠠ ᠳᠠᠭᠠᠭᠤᠯᠤᠨ ᠤᠤᠯ ᠤ᠋ᠨ ᠢᠰᠭᠡᠭᠰᠡᠨ 2000 ᠭᠠᠷᠤᠢ ᠸᠠᠭᠠᠷ ᠰᠠᠪᠠ  ᠵᠢᠶᠠᠡᠭᠶᠢᠦ ᠪᠠᠨ ᠬᠤᠳᠬᠤᠨ ᠨᠠᠢᠷᠠᠭᠤᠯᠵᠦ ᠪᠠᠢᠪᠠ᠃

ᠲᠤᠰ ᠺᠤᠮᠫᠠᠨᠢ ᠨᠢ 2019 ᠤᠨ ᠤ᠋ 9 ᠰᠠᠷ᠎ᠠ᠎ᠳᠤ ᠪᠠᠢᠭᠤᠯᠤᠭᠳᠠᠵᠤ᠂ ᠶᠠᠫᠤᠨ ᠤ᠋ ᠵᠡᠭᠦᠨ ᠬᠤᠢᠲᠤ ᠶ᠋ᠢᠨ ᠶᠡᠬᠡ ᠰᠤᠷᠭᠠᠭᠤᠯᠢ ᠡᠴᠡ ᠬᠢᠮᠢ ᠶ᠋ᠢᠨ ᠤᠬᠠᠭᠠᠨ ᠤ᠋ ᠳ᠋ᠤᠺᠲ᠋ᠤᠷ ᠴᠤᠯᠠ ᠬᠠᠮᠠᠭᠠᠯᠠᠭᠰᠠᠨ ᠸᠠᠡᠭ ᠪᠠᠭᠠᠲᠤᠷ ᠤ᠋ᠨ 20 ᠭᠠᠷᠤᠢ ᠵᠢᠯ ᠤ᠋ᠨ ᠰᠤᠳᠤᠯᠭᠠᠨ ᠤ᠋ ᠦᠷ᠎ᠡ ᠪᠦᠲᠦᠭᠡᠯ ᠢ᠋ ᠠᠰᠢᠭᠯᠠᠨ᠂ 2021 ᠤᠨ ᠡᠴᠡ ᠵᠢᠶᠠᠡᠭᠶᠢᠦ ᠢᠰᠭᠡᠬᠦ ᠠᠵᠢᠯ ᠶ᠋ᠢᠡᠨ ᠡᠬᠢᠯᠡᠭᠦᠯᠪᠡ᠃ 2022 ᠤᠨ ᠳ᠋ᠦ᠂ ᠲᠡᠳᠡ 《ᠡᠷᠡᠭᠦᠯ ᠡᠡᠭᠭᠡ ᠶ᠋ᠢᠨ ᠡᠯᠴᠢᠨ》 ᠭᠡᠮᠡᠬᠦ ᠪᠡᠯᠭᠡᠳᠡᠯ ᠤᠳᠬ᠎ᠠ ᠪᠦᠬᠦᠢ 《ᠺᠠᠡᠭ ᠳᠠ ᠱᠢ ᠦᠨᠢᠶᠡᠨ ᠰᠦ ᠶ᠋ᠢᠨ ᠵᠢᠶᠠᠡᠭᠶᠢᠦ》 ᠲᠠᠸᠠᠷ ᠤ᠋ᠨ ᠲᠡᠮᠲᠡᠭ ᠵᠢᠡᠨ ᠲᠠᠡᠭᠰᠠᠯᠠᠭᠤᠯᠵᠦ᠂ ᠲᠦᠷᠦᠭᠦᠦ ᠪᠦᠯᠦᠭ ᠵᠢᠶᠠᠡᠭᠶᠢᠦ ᠪᠠᠨ ᠵᠠᠬ᠎ᠠ ᠳᠡᠯᠭᠡᠭᠦᠷ ᠲᠦ᠍ ᠭᠠᠷᠭᠠᠪᠠ᠃

《ᠪᠢᠳᠡ ᠤᠯᠠᠮᠵᠢᠯᠠᠯᠲᠤ ᠵᠢᠶᠠᠡᠭᠶᠢᠦ ᠪᠤᠯᠪᠠᠰᠤᠷᠠᠭᠤᠯᠬᠤ ᠠᠷᠭ᠎ᠠ ᠵᠢᠨ ᠰᠠᠭᠤᠷᠢᠨ ᠳᠡᠭᠡᠷ᠎ᠡ᠂ ᠬᠠᠷᠠᠮᠦ᠋ᠷᠡᠨ ᠮᠤᠵᠢ ᠪᠠ ᠲᠤᠬᠠᠢ ᠶ᠋ᠢᠨ ᠭᠠᠵᠠᠷ ᠤ᠋ᠨ ᠶ᠋ᠢᠡᠨ ᠴᠢᠨᠠᠷ ᠰᠠᠢᠨ ᠰᠢᠷ᠎ᠡ ᠪᠤᠷᠴᠠᠭ᠂ ᠨᠤᠬᠠᠢ ᠶ᠋ᠢᠨ ᠬᠤᠰᠢᠭᠤ ᠶ᠋ᠢᠨ ᠭᠤᠯᠢᠷ ᠢ᠋ ᠬᠤᠯᠢᠵᠤ᠂ ᠵᠢᠶᠠᠡᠭᠶᠢᠦ ᠶ᠋ᠢᠨ ᠪᠠᠺᠲ᠋ᠸᠷᠢ ᠵᠢ ᠲᠠᠷᠢᠵᠤ ᠤᠷᠤᠭᠤᠯᠤᠨ ᠬᠠᠲᠠᠭᠠᠭᠰᠠᠨ ᠤ᠋ ᠲᠠᠷᠠᠭ᠎ᠠ ᠤᠷᠤᠨ ᠨᠤᠳᠤᠭ ᠤ᠋ᠨ ᠶ᠋ᠢᠡᠨ ᠰᠢᠮ᠎ᠡ ᠰᠠᠢᠲᠠᠢ ᠦᠨᠢᠶᠡᠨ ᠰᠦ ᠲᠠᠢ ᠬᠤᠯᠢᠵᠤ᠂ ᠸᠠᠭᠠᠷ ᠰᠠᠪᠠᠨ ᠳ᠋ᠦ ᠰᠠᠪᠠᠯᠠᠨ ᠨᠢᠭᠡ ᠵᠢᠯ ᠴᠢᠨᠠᠭᠰᠢᠯᠠᠪᠡᠯ ᠭᠡᠳᠦᠨ ᠵᠢᠯ ᠤ᠋ᠨ ᠬᠤᠭᠤᠴᠠᠭ᠎ᠠ ᠪᠡᠷ ᠢᠰᠭᠡᠳᠡᠭ᠃ ᠭᠦᠢᠴᠡᠳ ᠢᠰᠭᠡᠭᠰᠡᠨ  ᠤ᠋ ᠳᠠᠷᠠᠭ᠎ᠠ ᠮᠠᠰᠢᠨ ᠶ᠋ᠢᠡᠷ ᠰᠢᠬᠠᠵᠤ᠂ ᠰᠢᠭᠦᠰᠦ ᠵᠢ ᠨᠢ ᠱᠦᠬᠦᠷᠡᠭᠦᠯᠵᠦ ᠪᠠᠭ᠎ᠠ ᠬᠡᠮᠵᠢᠶᠡᠨ ᠤ᠋ ᠳᠠᠪᠤᠰᠤ ᠬᠢᠵᠦ ᠦᠳᠭᠡᠷᠡᠭᠦᠯᠦᠨ ᠯᠤᠡᠭᠬᠤᠨ ᠳ᠋ᠤ ᠰᠠᠪᠠᠯᠠᠵᠤ᠂ ᠤᠯᠤᠰ ᠤ᠋ᠨ ᠳᠡᠰ ᠤ᠋ᠨ ᠬᠢᠷᠢ ᠬᠡᠮ ᠳᠠᠢ ᠬᠢᠨᠠᠨ ᠰᠢᠯᠭᠠᠬᠤ ᠪᠠᠢᠭᠤᠯᠤᠮᠵᠢ ᠶ᠋ᠢᠨ ᠬᠢᠨᠠᠨ ᠰᠢᠯᠭᠠᠯᠲᠠ ᠵᠢ ᠦᠡᠭᠭᠡᠷᠡᠭᠦᠯᠦᠭᠰᠡᠨ ᠤ᠋ ᠲᠠᠷᠠᠭ᠎ᠠ ᠰᠠᠶᠢ ᠵᠠᠬ᠎ᠠ ᠳᠡᠯᠭᠡᠭᠦᠷ ᠲᠦ᠍ ᠭᠠᠷᠭᠠᠳᠠᠭ 》 ᠭᠡᠵᠦ ᠪᠤᠤ ᠼᠦᠢ ᠮᠢᠡᠭ ᠲᠠᠨᠢᠯᠴᠠᠭᠤᠯᠤᠨ᠎ᠠ᠃

ᠤᠢᠯᠠᠭᠠᠭᠰᠠᠨ ᠶ᠋ᠢᠡᠷ᠂ ᠢᠰᠭᠡᠯᠲᠡ ᠶ᠋ᠢᠨ ᠶᠠᠪᠤᠴᠠ ᠳ᠋ᠦ ᠰᠢᠷ᠎ᠡ ᠪᠤᠷᠴᠠᠭ᠂ ᠨᠤᠬᠠᠢ ᠶ᠋ᠢᠨ ᠬᠤᠰᠢᠭᠤ ᠡᠴᠡ ᠡᠭᠦᠰᠦᠭᠰᠡᠨ ᠤᠷᠭᠤᠮᠠᠯ ᠤ᠋ᠨ ᠤᠭᠤᠷᠠᠭ ᠪᠤᠯᠤᠨ ᠦᠨᠢᠶᠡᠨ ᠰᠦ ᠡᠴᠡ ᠡᠭᠦᠰᠦᠭᠰᠡᠨ ᠰᠦ ᠶ᠋ᠢᠨ ᠤᠭᠤᠷᠠᠭ ᠨᠢ ᠬᠠᠷᠢᠯᠴᠠᠨ ᠤᠶᠠᠯᠳᠤᠵᠤ᠂ ᠬᠦᠮᠦᠨ ᠤ᠋ ᠪᠡᠶ᠎ᠡ ᠳ᠋ᠦ ᠰᠢᠡᠭᠭᠡᠬᠦ ᠳ᠋ᠦ ᠠᠮᠠᠷ ᠠᠮᠢᠨᠦ᠌ ᠬᠦᠴᠢᠯ ᠢ᠋ ᠪᠤᠢ ᠪᠤᠯᠭᠠᠳᠠᠭ᠃ ᠡᠭᠦᠨ ᠤ᠋ ᠬᠠᠮᠲᠤ ᠢᠰᠭᠡᠬᠦ ᠳ᠋ᠦ ᠭᠡᠷᠡᠭᠯᠡᠵᠦ ᠪᠠᠢᠭ᠎ᠠ ᠸᠠᠭᠠᠷ ᠰᠠᠪᠠ ᠨᠢ ᠴᠦ᠍ ᠮᠢᠺᠷᠤᠪ ᠦᠷᠡᠵᠢᠬᠦ ᠲᠤᠬᠢᠲᠠᠢ ᠤᠷᠴᠢᠨ ᠬᠠᠡᠭᠭᠠᠵᠤ᠂ ᠪᠠᠢᠭᠠᠯᠢᠯᠢᠭ ᠵᠠᠳᠠᠷᠠᠭᠤᠯᠬᠤ ᠢᠰᠭᠡᠭᠦᠷ ᠢ᠋ ᠬᠠᠳᠠᠭᠠᠯᠠᠵᠤ ᠲᠠᠢᠯᠳᠡᠭ ᠠᠵᠢ᠃

《 ᠪᠢᠳᠡ ᠪᠠᠰᠠ ᠬᠡᠷᠡᠭᠯᠡᠭᠴᠢᠳ ᠤ᠋ᠨ ᠠᠳᠠᠯᠢ ᠪᠤᠰᠤ ᠬᠡᠷᠡᠭᠴᠡᠭᠡ ᠱᠠᠭᠠᠷᠳᠠᠯᠭ᠎ᠠ ᠳ᠋ᠦ ᠵᠤᠬᠢᠴᠠᠭᠤᠯᠤᠨ ᠦᠳᠡᠭᠦᠰ ᠨᠢᠯᠬᠠᠰ ᠪᠠ ᠨᠠᠰᠤᠨ ᠳ᠋ᠦ ᠬᠦᠷᠦᠭᠰᠡᠳ ᠤ᠋ᠨ ᠵᠢᠶᠠᠡᠭᠶᠢᠦ᠂ ᠨᠤᠭᠤᠭ᠎ᠠ ᠬᠠᠭᠤᠷᠬᠤ ᠵᠢᠶᠠᠡᠭᠶᠢᠤ ᠪᠠ ᠪᠠᠡᠭᠰᠢ ᠲᠠᠢ ᠢᠳᠡᠬᠦ ᠵᠢᠶᠠᠡᠭᠶᠢᠦ ᠵᠡᠷᠭᠡ ᠵᠢ ᠦᠢᠯᠡᠳᠪᠦᠷᠢᠯᠡᠵᠦ᠂ ᠤᠨ ᠵᠢᠯ ᠪᠠ ᠭᠡᠷᠡᠭᠴᠡᠭᠡ ᠱᠠᠭᠠᠷᠳᠠᠯᠭ᠎ᠠ ᠪᠡᠷ ᠨᠢ 15 ᠲᠦᠭᠦᠷᠢᠭ ᠡᠴᠡ 60 ᠲᠦᠭᠦᠷᠢᠭ ᠤ᠋ᠨ ᠠᠳᠠᠯᠢ ᠪᠤᠰᠤ ᠦᠨ᠎ᠡ ᠪᠡᠷ ᠪᠤᠷᠤᠯᠠᠭᠤᠯᠵᠤ ᠪᠠᠢᠨ᠎ᠠ᠃ ᠭᠡᠳᠦᠢᠪᠡᠷ ᠲᠦᠷᠦᠯ ᠵᠦᠢᠯ᠂ ᠦᠨ᠎ᠡ ᠬᠠᠡᠭᠰᠢ ᠨᠢ ᠠᠳᠠᠯᠢ ᠪᠤᠰᠤ ᠪᠤᠯᠪᠠᠴᠤ ᠪᠦᠷ ᠦᠨᠢᠶᠡᠨ ᠰᠦ ᠶ᠋ᠢᠨ ᠵᠢᠶᠠᠡᠭᠶᠢᠦ ᠶ᠋ᠢᠨ ᠤᠨᠴᠠᠭᠠᠢ ᠦᠨᠦᠷ ᠠᠮᠲᠠ ᠲᠠᠢ ᠶᠤᠮ 》 ᠭᠡᠵᠦ ᠪᠤᠤ ᠼᠦᠢ ᠮᠢᠡᠭ ᠰᠤᠷᠪᠤᠯᠵᠢᠯᠠᠬᠴᠢ ᠳ᠋ᠦ ᠶᠠᠷᠢᠵᠤ ᠪᠠᠢᠯ᠎ᠠ᠃

ᠺᠠᠡᠭ ᠳᠠ ᠱᠢ ᠦᠨᠢᠶᠡᠨ ᠰᠦ ᠶ᠋ᠢᠨ ᠵᠢᠶᠠᠡᠭᠶᠢᠦ ᠨᠢ 2022 ᠤᠨ ᠳ᠋ᠦ ᠪᠦᠬᠦ ᠤᠯᠤᠰ ᠤ᠋ᠨ ᠵᠢᠶᠠᠡᠭᠶᠢᠦ ᠶ᠋ᠢᠨ ᠲᠦᠷᠦᠯ ᠲᠡᠮᠲᠡᠭ ᠤ᠋ᠨ ᠤᠬᠠᠭᠤᠯᠭ᠎ᠠ ᠶ᠋ᠢᠨ ᠰᠢᠯᠭᠠᠷᠠᠭᠤᠯᠤᠯᠲᠠ ᠳ᠋ᠦ ᠠᠷᠪᠠᠨ ᠶᠡᠬᠡ ᠨᠡᠷᠡᠲᠦ ᠲᠦᠷᠦᠯ ᠲᠡᠮᠲᠡᠭ  ᠤ᠋ᠨ ᠨᠢᠭᠡ ᠪᠡᠷ ᠰᠤᠡᠭᠭᠤᠬᠳᠠᠪᠠ᠃ 2024 ᠤᠨ ᠳ᠋ᠦ ᠱᠠᠡᠭᠬᠠᠢ ᠳ᠋ᠦ ᠶᠠᠪᠤᠭᠳᠠᠭᠰᠠᠨ SIAL ᠰᠢ ᠶᠠ ᠳᠡᠯᠡᠬᠡᠢ ᠶ᠋ᠢᠨ ᠢᠳᠡᠭᠡᠨ ᠤᠮᠳᠠᠭᠠᠨ ᠤ᠋ ᠦᠵᠡᠭᠦᠯᠭᠡ ᠶ᠋ᠢᠨ ᠰᠢᠯᠭᠠᠷᠠᠭᠤᠯᠤᠯᠲᠠ ᠳ᠋ᠦ ᠤᠯᠤᠰ ᠤ᠋ᠨ ᠳᠤᠲᠤᠭᠠᠳᠤ ᠭᠠᠳᠠᠭᠠᠳᠤ ᠶ᠋ᠢᠨ ᠬᠢᠨᠠᠭᠴᠢᠳ ᠤ᠋ᠨ ᠦᠨᠳᠦᠷ ᠦᠨᠡᠯᠡᠯᠲᠡ ᠵᠢ ᠤᠯᠵᠤ᠂ ᠳᠡᠯᠡᠬᠡᠢ ᠶ᠋ᠢᠨ ᠡᠯ᠎ᠡ ᠤᠯᠤᠰ ᠪᠠ ᠭᠠᠵᠠᠷ ᠤᠷᠤᠨ ᠡᠴᠡ ᠳᠡᠪᠰᠢᠭᠦᠯᠦᠭᠰᠡᠨ 553 ᠬᠤᠪᠢ ᠢᠳᠡᠭᠡᠨ ᠤᠮᠳᠠᠭᠠᠨ ᠤ᠋ ᠪᠦᠲᠦᠭᠡᠭᠳᠡᠭᠦᠨ ᠤ᠋ ᠳᠤᠮᠳᠠ ᠡᠴᠡ ᠴᠤᠯᠭᠤᠷᠠᠨ ᠠᠯᠲᠠᠨ ᠮᠸᠲᠠᠯ ᠲᠤᠰᠴᠠᠢ᠃ 2025 ᠤᠨ ᠳ᠋ᠦ ᠪᠠᠰᠠ ᠦᠪᠤᠷ ᠮᠤᠩᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠰᠤᠶᠤᠯ ᠵᠢᠭᠤᠯᠴᠢᠯᠠᠯ  ᠤ᠋ᠨ  ᠪᠠᠷᠠᠭ᠎ᠠ ᠲᠠᠸᠠᠷ ᠶ᠋ᠢᠡᠷ ᠰᠤᠡᠭᠭᠤᠬᠳᠠᠵᠤ᠂ ᠵᠢᠭᠤᠯᠴᠢᠯᠠᠭᠰᠠᠳ ᠲᠦ᠍ ᠬᠦᠷᠭᠡᠬᠦ ᠭᠠᠷ ᠪᠡᠯᠡᠭ ᠪᠤᠯᠪᠠ᠃ ᠡᠨᠡ ᠮᠡᠲᠦ ᠪᠡᠷ ᠬᠦᠮᠦᠨ ᠤᠯᠠᠨ ᠳ᠋ᠠᠭᠠᠨ ᠲᠠᠨᠢᠭᠳᠠᠭᠰᠠᠨ ᠺᠠᠡᠭ ᠳᠠ ᠱᠢ ᠦᠨᠢᠶᠡᠨ ᠰᠦ ᠶ᠋ᠢᠨ ᠵᠢᠶᠠᠡᠭᠶᠢᠦ ᠨᠢ ᠪᠡᠭᠡᠵᠢᠡᠭ᠂ ᠬᠤᠪᠸᠢ᠂ ᠬᠤᠨᠠᠨ᠂ ᠭᠤᠸᠠᠡᠭᠳ᠋ᠦ᠋ᠡᠭ ᠵᠡᠷᠭᠡ ᠮᠤᠵᠢ ᠬᠤᠲᠠ ᠶ᠋ᠢᠨ ᠬᠡᠳᠦ ᠳᠡᠯᠭᠡᠭᠦᠷ ᠲᠦ᠍ ᠪᠤᠷᠤᠯᠠᠭᠤᠯᠤᠭᠳᠠᠬᠤ ᠶ᠋ᠢᠨ ᠬᠠᠮᠲᠤ ᠲᠤᠤ ᠪᠤᠤ᠂ ᠵᠢᠡᠭ ᠳ᠋ᠦ᠋ᠡᠭ ᠵᠡᠷᠭᠡ ᠰᠦᠯᠵᠢᠶᠡᠨ ᠲᠠᠪᠴᠠᠡᠭ ᠳᠡᠭᠡᠷ᠎ᠡ ᠬᠡᠷᠡᠭᠯᠡᠭᠴᠢᠳ ᠤ᠋ᠨ ᠬᠠᠯᠠᠭᠤᠨ ᠬᠦᠷᠢᠶᠡᠯᠡᠯ ᠢ᠋ ᠤᠯᠵᠤ ᠪᠠᠢᠨ᠎ᠠ᠃ ᠤᠨᠴᠠᠭᠠᠢᠯᠠᠨ 2025 ᠤᠨ ᠳ᠋ᠦ ᠲᠦᠪ ᠲᠸᠯᠸᠢᠰ ᠤ᠋ᠨ ᠪᠠᠷᠠᠭ᠎ᠠ ᠬᠤᠳᠠᠯᠳᠤᠬᠤ ᠲᠠᠪᠴᠠᠡᠭ ᠤ᠋ᠨ ᠰᠢᠭᠤᠳ ᠨᠡᠪᠲᠡᠷᠡᠭᠦᠯᠭᠡ ᠪᠡᠷ ᠨᠢᠭᠡ ᠤᠷᠤᠢ ᠶ᠋ᠢᠨ ᠬᠡᠳᠦᠭᠡᠨ ᠴᠠᠭ ᠤ᠋ᠨ ᠳᠤᠲᠤᠷ᠎ᠡ 7000 ᠯᠤᠡᠭᠬᠤ ᠪᠤᠷᠤᠯᠠᠭᠤᠯᠤᠬᠳᠠᠵᠤ᠂ ᠬᠦᠮᠦᠰ ᠤ᠋ᠨ ᠠᠡᠭᠬᠠᠷᠤᠯ ᠢ᠋ ᠶᠡᠬᠡᠳᠠ ᠲᠠᠲᠠᠭᠰᠠᠨ ᠪᠠᠢᠨ᠎ᠠ᠃

ᠭᠡᠳᠦᠨ ᠵᠢᠯ ᠤ᠋ᠨ ᠲᠤᠷᠰᠢ᠂ ᠦᠪᠦᠷ ᠮᠤᠡᠭᠭᠤᠯ ᠤ᠋ᠨ ᠭᠠᠨᠵᠤᠭ᠎ᠠ ᠢᠳᠡᠭᠡᠨ ᠤ᠋ ᠵᠦᠢᠯ ᠤ᠋ᠨ ᠬᠢᠵᠠᠭᠠᠷᠲᠤ ᠺᠤᠮᠫᠠᠨᠢ ᠨᠢ ᠵᠢᠶᠠᠡᠭᠶᠢᠦ ᠶ᠋ᠢᠨ ᠶᠠᠰᠤ ᠴᠢᠨᠠᠷ ᠵᠢᠡᠨ ᠪᠠᠲᠤᠯᠠᠬᠤ ᠶ᠋ᠢᠨ ᠬᠠᠮᠲᠤ ᠤᠷᠤᠨ ᠨᠤᠲᠤᠭ ᠤ᠋ᠨ ᠶ᠋ᠢᠡᠨ ᠮᠠᠯᠴᠢᠨ ᠲᠠᠷᠢᠶᠠᠴᠢᠨ ᠤ᠋ ᠤᠷᠤᠯᠭ᠎ᠠ ᠵᠢ ᠨᠡᠮᠡᠭᠳᠡᠭᠦᠯᠬᠦ ᠳ᠋ᠦ ᠬᠦᠴᠦᠨ ᠨᠡᠮᠡᠷᠢᠯᠡᠭᠰᠡᠭᠡᠷ ᠢᠷᠡᠵᠠᠢ᠃ ᠲᠤᠰ ᠺᠤᠮᠫᠠᠨᠢ ᠳᠤᠮᠳᠠᠴᠢ ᠪᠡᠷ  ᠵᠢᠯ ᠪᠦᠷᠢ ᠤᠢᠷ᠎ᠡ ᠬᠠᠪᠢ ᠶ᠋ᠢᠨ ᠮᠠᠯᠴᠢᠨ ᠲᠠᠷᠢᠶᠠᠴᠢᠨ ᠤ᠋ 20 ᠳᠤᠨ ᠰᠢᠷ᠎ᠡ ᠪᠤᠷᠴᠠᠭ᠂ 20 ᠳᠤᠨ ᠦᠨᠢᠶᠡᠨ ᠰᠦ ᠵᠢ ᠬᠤᠳᠠᠯᠳᠤᠨ ᠠᠪᠴᠦ ᠪᠠᠢᠬᠤ ᠪᠡᠷ ᠪᠠᠷᠠᠬᠤ ᠦᠬᠡᠢ ᠪᠠᠰᠠ ᠠᠷᠪᠠᠭᠠᠳ ᠠᠵᠢᠯᠴᠢᠨ ᠬᠡᠷᠡᠭᠯᠡᠵᠦ᠂ ᠬᠦᠮᠦᠨ ᠪᠦᠷᠢ ᠵᠢᠨ ᠰᠠᠷ᠎ᠠ ᠶ᠋ᠢᠨ ᠤᠷᠤᠯᠭ᠎ᠠ ᠵᠢ ᠨᠢ 4000 ᠲᠦᠭᠦᠷᠢᠭ ᠰᠢᠬᠠᠮ ᠨᠡᠮᠡᠭᠳᠡᠭᠦᠯᠵᠦ ᠪᠠᠢᠨ᠎ᠠ᠃ ᠤᠢᠯᠠᠭᠠᠭᠰᠠᠨ ᠶ᠋ᠢᠡᠷ᠂ ᠰᠢᠨ᠎ᠡ ᠪᠡᠷ ᠪᠦᠳᠦᠬᠡᠨ ᠪᠠᠢᠭᠤᠯᠵᠤ ᠪᠠᠢᠭ᠎ᠠ ᠤᠳᠤᠬᠢᠴᠢᠯᠠᠭᠰᠠᠨ ᠦᠢᠯᠡᠳᠪᠦᠷᠢ ᠨᠢ ᠡᠨᠡ ᠵᠢᠯ  ᠤ᠋ᠨ 8 ᠰᠠᠷ᠎ᠠ ᠶ᠋ᠢᠨ ᠰᠡᠭᠦᠯᠴᠢ ᠪᠡᠷ ᠠᠰᠢᠭᠯᠠᠯᠲᠠ ᠳ᠋ᠦ ᠤᠷᠤᠪᠠᠯ ᠰᠢᠷ᠎ᠡ ᠪᠤᠷᠴᠠᠭ ᠪᠠ ᠦᠨᠢᠶᠡᠨ  ᠰᠦ ᠵᠢᠨ ᠬᠡᠷᠡᠭᠴᠡᠭᠡ ᠤᠯᠠᠮ ᠨᠡᠮᠡᠭᠳᠡᠵᠦ᠂ ᠤᠢᠷ᠎ᠠ ᠬᠠᠪᠢ ᠶ᠋ᠢᠨ ᠮᠠᠯᠴᠢᠨ ᠲᠠᠷᠢᠶᠠᠴᠢᠨ  ᠳ᠋ᠦ ᠨᠡᠡᠭ ᠤᠯᠠᠨ ᠠᠵᠢᠯ ᠤ᠋ᠨ ᠪᠠᠢᠷᠢ ᠬᠠᠡᠭᠭᠠᠬᠤ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号