ᠵᠡᠷᠯᠢᠭ ᠴᠢᠪᠠᠭ᠎ᠠ ᠲᠠᠷᠢᠵᠦ ᠨᠣᠭᠣᠭᠠᠷᠠᠭᠤᠯᠤᠯᠳᠠ ᠪᠠ ᠪᠠᠶᠠᠵᠢᠯ᠎ᠤᠨ ᠬᠤᠤᠰ ᠦᠷ᠎ᠠ ᠠᠰᠢᠭ᠎ᠢ ᠡᠭᠦᠳᠦᠯ᠎ᠠ
2026-05-25 09:39:21
ᠵᠣᠬᠢᠶᠠᠭ᠍ᠴᠢ᠄
ᠵᠠᠩ ᠬᠤᠢ ᠯᠢᠩ
ᠣᠩᠱᠢᠭ᠍ᠰᠠᠨ ᠣᠳᠠᠭ᠎ᠠ᠄
★★★☆☆

ᠵᠣᠨ᠎ᠤ ᠠᠭᠤᠷ ᠣᠷᠣᠵᠦ᠂ ᠪᠠᠶᠠᠨᠨᠠᠭᠤᠷ ᠬᠣᠲᠠ᠎ᠶ᠋ᠢᠨ ᠤᠷᠠᠳ᠎ᠤᠨ ᠬᠣᠢᠲᠤ ᠬᠣᠱᠢᠭᠤᠨ᠎ᠤ ᠣᠶ ᠱᠢᠭᠤᠶ ᠪᠠ ᠨᠤᠲᠤᠭ ᠪᠡᠯᠴᠢᠭᠡᠷ᠎ᠦᠨ ᠲᠣᠪᠴᠢᠶ᠎ᠠ᠎ᠶ᠋ᠢᠨ ᠪᠠᠷᠠᠭᠤᠨ ᠪᠤᠯᠤᠩ ᠣᠶ ᠱᠢᠭᠤᠶ᠎ᠶ᠋ᠢᠨ ᠬᠠᠮᠢᠶᠠᠷᠴᠤ᠌ ᠬᠠᠮᠠᠭᠠᠯᠠᠬᠤ ᠲᠥᠪ᠎ᠦᠨ ᠵᠡᠷᠯᠢᠭ ᠴᠢᠪᠠᠭ᠎ᠠ᠎ᠶ᠋ᠢᠨ ᠴᠢᠬᠢ ᠪᠣᠢᠵᠢᠭᠤᠯᠬᠤ ᠲᠤᠷᠱᠢᠯᠲᠠ᠎ᠶ᠋ᠢᠨ ᠬᠦᠯᠡᠮᠵᠢ᠎ᠳᠦ ᠣᠷᠣᠬᠤ ᠳ᠋ᠤ ᠴᠣᠮᠣᠨ ᠎ᠳᠤ ᠲᠠᠷᠢᠬᠰᠠᠨ ᠴᠢᠪᠠᠭ᠎ᠠ᠎ᠵᠢᠨ ᠴᠢᠬᠢ ᠵᠢᠭᠲᠡᠷᠡᠨ ᠬᠠᠷᠠᠭᠳᠠᠵᠤ᠂ ᠬᠡᠳᠦᠨ ᠠᠵᠢᠯᠲᠠᠨ ᠡᠪᠡᠰᠦ ᠠᠷᠢᠯᠭᠠᠵᠤ ᠪᠠᠢᠪᠠ᠃

ᠨᠢᠭᠡ ᠴᠣᠮᠣ ᠴᠢᠪᠠᠭ᠎ᠠ ᠶ᠋ᠢᠨ ᠴᠢᠬᠢ᠎ᠶ᠋ᠢ ᠠᠪᠴᠤ᠌ ᠦᠵᠡᠪᠡᠯ᠂ ᠲᠡᠭᠦᠨ᠎ᠤ ᠦᠨᠳᠦᠰᠦ ᠨᠢ ᠰᠦᠯᠢᠶᠣᠣ ᠴᠣᠮᠣᠨ ᠳᠣᠲᠣᠷ᠎ᠠ ᠴᠠᠭᠠᠷᠢᠭᠯᠠᠨ ᠤᠷᠢᠶᠠᠯᠳᠤᠭᠰᠠᠠ ᠪᠠᠢᠪᠠ᠃

《ᠥᠩᠭᠡᠷᠡᠭ᠌ᠰᠡᠨ᠎ᠳᠦ ᠴᠢᠬᠢ ᠪᠣᠢᠵᠢᠭᠤᠯᠬᠤ᠎ᠳᠤ᠂ ᠦᠨᠳᠦᠰᠦ᠎ᠨᠢ ᠳᠣᠷᠣᠭ᠍ᠰᠢ ᠬᠠᠳᠭᠤᠵᠤ᠂ ᠵᠠᠢᠯᠠᠬᠤ ᠦᠶ᠎ᠡ᠎ᠳᠤ ᠠᠮᠠᠷᠬᠠᠨ ᠦᠨᠳᠦᠰᠦ᠎ᠨᠢ ᠲᠠᠰᠤᠷᠠᠵᠤ᠂ ᠡᠳᠡᠭᠡᠷᠡᠬᠦ᠌᠎ᠳᠦ ᠬᠦᠴᠢᠷ ᠪᠠᠢᠪᠠ᠃ ᠣᠲᠣ ᠪᠢᠳᠡ ᠣᠷᠢᠶᠠᠯᠳᠤᠬᠤ ᠠᠷᠭ᠎ᠠ᠎ᠶ᠋ᠢ ᠠᠪᠴᠤ᠌ ᠪᠠᠢᠭ᠎ᠠ ᠨᠢ ᠵᠠᠢᠯᠠᠬᠤ ᠦᠶ᠎ᠡ᠎ᠳᠦ ᠦᠨᠳᠦᠰᠦ᠎ᠶ᠋ᠢ ᠨᠢ ᠪᠦᠷᠢᠨ ᠪᠦᠲᠦᠨ ᠪᠠᠢᠯᠭᠠᠵᠤ᠂ ᠡᠳᠡᠭᠡᠷᠡᠯᠲᠡ᠎ᠶ᠋ᠢᠨ ᠨᠣᠷᠮ᠎ᠠ᠎ᠶ᠋ᠢ ᠨᠢ ᠪᠠᠲᠤᠯᠠᠬᠤ᠎ᠶ᠋ᠢᠨ ᠲᠥᠯᠥᠭᠡ ᠶᠤᠮ》 ᠬᠡᠵᠦ ᠳᠤᠮᠳᠠᠳᠤ ᠤᠯᠤᠰ᠎ᠤᠨ ᠣᠶ ᠱᠢᠭᠤᠶ᠎ᠶ᠋ᠢᠨ ᠨᠡᠢᠭᠡᠮᠯᠢᠭ᠎ᠦᠨ ᠪᠠᠶᠠᠨᠨᠠᠭᠤᠷ ᠬᠣᠲᠠ᠎ᠶ᠋ᠢᠨ ᠦᠶ᠋ᠯᠡᠴᠢᠯᠡᠭᠡᠨ᠎ᠦ ᠥᠷᠲᠡᠭᠡ᠎ᠶ᠋ᠢᠨ ᠨᠠᠷᠢᠨ ᠪᠢᠴᠢᠭ᠎ᠦᠨ ᠳᠠᠷᠤᠭ᠎ᠠ᠂ ᠣᠶ ᠱᠢᠭᠤᠶ᠎ᠶ᠋ᠢᠨ ᠦᠶ᠋ᠯᠡᠰ᠎ᠦᠨ ᠳᠡᠭᠡᠳᠦ ᠲᠡᠰ᠎ᠤᠨ ᠢᠨᠵᠧᠨᠧᠷ ᠵᠠᠩ ᠬᠣᠩ ᠦ᠋ ᠵᠡᠷᠯᠢᠭ ᠴᠢᠪᠠᠭ᠎ᠠ᠎ᠶ᠋ᠢᠨ ᠴᠢᠬᠢ᠎ᠶ᠋ᠢᠨ ᠡᠪᠡᠰᠦ᠎ᠶ᠋ᠢ ᠠᠷᠢᠯᠭᠠᠬᠤ᠎ᠶ᠋ᠢᠨ ᠳᠠᠭᠠᠤ ᠲᠠᠨᠢᠯᠴᠠᠭᠤᠯᠪᠠ᠃

ᠤᠷᠠᠳ᠎ᠤᠨ ᠬᠣᠢᠲᠤ ᠬᠣᠱᠢᠭᠤ ᠨᠢ ᠮᠠᠨ᠎ᠤ ᠤᠯᠤᠰ᠎ᠤᠨ ᠤᠮᠠᠷᠠᠲᠤ᠎ᠶ᠋ᠢᠨ ᠡᠯᠡᠰᠦ᠎ᠶ᠋ᠢ ᠰᠡᠷᠭᠡᠢᠯᠡᠬᠦ᠌ ᠪᠦᠰᠡ᠎ᠳᠦ ᠪᠠᠢᠷᠢᠯᠠᠵᠤ᠂ ᠤᠯᠤᠰ᠎ᠤᠨ ᠡᠯᠡᠰᠦ᠎ᠶ᠋ᠢ ᠰᠡᠷᠭᠡᠢᠯᠡᠵᠦ᠍ ᠡᠯᠡᠰᠦ᠎ᠶ᠋ᠢ ᠵᠠᠰᠠᠬᠤ ᠶᠡᠷᠦᠩᠬᠡᠢᠯᠡᠭ᠌ᠰᠡᠨ ᠵᠢᠱ᠌ᠢᠢ᠎ᠡ ᠦᠵᠡᠭᠦᠯᠬᠦ᠌ ᠣᠷᠣᠨ ᠪᠠᠢᠵᠤ ᠂ ᠠᠮᠢ ᠠᠬᠤᠢ᠎ᠶ᠋ᠢᠨ ᠣᠷᠣᠨ ᠪᠠᠢᠷᠢ  ᠲᠤᠢᠯ᠎ᠤᠨ ᠴᠢᠬᠤᠯᠠ ᠶᠤᠮ᠃ ᠡᠯᠡᠰᠦᠷᠬᠡᠭ᠌ᠵᠢᠭ᠌ᠰᠡᠨ ᠭᠠᠵᠠᠷ ᠱᠢᠷᠣᠶ᠎ᠶ᠋ᠢᠨ ᠲᠠᠯᠠᠪᠠᠶ ᠨᠢ 2065.48 ᠲᠦᠮᠡᠨ ᠮᠤ᠌᠎ᠳᠦ ᠭᠦᠷᠦᠭ᠌ᠰᠡᠨ ᠬᠠᠲᠠᠭᠤ ᠰᠢᠷᠥᠬᠥᠨ ᠪᠠᠢᠲᠠᠯ ᠎ᠤᠨ ᠡᠮᠦᠨ᠎ᠡ᠂ ᠤᠷᠠᠳ᠎ᠤᠨ ᠬᠣᠢᠲᠤ ᠬᠣᠱᠢᠭᠤ ᠶᠠᠭ ᠡᠷᠡᠰ ᠪᠠᠲᠤ ᠠᠯᠬᠤᠭ᠎ᠠ ᠪᠠ ᠱᠢᠨ᠎ᠡ᠎ᠶ᠋ᠢ ᠡᠭᠦᠳᠬᠦ᠌ ᠵᠠᠭ᠍ᠪᠤᠷ᠎ᠢᠶᠠᠷ ᠡᠯᠡᠰᠦᠷᠬᠡᠭᠵᠢᠯ᠎ᠢ ᠰᠡᠷᠭᠡᠢᠯᠡᠵᠦ ᠡᠯᠡᠰᠦ ᠵᠢ ᠵᠠᠰᠠᠬᠤ ᠠᠶᠠᠨ᠎ᠤ ᠱᠢᠨ᠎ᠡ ᠬᠠᠭᠤᠳᠠᠰᠤ᠎ᠶ᠋ᠢ ᠪᠢᠴᠢᠭᠯᠡᠵᠦ᠍ ᠪᠠᠢᠨ᠎ᠠ᠃

ᠣᠢᠷ᠎ᠠ᠎ᠶ᠋ᠢᠨ ᠵᠢᠯ᠎ᠳᠦ᠂ ᠤᠷᠠᠳ᠎ᠤᠨ ᠬᠣᠢᠲᠤ ᠬᠣᠱᠢᠭᠤ ᠡᠯᠡᠰᠦᠷᠬᠡᠭᠵᠢᠯ᠎ᠢ ᠰᠡᠷᠭᠡᠢᠯᠡᠵᠦ ᠡᠯᠡᠰᠦ ᠵᠢ ᠵᠠᠰᠠᠬᠤ᠎ᠶ᠋ᠢᠨ ᠬᠠᠮᠲᠤ᠂ ᠣᠶ ᠱᠢᠭᠤᠶ ᠨᠤᠳᠤᠭ  ᠪᠡᠯᠴᠢᠭᠡᠷ᠎ᠦᠨ ᠠᠵᠤ ᠦᠶ᠋ᠯᠡᠰ᠎ᠦᠨ ᠬᠥᠭ᠌ᠵᠢᠯᠲᠡ᠎ᠶ᠋ᠢᠨ ᠪᠠᠢᠷᠢᠱᠢᠭᠤᠯᠤᠯᠲᠠ᠎ᠶ᠋ᠢ ᠤᠯᠠᠮ ᠴᠢᠨᠠᠭᠰᠢᠳᠠ ᠱᠢᠯᠢᠳᠡᠭ᠌ᠵᠢᠭᠦᠯᠵᠦ᠍᠂ ᠣᠶ ᠱᠢᠭᠤᠶ ᠨᠤᠳᠤᠭ ᠪᠡᠯᠴᠢᠭᠡᠷ᠎ᠦᠨ ᠠᠵᠤ ᠦᠶ᠋ᠯᠡᠰ᠎ᠦᠨ ᠬᠡᠯᠬᠢᠶ᠎ᠡ᠎ᠶ᠋ᠢ ᠤᠷᠲᠤᠳᠭᠠᠨ᠂ ᠮᠢᠩᠭᠠᠨ ᠮᠥ᠍ ᠵᠡᠷᠯᠢᠭ ᠴᠢᠪᠠᠭ᠎ᠠ ᠳᠠᠷᠢᠬᠤ ᠰᠠᠭᠤᠷᠢᠨ᠎ᠢ ᠪᠥᠬᠥ᠌ ᠬᠦᠴᠦᠨ᠎ᠢᠶᠡᠷ᠎ᠢᠶᠡᠨ ᠪᠠᠢᠭᠤᠯᠵᠤ᠂ ᠠᠮᠢ ᠠᠬᠤᠶ ᠪᠠ ᠠᠵᠤ ᠠᠬᠤᠶ᠎ᠶ᠋ᠢᠨ ᠬᠤᠤᠰ ᠦᠷ᠎ᠡ ᠠᠱᠢᠭ᠎ᠢ ᠡᠬᠦᠳᠬᠦ ᠱᠢᠨ᠎ᠡ ᠵᠠᠮ᠎ᠢ ᠬᠠᠢᠨ ᠰᠦᠪᠡᠭ᠌ᠴᠢᠯᠡᠪᠡ᠃

ᠡᠯᠡᠰᠦ᠎ᠶ᠋ᠢ ᠵᠠᠰᠠᠵᠤ ᠳᠡᠢᠯᠬᠦ᠌ ᠮᠥᠷᠲᠡᠭᠡᠨ ᠪᠠᠶᠠᠵᠢᠭᠤᠯᠵᠤ ᠳᠡᠢᠯᠬᠦ᠌ ᠴᠢᠪᠠᠭ᠎ᠠ᠎ᠶ᠋ᠢᠨ ᠮᠣᠳᠣᠨ᠎ᠤ ᠲᠤᠬᠠᠢ ᠵᠠᠩ ᠬᠣᠩ ᠦ᠋᠄ 《ᠴᠢᠪᠠᠭ᠎ᠠ᠎ᠶ᠋ᠢᠨ ᠮᠣᠳᠣ ᠪᠣᠯ ᠨᠤᠲᠤᠭ᠎ᠤᠨ ᠮᠣᠳᠣᠨ᠎ᠤ ᠲᠥᠷᠥᠯ ᠪᠠᠢᠵᠦ᠂ ᠭᠠᠩ ᠬᠠᠭ᠍ᠰᠠᠷᠠᠭᠠᠨ᠎ᠢ ᠡᠰᠡᠷᠭᠦᠴᠡᠬᠦ᠌᠂ ᠬᠦᠶ᠋ᠲᠡᠨ᠎ᠳ᠋ᠤ ᠲᠡᠰᠪᠦᠷᠢᠳᠡᠢ᠂ ᠰᠠᠯᠬᠢ ᠡᠯᠡᠰᠦ᠎ᠶ᠋ᠢ ᠡᠰᠡᠷᠭᠦᠴᠡᠬᠦ᠌ ᠳᠠᠪᠠᠭᠤᠯᠢᠭ ᠲᠠᠯ᠎ᠠ᠎ᠲᠠᠶ ᠪᠠᠢᠵᠤ᠂ ᠰᠠᠯᠬᠢ᠎ᠶ᠋ᠢ ᠰᠡᠷᠭᠡᠢᠯᠡᠵᠦ᠍ ᠡᠯᠡᠰᠦ᠎ᠶ᠋ᠢ ᠲᠣᠭ᠍ᠲᠠᠪᠤᠷᠢᠵᠢᠭᠤᠯᠬᠤ ᠠᠵᠤ ᠠᠬᠤᠶ᠎ᠶ᠋ᠢᠨ ᠣᠶ ᠮᠤᠳᠤ ᠪᠣᠯᠤᠨ᠎ᠠ᠃ ᠵᠡᠷᠯᠢᠭ ᠴᠢᠪᠠᠭ᠎ᠠ᠎ᠶ᠋ᠢᠨ ᠵᠢᠮᠢᠰ᠎ᠦᠨ ᠥᠷ᠎ᠡ ᠨᠢ ᠪᠠᠰᠠ ᠬᠢᠲᠠᠳ ᠡᠮ᠎ᠦᠨ ᠮᠠᠲ᠋ᠧᠷᠢᠶᠠᠯ᠎ᠳᠤ ᠤᠷᠤᠳᠠᠭ》 ᠬᠡᠪᠡ᠃ ᠲᠡᠷᠡ᠂ ᠲᠤᠬᠠᠶ᠎ᠶ᠋ᠢᠨ ᠭᠠᠵᠠᠷ ᠪᠣᠯ ᠵᠡᠷᠯᠢᠭ ᠴᠢᠪᠠᠭ᠎ᠠ ᠤᠷᠭᠤᠬᠤ᠎ᠳᠤ ᠲᠣᠬᠢᠷᠠᠮᠵᠢᠲᠠᠶ ᠪᠠᠢᠭᠠᠯᠢ᠎ᠶ᠋ᠢᠨ ᠣᠷᠣᠨ ᠪᠣᠯᠤᠨ᠎ᠠ᠂ ᠵᠠᠢᠯᠠᠭ᠍ᠰᠠᠨ ᠵᠤᠯᠵᠠᠭ᠎ᠠ ᠮᠣᠳᠣ ᠨᠢ ᠨᠢᠭᠡ ᠵᠢᠯ᠎ᠳᠦ ᠪᠦᠳᠦᠭᠦᠷᠡᠵᠦ᠂ ᠬᠣᠶᠠᠷ᠎ᠡᠴᠡ ᠭᠤᠷᠪᠠᠨ ᠵᠢᠯ᠎ᠳᠦ ᠡᠯᠪᠡᠭ ᠬᠤᠷᠢᠶᠠᠯᠲᠠ ᠣᠯᠤᠨ᠎ᠠ ᠭᠡᠪᠡ᠃

《ᠡᠨᠡ ᠬᠦ᠌ ᠬᠦᠯᠡᠮᠵᠢ ᠪᠣᠯ 3 ᠲᠦᠮᠡᠨ ᠴᠣᠮᠣ 30 ᠡᠭᠦᠯᠳᠡᠷ᠎ᠤᠨ ᠵᠡᠷᠯᠢᠭ ᠴᠢᠪᠠᠭ᠎ᠠ᠎ᠶ᠋ᠢᠨ ᠴᠢᠬᠢ ᠪᠠᠢᠵᠤ᠂ ᠤᠯᠠᠮᠵᠢᠯᠠᠯᠲᠤ ᠴᠢᠬᠢ ᠪᠣᠢᠵᠢᠭᠤᠯᠬᠤ ᠠᠷᠭ᠎ᠠ᠎ᠪᠠᠷ ᠪᠣᠢᠵᠢᠭᠤᠯᠵᠤ ᠭᠠᠷᠭᠠᠨ 〈ᠤᠮᠠᠷᠠᠲᠤ᠎ᠶ᠋ᠢᠨ ᠭᠤᠷᠪᠠᠨ ᠣᠷᠣᠨ〉 ᠤ᠋ ᠢᠨᠵᠧᠨᠧᠷᠢᠩ᠎ᠳᠦ ᠦᠢᠯᠡᠴᠢᠯᠡᠬᠦᠯᠵᠦ ᠪᠠᠢᠨ᠎ᠠ᠃ ᠪᠢᠳᠡ ᠭᠠᠷᠤᠯᠲᠠ᠎ᠪᠠᠷ ᠥᠨᠳᠥᠷ ᠴᠢᠨᠠᠷ ᠰᠠᠢᠲᠠᠶ ᠡᠭᠦᠯᠳᠡᠷ᠎ᠦᠨ ᠱᠢᠰᠲ᠋ᠧᠮ᠎ᠢ ᠰᠣᠩᠭᠣᠨ ᠠᠪᠴᠤ᠌᠂ ᠬᠢᠯᠪᠡᠷ ᠳᠦᠭᠦᠮ ᠬᠡᠯᠪᠡᠷᠢ ᠪᠡᠷ ᠴᠢᠬᠢ ᠪᠣᠢᠵᠢᠭᠤᠯᠵᠤ᠂ ᠲᠤᠬᠠᠶ᠎ᠶ᠋ᠢᠨ ᠵᠢᠯ ᠳ᠋ᠡᠭᠡᠨ ᠴᠢᠬᠢ ᠪᠣᠢᠵᠢᠭᠤᠯᠵᠤ ᠤᠢᠵᠢᠭᠤᠯᠬᠤ᠎ᠶ᠋ᠢ ᠪᠡᠶᠡᠯᠡᠭᠦᠯᠵᠦ᠍᠂ ᠥᠩᠭᠡᠷᠡᠭ᠌ᠰᠡᠨ᠎ᠦ ᠨᠢᠭᠡᠳᠦᠭᠡᠷ ᠵᠢᠯ᠎ᠳ᠋ᠤ ᠴᠢᠬᠢ ᠪᠣᠢᠵᠢᠭᠤᠯᠵᠤ ᠬᠣᠶᠠᠳᠤᠭᠠᠷ ᠵᠢᠯ᠎ᠳ᠋ᠤ ᠣᠢᠵᠢᠭᠤᠯᠬᠤ ᠠᠷᠭ᠎ᠠ ᠬᠡᠯᠪᠡᠷᠢ᠎ᠶᠢ ᠬᠤᠪᠢᠷᠠᠭᠤᠯᠪᠠ》 ᠬᠡᠵᠦ ᠵᠠᠩ ᠬᠣᠩ ᠦ᠋ ᠬᠡᠯᠡᠪᠡ᠃

《ᠬᠢᠯᠪᠡᠷ ᠳᠦᠭᠦᠮ ᠬᠡᠯᠪᠡᠷᠢ ᠪᠡᠷ ᠴᠢᠬᠢ ᠪᠣᠢᠵᠢᠭᠤᠯᠬᠤ ᠪᠣᠯ ᠳᠠᠷᠤᠶ ᠰᠠᠭᠤᠷᠢ ᠡᠳ᠋᠎ᠢ ᠳᠦᠭᠦᠮᠴᠢᠯᠡᠬᠦ ᠶᠠᠪᠤᠳᠠᠯ ᠪᠣᠯᠤᠨ᠎ᠠ᠃ ᠥᠩᠭᠡᠷᠡᠭ᠌ᠰᠡᠨ᠎ᠳᠦ ᠨᠢᠭᠡ ᠴᠣᠮᠣ᠎ᠨᠢ 750 ᠭᠷᠠᠮ ᠰᠠᠭᠤᠷᠢ ᠡᠳ᠋᠎ᠲᠡᠶ ᠪᠠᠢᠭ᠍ᠰᠠᠨ ᠪᠣᠯ ᠣᠲᠣ ᠨᠢᠭᠡ ᠴᠣᠮᠣ᠎ᠨᠢ ᠵᠥᠪᠬᠡᠨ 120 ᠭᠷᠠᠮ ᠰᠠᠭᠤᠷᠢ ᠡᠳ᠋᠎ᠲᠡᠶ ᠪᠣᠯᠵᠣ᠂ ᠮᠠᠲ᠋ᠧᠷᠢᠶᠠᠯ᠎ᠨᠢ ᠨᠠᠩ ᠱᠢᠨᠵᠢᠯᠡᠬᠦ᠌ ᠤᠬᠠᠭᠠᠨᠴᠢ ᠪᠦᠭᠡᠳ ᠥᠪᠡᠷ᠎ᠦᠨ ᠥᠷᠲᠡᠭ᠎ᠨᠢ ᠨᠠᠩ ᠳᠤᠤᠷ᠎ᠠ ᠪᠣᠯᠵᠠᠶ》 ᠬᠡᠵᠦ ᠵᠠᠩ ᠬᠣᠩ ᠦ᠋ ᠬᠡᠯᠡᠨ᠎ᠠ᠃ ᠲᠡᠷᠡ 《ᠡᠳᠡᠭᠡᠷ ᠴᠢᠪᠠᠭ᠎ᠠ᠎ᠵᠢᠨ ᠴᠢᠬᠢ 5 ᠰᠠᠷ᠎ᠠ᠎ᠶ᠋ᠢᠨ ᠰᠡᠭᠦᠯᠴᠢ᠎ᠪᠡᠷ ᠰᠤᠶᠤᠭᠠᠯᠠᠵᠦ᠂ ᠤᠯᠠᠭᠠᠨᠪᠤᠬ᠎ᠠ ᠵᠢᠨ ᠡᠯᠡᠰᠦ ᠪᠠ ᠮᠤᠨᠠ ᠠᠭᠤᠯᠠ᠎ᠶ᠋ᠢᠨ  ᠭᠠᠵᠠᠷ ᠣᠷᠣᠨ᠎ᠳᠤ ᠲᠠᠷᠢᠬᠳᠠᠬᠤ ᠪᠤᠯᠤᠨ᠎ᠠ》 ᠭᠡᠪᠡ᠃

2015 ᠣᠨ᠎ᠡᠴᠡ ᠡᠬᠢᠯᠡᠨ᠂ ᠵᠠᠩ ᠬᠣᠩ ᠦ᠋ ᠪᠣᠯᠤᠨ ᠲᠡᠭᠦᠨ᠎ᠦ ᠪᠦᠯᠬᠦᠮ᠎ᠦᠨ᠎ᠬᠢᠨ ᠪᠠᠷᠠᠭᠤᠨ ᠪᠤᠯᠤᠩ ᠣᠶ ᠱᠢᠭᠤᠶ᠎ᠶ᠋ᠢᠨ ᠬᠠᠮᠢᠶᠠᠷᠴᠤ ᠬᠠᠮᠠᠭᠠᠯᠠᠬᠤ ᠲᠥᠪ᠎ᠡᠴᠡ ᠪᠠᠷᠠᠭᠤᠨᠰᠢ 30 ᠺᠢᠯᠣᠮᠧᠲ᠋ᠷ ᠵᠠᠢᠲᠠᠶ ᠪᠠᠢᠭ᠎ᠠ ᠬᠥᠬᠡᠡᠥ᠋ᠨᠳᠥᠷ ᠪᠠᠯᠭᠠᠰᠤᠨ᠎ᠤ ᠤᠯᠠᠭᠠᠨᠬᠣᠱᠢᠭᠤ ᠭᠠᠴᠠᠭ᠎ᠠ᠎ᠳᠤ 1000 ᠭᠠᠷᠤᠶ ᠮᠥ᠍ ᠵᠡᠷᠯᠢᠭ ᠴᠢᠪᠠᠭ᠎ᠠ᠎ᠶ᠋ᠢᠨ ᠲᠤᠷᠱᠢᠯᠲᠠ᠎ᠶ᠋ᠢᠨ ᠣᠶ᠎ᠶ᠋ᠢᠨ ᠰᠠᠭᠤᠷᠢᠨ ᠪᠠᠢᠭᠤᠯᠵᠠᠶ᠃ ᠰᠤᠷᠪᠤᠯᠵᠢᠯᠠᠭ᠍ᠴᠢ ᠲᠣᠰ ᠰᠠᠭᠤᠷᠢᠨ ᠳ᠋ᠤ᠂ ᠮᠥᠷᠯᠡᠨ ᠵᠢᠭᠲᠡᠷᠡᠭᠰᠡᠨ ᠵᠡᠷᠯᠢᠭ ᠴᠢᠪᠠᠭ᠎ᠠ᠎ᠶ᠋ᠢᠨ ᠮᠣᠳᠣ ᠶᠠᠭ ᠴᠡᠷᠢᠭ ᠪᠠᠢᠯᠳᠤᠬᠴᠢ ᠱᠢᠭ᠋ ᠡᠯᠡᠰᠦᠨ ᠴᠥᠯ᠎ᠢ ᠪᠠᠲᠤ ᠰᠠᠬᠢᠨ ᠰᠡᠬᠦᠢᠵᠤ ᠪᠠᠢᠬᠤ ᠵᠢ ᠤᠯᠵᠤ ᠬᠠᠷᠠᠪᠠ᠃

《ᠡᠳᠡᠭᠡᠷ ᠨᠡᠯᠢᠶᠡᠳ ᠥᠨᠳᠥᠷ ᠪᠤᠯᠤᠭᠰᠠᠨ᠎ᠢ ᠨᠢ 2015 ᠣᠨ᠎ᠳᠤ ᠲᠠᠷᠢᠵᠠᠢ᠂ ᠨᠢᠭᠡᠨᠲᠡ ᠴᠢᠪᠠᠭ᠎ᠠ ᠰᠠᠭᠤᠵᠠᠢ᠃ ᠲᠡᠨᠳᠡᠬᠢ ᠨᠢᠭᠡ ᠲᠣᠬᠣᠢ ᠣᠷᠴᠢᠮ ᠥᠨᠳᠥᠷ᠎ᠢ ᠨᠢ 2025 ᠣᠨ᠎ᠳᠤ ᠲᠠᠷᠢᠵᠤ᠂ ᠡᠨᠡ ᠵᠢᠯ ᠵᠢᠮᠢᠰᠯᠡᠨ᠎ᠡ》 ᠭᠡᠵᠦ᠍ ᠵᠠᠩ ᠬᠣᠩ ᠦ᠋ ᠬᠡᠯᠡᠪᠡ᠃

ᠡᠳᠦᠭᠡ᠂ ᠤᠯᠠᠨ ᠵᠢᠯ ᠦᠷᠭᠦᠯᠵᠢᠯᠡᠭ᠌ᠰᠡᠨ ᠤᠯᠠᠭᠠᠨᠪᠤᠬ᠎ᠠ ᠵᠢᠨ ᠡᠯᠡᠰᠦ᠎ᠵᠢᠨ ᠵᠡᠭᠦᠨ ᠵᠠᠬ᠎ᠠ᠎ᠵᠢᠨ ᠨᠡᠭᠦᠳᠡᠯ ᠡᠯᠡᠰᠦ ᠨᠢᠭᠡᠨᠲᠡ ᠵᠡᠷᠯᠢᠭ ᠴᠢᠪᠠᠭ᠎ᠠ᠂ ᠵᠠᠭ ᠮᠣᠳᠣ᠂ ᠳᠡᠷᠪᠡᠯᠵᠢ ᠪᠣᠯᠤᠨ ᠤᠯᠠᠭᠠᠨ ᠤᠳᠠ ᠵᠡᠷᠭᠡ᠎ᠳᠤ ᠬᠤᠮᠢᠭᠳᠠᠵᠤ᠂ ᠡᠯᠡᠰᠦᠨ ᠲᠤᠪᠤᠴᠠᠭ᠎ᠤᠨ ᠬᠣᠭᠣᠷᠣᠨᠳᠣ ᠱᠢᠨ᠎ᠡ᠎ᠪᠡᠷ ᠵᠠᠢᠯᠠᠭ᠍ᠰᠠᠨ ᠴᠢᠬᠢ ᠮᠣᠳᠣ ᠰᠠᠯᠬᠢᠨ᠎ᠤ ᠠᠶ᠎ᠠ᠎ᠪᠠᠷ ᠨᠠᠢᠭᠤᠨ᠎ᠠ᠃ 10 ᠭᠠᠷᠤᠶ ᠵᠢᠯ᠎ᠦᠨ ᠪᠥᠲᠥᠭᠡᠨ ᠪᠠᠢᠭᠤᠯᠤᠯᠲᠠ᠎ᠪᠠᠷ ᠳᠡᠮᠵᠢᠨ᠂ ᠤᠯᠠᠭᠠᠨᠬᠤᠱᠢᠭᠤ ᠭᠠᠴᠠᠭᠠᠨ᠎ᠤ ᠡᠷᠬᠢᠨ ᠲᠣᠭᠣᠷᠢᠨ᠎ᠳᠤ ᠵᠡᠷᠯᠢᠭ ᠴᠢᠪᠠᠭ᠎ᠠ᠎ᠪᠠᠷ ᠭᠤᠤᠯ ᠪᠣᠯᠭᠠᠭ᠍ᠰᠠᠨ 2400 ᠭᠠᠷᠤᠶ ᠮᠥ᠍ ᠠᠮᠢ ᠠᠬᠤᠶ᠎ᠶ᠋ᠢᠨ ᠠᠵᠤ ᠠᠬᠤᠶ᠎ᠶ᠋ᠢᠨ ᠣᠶ᠎ᠪᠠᠢᠭᠤᠯᠵᠤ᠂ ᠥᠩᠭᠡᠷᠡᠭ᠌ᠰᠡᠨ᠎ᠳᠦ ᠡᠯᠡᠰᠦ ᠰᠢᠷᠤᠢ᠎ᠬᠡᠢᠰᠳᠡᠭ ᠭᠠᠵᠠᠷ ᠪᠠᠢᠭ᠍ᠰᠠᠨ᠎ᠡᠴᠡ᠎ᠪᠠᠨ ᠡᠪᠡᠰᠦ ᠮᠣᠳᠣ ᠢᠭ᠍ᠴᠤ ᠰᠠᠬᠤᠯᠢᠭ ᠵᠢᠮᠢᠰ᠎ᠦᠨ ᠬᠦᠷᠢᠶᠡᠯᠡᠩ ᠪᠣᠯᠵᠣ᠂ 《ᠡᠯᠡᠰᠦ ᠤᠷᠤᠭ᠍ᠰᠢᠯᠠᠵᠤ ᠬᠥᠮᠦᠨ ᠤᠬᠤᠷᠢᠵᠤ》 ᠪᠠᠢᠭ᠍ᠰᠠᠨ᠎ᠡᠴᠡ᠎ᠪᠠᠨ 《ᠨᠣᠭᠣᠭᠠᠷᠠᠭᠤᠯᠤᠯᠲᠠ ᠤᠷᠤᠭ᠍ᠰᠢᠯᠠᠵᠤ ᠡᠯᠡᠰᠦ ᠤᠬᠤᠷᠢᠭ᠍ᠰᠠᠨ》 ᠠᠮᠢ ᠠᠬᠤᠶ᠎ᠶ᠋ᠢᠨ ᠬᠤᠪᠢᠷᠠᠯᠲᠠ᠎ᠶ᠋ᠢ ᠪᠡᠶᠡᠯᠡᠭᠦᠯᠪᠡ᠃

10 ᠭᠠᠷᠤᠶ ᠵᠢᠯ᠎ᠦᠨ ᠲᠤᠷᠰᠢ ᠲᠣᠰᠭᠣᠨ᠎ᠤ ᠠᠷᠠᠳ᠎ᠢ ᠳᠠᠭᠠᠭᠤᠯᠤᠨ ᠵᠡᠷᠯᠢᠭ ᠴᠢᠪᠠᠭ᠎ᠠ᠎ᠶ᠋ᠢᠨ ᠮᠣᠳᠣ ᠳᠠᠷᠢᠭ᠍ᠰᠠᠨ 《ᠤᠯᠤᠰ᠎ᠤᠨ ᠣᠶ ᠱᠢᠭᠤᠶ ᠨᠤᠳᠤᠭ ᠪᠡᠯᠴᠢᠭᠡᠷ᠎ᠦᠨ ᠨᠤᠲᠤᠭ᠎ᠤᠨ ᠲᠤᠰᠭᠠᠶ ᠮᠡᠷᠭᠡᠵᠢᠯᠲᠡᠨ》 ᠷᠧᠨ ᠡᠯ ᠬᠤᠸᠠᠨ᠄ 《ᠠᠮᠢ ᠠᠬᠤᠶ ᠰᠠᠢᠵᠢᠷᠠᠵᠤ᠂ ᠣᠷᠣᠯᠭ᠎ᠠ ᠨᠡᠮᠡᠭ᠌ᠳᠡᠵᠦ᠍᠂ ᠨᠡᠩ ᠣᠯᠠᠨ ᠲᠣᠰᠭᠣᠨ᠎ᠤ ᠠᠷᠠᠳ ᠠᠮᠢ ᠠᠬᠤᠶ᠎ᠶ᠋ᠢᠨ ᠠᠵᠤ ᠠᠬᠤᠶ᠎ᠶ᠋ᠢᠨ ᠣᠶ᠎ᠶ᠋ᠢ ᠤᠢᠵᠢᠭᠤᠯᠬᠤ ᠡᠩᠨᠡᠭᠡᠨ᠎ᠳᠦ ᠣᠷᠣᠵᠤ᠂ ᠡᠵᠡᠭᠦᠶ ᠡᠯᠡᠰᠦ ᠡᠵᠡᠭᠦᠶ ᠲᠠᠩ ᠶᠠᠭ ᠨᠤᠮᠢᠨ ᠤᠰᠤ ᠬᠦᠬᠡᠮᠳᠦᠭ ᠠᠭᠤᠯᠠ ᠪᠠ ᠠᠯᠲᠠᠨ ᠠᠭᠤᠯᠠ ᠮᠥᠩᠭᠥᠨ ᠬᠠᠢᠷᠬᠠᠨ ᠪᠣᠯᠵᠣ ᠬᠤᠪᠢᠷᠠᠵᠤ ᠪᠠᠢᠨ᠎ᠠ》 ᠭᠡᠪᠡ᠃

ᠲᠠᠨᠢᠯᠴᠠᠭᠤᠯᠤᠭ᠍ᠰᠠᠨ᠎ᠢᠶᠠᠷ᠂ ᠣᠳᠣᠬᠠᠨ᠎ᠳᠤ ᠵᠡᠷᠯᠢᠭ ᠴᠢᠪᠠᠭ᠎ᠠ᠎ᠵᠢᠨ ᠦᠷ᠎ᠠ ᠬᠤᠳᠠᠯᠳᠤᠨ ᠠᠪᠬᠤ ᠦᠨ᠎ᠡ ᠨᠢ ᠺᠢᠯᠣᠭ᠌ᠷᠠᠮ ᠪᠦᠷᠢ᠎ᠳᠡᠭᠡᠨ 600 —800 ᠲᠥᠭᠥᠷᠢᠭ ᠬᠦᠷᠴᠤ ᠪᠠᠢᠨ᠎ᠠ᠃ ᠮᠢᠩᠭᠠᠨ ᠮᠦ᠍ ᠵᠡᠷᠯᠢᠭ ᠴᠢᠪᠠᠭ᠎ᠠ ᠲᠠᠷᠢᠬᠤ ᠰᠠᠭᠤᠷᠢᠨ ᠪᠠᠰᠠ ᠤᠢ᠍ᠢᠷ᠎ᠠ ᠬᠠᠪᠢ᠎ᠶ᠋ᠢᠨ ᠲᠣᠰᠭᠣᠨ᠎ᠤ ᠠᠷᠠᠳ᠎ᠲᠤ ᠬᠡᠳᠦᠨ ᠠᠷᠪᠠᠨ ᠠᠵᠢᠯ᠎ᠤᠨ ᠪᠠᠢᠷᠢ ᠬᠠᠩᠭᠠᠵᠤ᠂ ᠲᠣᠰᠭᠣᠨ᠎ᠤ ᠠᠷᠠᠳ ᠡᠳᠦᠷ ᠪᠦᠷᠢ 200 ᠲᠥᠭᠥᠷᠢᠭ᠎ᠦᠨ ᠣᠷᠣᠯᠭ᠎ᠠ ᠣᠯᠵᠤ᠂ ᠵᠡᠷᠯᠢᠭ ᠴᠢᠪᠠᠭ᠎ᠠ ᠨᠢ ᠲᠣᠰᠭᠣᠨ᠎ᠤ ᠠᠷᠠᠳ᠎ᠤᠨ ᠪᠠᠶᠠᠵᠢᠯ᠎ᠤᠨ ᠵᠢᠮᠢᠰ ᠪᠣᠯᠵᠠᠢ᠃

《ᠥᠩᠭᠡᠷᠡᠭ᠌ᠰᠡᠨ᠎ᠳᠦ ᠡᠯᠡᠰᠦ᠎ᠲᠡᠶ ᠲᠡᠮᠡᠴᠡᠵᠦ᠍ ᠪᠠᠢᠵᠠᠶ᠂ ᠣᠲᠣ ᠪᠢᠳᠡ ᠡᠯᠡᠰᠦ᠎ᠪᠡᠷ ᠬᠥᠭ᠌ᠵᠢᠯᠲᠡ᠎ᠵᠢ ᠡᠷᠢᠯᠬᠢᠯᠡᠬᠦ ᠴᠢᠬᠤᠯᠠᠳᠠᠢ᠃ 〈ᠰᠠᠢᠨ ᠡᠭᠦᠯᠳᠡᠷ ᠰᠠᠢᠨ ᠠᠷᠭ᠎ᠠ〉᠎ᠪᠠᠷ ᠵᠡᠷᠯᠢᠭ ᠴᠢᠪᠠᠭ᠎ᠠ᠎ᠶ᠋ᠢᠨ ᠮᠣᠳᠣ᠎ᠶ᠋ᠢ ᠳᠠᠷᠢᠬᠤ᠎ᠡᠴᠡ ᠭᠠᠳᠠᠨ᠎ᠠ᠂ ᠪᠢᠳᠡ ᠪᠠᠰᠠ ᠵᠡᠷᠯᠢᠭ ᠴᠢᠪᠠᠭ᠎ᠠ᠎ᠶ᠋ᠢᠨ ᠮᠣᠳᠣᠨ᠎ᠤ ᠨᠠᠪᠴᠢ᠂ ᠵᠢᠮᠢᠰ᠎ᠦᠨ ᠬᠠᠯᠢᠰᠤ᠂ ᠵᠢᠮᠢᠰ᠎ᠦᠨ ᠦᠷ᠎ᠠ᠎ᠶ᠋ᠢ ᠠᠱᠢᠭ᠍ᠯᠠᠵᠤ᠂ ᠡᠯ᠎ᠡ ᠵᠦᠶ᠋ᠯ᠎ᠦᠨ ᠪᠦᠲᠦᠭᠡᠭ᠌ᠳᠡᠬᠦᠨ ᠪᠣᠯᠭᠠᠵᠤ᠂ ᠣᠯᠠᠨ ᠲᠦᠮᠡᠨ᠎ᠦ ᠣᠷᠣᠯᠭ᠎ᠠ᠎ᠶ᠋ᠢ ᠨᠡᠮᠡᠭ᠌ᠳᠡᠭᠦᠯᠦᠨ᠎ᠡ》 ᠭᠡᠵᠦ᠍ ᠵᠠᠩ ᠬᠣᠩ ᠦ᠋ ᠬᠡᠯᠡᠪᠡ᠃


【ᠰᠤᠷᠪᠤᠯᠵᠢᠯᠠᠭᠴᠢ ᠵᠢᠨ ᠡᠪᠦᠷ ᠲᠡᠮᠳᠡᠭᠯᠡᠯ】

ᠴᠢᠬᠢ ᠪᠣᠢᠵᠢᠭᠤᠯᠬᠤ ᠬᠦᠯᠡᠮᠵᠢ᠎ᠡᠴᠡ ᠲᠤᠷᠱᠢᠯᠲᠠ᠎ᠶ᠋ᠢᠨ ᠤᠢ᠎ᠶ᠋ᠢᠨ ᠰᠠᠭᠤᠷᠢᠨ ᠬᠦᠷᠲᠡᠯ᠎ᠡ᠂ ᠰᠤᠷᠪᠤᠯᠵᠢᠯᠠᠭ᠎ᠠ᠎ᠶ᠋ᠢᠨ ᠲᠡᠮᠳᠡᠭᠯᠡᠯ ᠳᠡᠭᠡᠷ᠎ᠡ ᠲᠣᠭ᠎ᠠ ᠪᠠᠷᠢᠮᠳᠠ ᠪᠠ ᠮᠡᠷᠭᠡᠵᠢᠯ᠎ᠦᠨ ᠨᠡᠷᠡᠰ ᠲᠦᠭᠦᠷᠲᠡᠯ᠎ᠡ ᠲᠡᠮᠳᠡᠭ᠌ᠯᠡᠭᠳᠡᠭᠰᠡᠨ ᠪᠠᠢᠪᠠ — 3 ᠲᠦᠮᠡᠨ ᠴᠣᠮᠣ ᠴᠢᠪᠠᠭ᠎ᠠ᠎ᠶ᠋ᠢᠨ ᠴᠢᠬᠢ᠂ 750 ᠭᠷᠠᠮ ᠪᠠᠢᠭ᠍ᠰᠠᠨ᠎ᠡᠴᠡ᠎ᠪᠠᠨ 120 ᠭᠷᠠᠮ᠎ᠤᠨ ᠰᠠᠭᠤᠷᠢ ᠡᠳ᠋ ᠪᠤᠯᠵᠤ ᠪᠠᠭᠠᠰᠤᠭᠰᠠᠨ᠂ ᠦᠨᠳᠦᠰᠦ ᠵᠢ ᠨᠢ ᠡᠵᠡᠮᠳᠡᠬᠦ ᠮᠡᠷᠭᠡᠵᠢᠯ᠂ ᠲᠦᠭᠦᠮ ᠲᠦᠳᠡ ᠴᠢᠬᠢ ᠪᠣᠢᠵᠢᠭᠤᠯᠬᠤ᠂ ᠰᠠᠢᠨ ᠦᠷ᠎ᠡ ᠵᠢ ᠰᠠᠢᠳᠤᠷ ᠪᠣᠢᠵᠢᠭᠤᠯᠬᠤ ᠁ ᠲᠣᠭ᠎ᠠ ᠪᠠᠷᠢᠮᠳᠠ ᠨᠢᠭᠡ ᠪᠦᠷᠢ᠂ ᠨᠡᠷᠡᠰ ᠦᠭᠡ ᠨᠢᠭᠡ ᠪᠦᠷᠢ ᠨᠢ ᠴᠥᠮ ᠡᠯᠡᠰᠦᠷᠬᠡᠭ᠌ᠵᠢᠯ᠎ᠢ ᠰᠡᠷᠭᠡᠢᠯᠡᠵᠦ᠍ ᠡᠯᠡᠰᠦ ᠵᠢ ᠵᠠᠰᠠᠬᠤ ᠠᠢᠵᠠᠮ ᠪᠣᠯᠤᠨ ᠦᠷ᠎ᠡ ᠪᠦᠲᠦᠮᠵᠢ᠎ᠶ᠋ᠢᠨ ᠱᠢᠨ᠎ᠡ ᠡᠭᠦᠳᠦᠯᠲᠡ᠎ᠶ᠋ᠢ ᠦᠨᠡᠨ ᠪᠣᠳᠠᠲᠠᠢ ᠥᠭᠡᠷᠡᠴᠢᠯᠡᠨ ᠪᠢᠴᠢᠵᠦ᠍ ᠪᠠᠢᠨ᠎ᠠ᠃

ᠬᠥᠮᠦᠰ ᠦᠷᠭᠦᠯᠵᠢ 《ᠠᠷᠪᠠᠨ ᠵᠢᠯ ᠳ᠋ᠤ ᠮᠣᠳᠣ ᠪᠤᠯᠤᠨ᠎ᠠ》 ᠭᠡᠵᠦ᠍ ᠬᠡᠯᠡᠳᠡᠭ᠃ ᠪᠠᠢᠭᠠᠯᠢ᠎ᠶ᠋ᠢᠨ ᠣᠷᠴᠢᠨ ᠲᠣᠭᠣᠷᠢᠨ ᠬᠠᠲᠠᠭᠤ ᠪᠡᠷᠬᠡ ᠡᠯᠡᠰᠦᠷᠬᠡᠭ ᠣᠷᠣᠨ᠎ᠳᠤ ᠠᠪᠴᠤ᠌ ᠬᠡᠯᠡᠪᠡᠯ᠂ ᠥᠩᠭᠡᠷᠡᠭ᠌ᠰᠡᠨ᠎ᠦ ᠴᠢᠬᠢ ᠮᠣᠳᠣ ᠪᠣᠢᠵᠢᠭᠤᠯᠬᠤ ᠠᠷᠭ᠎ᠠ ᠮᠠᠶᠢᠭ ᠪᠣᠯ ᠨᠢᠭᠡᠳᠦᠭᠡᠷ ᠵᠢᠯ᠎ᠳ᠋ᠤ ᠴᠢᠬᠢ ᠮᠣᠳᠣ ᠪᠣᠢᠵᠢᠭᠤᠯᠵᠤ ᠬᠣᠶᠠᠳᠤᠭᠠᠷ ᠵᠢᠯ᠎ᠳ᠋ᠤ ᠣᠢᠵᠢᠭᠤᠯᠳᠠᠬ ᠪᠠᠢᠵᠦ᠂ ᠦᠶᠡᠯᠡᠯ ᠤ᠋ᠨ ᠬᠤᠭᠤᠴᠠᠭ᠎ᠠ ᠨᠢ ᠣᠷᠳᠣ᠂ ᠥᠪᠡᠷ᠎ᠦᠨ ᠥᠷᠲᠡᠭ ᠨᠢ ᠥᠨᠳᠥᠷ᠂ ᠦᠷ᠎ᠡ ᠪᠦᠲᠦᠮᠵᠢ ᠤᠯᠬᠤ ᠨᠢ ᠤᠳᠠᠭᠠᠨ ᠪᠠᠢᠳᠠᠭ᠃ ᠣᠳᠣᠬᠠᠨ᠎ᠳᠤ᠂ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠲᠡᠬᠡᠭᠰᠢᠯᠡᠯᠳᠠ ᠨᠢ ᠡᠯᠡᠰᠦᠷᠬᠡᠭᠵᠢᠯ ᠢ᠋ ᠰᠡᠷᠭᠡᠢᠯᠡᠵᠦ᠍ ᠡᠯᠡᠰᠦ᠎ᠶ᠋ᠢ ᠵᠠᠰᠠᠬᠤ ᠥᠪᠡᠷ᠎ᠦᠨ ᠦᠷᠳᠡᠭ᠎ᠢ ᠪᠠᠭᠤᠷᠠᠭᠤᠯᠵᠤ᠂ ᠦᠷ᠎ᠡ ᠪᠦᠲᠦᠮᠵᠢ᠎ᠶ᠋ᠢ ᠶᠡᠬᠡ᠎ᠪᠡᠷ ᠳᠡᠭᠡᠭ᠌ᠰᠢᠯᠡᠭᠦᠯᠵᠦ — ᠲᠤᠬᠠᠢ᠎ᠶ᠋ᠢᠨ ᠵᠢᠯ᠎ᠳ᠋ᠡᠭᠡᠨ ᠴᠢᠬᠢ ᠮᠤᠳᠤ ᠪᠣᠢᠵᠢᠭᠤᠯᠵᠤ ᠣᠢᠵᠢᠭᠤᠯᠬᠤ ᠵᠢ ᠪᠡᠶᠡᠯᠡᠭᠦᠯᠪᠡ᠃

ᠡᠯᠡᠰᠦ᠎ᠲᠡᠶ ᠲᠡᠮᠡᠴᠡᠬᠦ᠌᠎ᠡᠴᠡ ᠡᠯᠡᠰᠦ ᠵᠢ ᠠᠰᠢᠬᠯᠠᠬᠤ ᠬᠦᠷᠲᠡᠯ᠎ᠡ᠂ ᠮᠡᠷᠭᠡᠵᠢᠯ ᠬᠤᠪᠢᠷᠠᠬᠤ᠎ᠶ᠋ᠢᠨ ᠬᠠᠮᠲᠤ ᠬᠥᠮᠦᠰ᠎ᠦᠨ ᠦᠵᠡᠯᠲᠡ ᠴᠦ᠍ ᠬᠤᠪᠢᠷᠠᠵᠤ ᠪᠠᠢᠨ᠎ᠠ᠃ ᠵᠡᠷᠯᠢᠭ ᠴᠢᠪᠠᠭ᠎ᠠ᠎ᠶ᠋ᠢᠨ ᠮᠣᠳᠣ ᠪᠣᠯ ᠨᠤᠲᠤᠭ᠎ᠤᠨ ᠮᠣᠳᠣ ᠶᠤᠮ᠂ ᠲᠡᠷᠡ ᠨᠢ ᠡᠯᠡᠰᠦ᠎ᠶ᠋ᠢ ᠲᠣᠭ᠍ᠲᠠᠪᠤᠷᠢᠵᠢᠭᠤᠯᠬᠤ᠎ᠪᠠᠷ ᠪᠠᠷᠠᠬᠤ ᠥᠬᠡᠶ ᠪᠠᠰᠠ ᠵᠢᠮᠢᠰ ᠰᠠᠭᠤᠳᠠᠭ᠂ ᠵᠢᠮᠢᠰ᠎ᠦᠨ ᠦᠷ᠎ᠠ ᠨᠢ ᠡᠮ᠎ᠳᠦ ᠣᠷᠣᠨ᠎ᠠ᠂ ᠨᠠᠪᠴᠢ᠂ ᠵᠢᠮᠢᠰ᠎ᠦᠨ ᠬᠠᠯᠢᠰᠤ᠎ᠶ᠋ᠢ ᠨᠢ ᠴᠤ᠌ ᠠᠱᠢᠭ᠍ᠯᠠᠵᠤ ᠪᠣᠯᠤᠨ᠎ᠠ᠃ ᠦᠵᠡᠬᠦ ᠳ᠋ᠤ ᠶᠠᠯᠢᠮ ᠦᠬᠡᠢ ᠵᠡᠷᠯᠢᠭ ᠴᠢᠪᠠᠭ᠎ᠠ ᠵᠢᠨ ᠮᠣᠳᠣ ᠨᠤᠭᠤᠭᠠᠷᠠᠭᠤᠯᠤᠯᠳᠠ ᠪᠠ ᠪᠠᠶᠠᠵᠢᠯ᠎ᠢ ᠬᠣᠯᠪᠣᠪᠠ᠃ ᠨᠤᠲᠤᠭ᠎ᠤᠨ ᠮᠣᠳᠣᠨ᠎ᠤ ᠲᠥᠷᠥᠯ᠎ᠳᠦ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠵᠢᠭᠦᠷ ᠤᠷᠭᠤᠭᠤᠯᠵᠤ᠂ ᠥᠩᠭᠡᠷᠡᠭ᠌ᠰᠡᠨ᠎ᠦ ᠡᠯᠡᠰᠦ ᠮᠠᠩᠬ᠎ᠠ ᠨᠣᠭᠣᠭᠠᠷᠠᠭᠰᠠᠨ᠎ᠢᠶᠡᠷ ᠪᠠᠷᠠᠬᠤ ᠥᠬᠡᠶ ᠪᠠᠰᠠ ᠠᠷᠠᠳ᠎ᠢ ᠪᠠᠶᠠᠵᠢᠭᠤᠯᠪᠠ᠃ ᠡᠨᠡ ᠨᠢ ᠶᠠᠭ 《ᠡᠯᠡᠰᠦ ᠵᠢ ᠠᠯᠳᠠ ᠪᠤᠯᠭᠠᠨ ᠬᠤᠪᠢᠷᠠᠭᠤᠯᠤᠬᠰᠠᠨ》 ᠠᠮᠢᠳᠤᠯᠢᠭ ᠦᠢᠯᠡᠳᠦᠯᠭᠡ ᠪᠠᠢᠵᠤ᠂ ᠮᠦᠨ ᠴᠤ᠌ ᠡᠯᠡᠰᠦᠷᠬᠡᠭᠵᠢᠯ ᠢ᠋ ᠰᠡᠷᠭᠡᠢᠯᠡᠵᠦ᠍ ᠡᠯᠡᠰᠦ᠎ᠶ᠋ᠢ ᠵᠠᠰᠠᠬᠤ ᠬᠦᠴᠦᠨ ᠴᠢᠳᠠᠯ᠎ᠤᠨ ᠡᠬᠢ ᠪᠤᠯᠠᠭ ᠮᠥᠨ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号