ᠵᠤᠨ ᠤ᠋ ᠡᠬᠢᠨ ᠤ᠋ ᠰᠥᠨᠢᠳ ᠤ᠋ᠨ ᠲᠠᠯ᠎ᠠ ᠳ᠋ᠤ ᠨᠢᠯᠬ᠎ᠠ ᠨᠤᠭᠤᠭ᠎ᠠ ᠵᠢᠨ ᠦᠨᠦᠷ ᠰᠡᠩᠬᠢᠨᠡᠨᠠ᠃ ᠰᠥᠨᠢᠳ ᠵᠡᠭᠦᠨ ᠬᠣᠱᠢᠭᠤᠨ ᠤ᠋ ᠮᠠᠨᠳᠤᠯᠲᠤ ᠪᠠᠯᠭᠠᠰᠤ ᠵᠢᠨ ᠳᠠᠷᠬᠠᠨ ᠱᠢᠯᠢ ᠭᠠᠴᠠᠭ᠎ᠠ ᠳ᠋ᠦ ᠮᠠᠯᠴᠢᠨ ᠶᠤᠤ ᠸᠧᠨ ᠪᠢᠨ ᠰᠠᠷᠠᠭᠤᠯ ᠠᠭᠤᠵᠢᠭᠤ ᠪᠠᠷᠢᠮᠵᠢᠶᠠᠵᠢᠭ᠍ᠰᠠᠨ ᠠᠳᠤᠭᠤᠨ ᠤ᠋ ᠰᠠᠷᠠᠪᠴᠢᠨ ᠳ᠋ᠠᠭᠠᠨ ᠬᠡᠬᠡᠯ ᠲᠠᠢ ᠬᠡᠬᠦᠤ ᠵᠢᠨ ᠴᠢᠰᠤᠨ ᠴᠠᠢᠪᠠᠩ ᠢ᠋ ᠴᠤᠭᠯᠠᠭᠤᠯᠬᠤ ᠭᠤᠤᠷᠰᠤ ᠪᠣᠯᠤᠨ ᠤᠭᠤᠲᠠ ᠪᠠᠨ ᠪᠠᠢᠴᠠᠭᠠᠵᠤ ᠪᠠᠢᠯ᠎ᠠ᠃ 《ᠬᠡᠳᠦᠨ ᠡᠳᠦᠷ ᠡᠴᠡ ᠬᠡᠬᠡᠯ ᠲᠠᠢ ᠬᠡᠬᠦᠤ ᠵᠢᠨ ᠴᠢᠰᠤᠨ ᠴᠠᠢᠪᠠᠩ ᠢ᠋ ᠠᠪᠴᠦ ᠪᠤᠯᠤᠨ᠎ᠠ》 ᠭᠡᠵᠤ ᠲᠡᠷᠡ ᠠᠵᠢᠯ ᠳ᠋ᠠᠭᠠᠨ ᠶᠠᠭᠠᠷᠠᠨ᠎ᠠ᠃
ᠬᠡᠳᠦᠨ ᠠᠷᠪᠠᠨ ᠺᠢᠯᠣᠮᠧᠲ᠋ᠷ ᠤ᠋ᠨ ᠴᠠᠭᠠᠨᠠᠬᠢ ᠲᠦᠮᠡᠨ ᠤ᠋ ᠡᠬᠢ ᠠᠳᠤᠭᠤᠨ ᠤ᠋ ᠦᠶ᠋ᠯᠡᠰ ᠤ᠋ᠨ ᠰᠠᠭᠤᠷᠢᠨ ᠳ᠋ᠤ 《ᠱᠢᠯᠢ ᠶ᠋ᠢᠨ ᠭᠤᠤᠯ ᠠᠢᠮᠠᠭ ᠤ᠋ᠨ ᠰᠠᠢᠨ ᠡᠭᠦᠯᠳᠡᠷ ᠤ᠋ᠨ ᠠᠳᠤᠭᠤᠨ ᠤ᠋ ᠬᠡᠭᠡᠯᠲᠦᠭᠦᠯᠭᠡ ᠶ᠋ᠢᠨ ᠥᠷᠲᠡᠭᠡ NO.001》 ᠭᠡᠬᠦ᠌ ᠱᠢᠵᠢᠷ ᠠᠯᠲᠠᠨ ᠫᠠᠢᠰᠠ ᠨᠠᠷᠠᠨ ᠤ᠋ ᠬᠡᠷᠡᠯ ᠳ᠋ᠤ ᠬᠢᠯᠪᠡᠯᠵᠠᠵᠤ᠂ ᠠᠳᠤᠭᠤᠨ ᠤ᠋ ᠦᠨ᠎ᠠ ᠦᠷᠳᠡᠭ ᠤ᠋ᠨ ᠲᠤᠬᠠᠶ ᠨᠢᠭᠡᠨ ᠤᠳᠠᠭ᠎ᠠ ᠵᠢᠨ ᠦᠭᠡᠷᠡᠴᠢᠯᠡᠯᠳᠡ ᠬᠤᠪᠢᠰᠤᠯᠳᠠ ᠰᠦᠷ ᠳᠠᠯᠠᠢᠴᠠᠲᠠᠶ ᠶᠠᠪᠤᠭ᠍ᠳᠠᠵᠤ ᠪᠠᠢᠨ᠎ᠠ᠃
ᠶᠤᠤ ᠸᠧᠨ ᠪᠢᠨ ᠤ᠋ ᠬᠢ ᠪᠤᠯ ᠤᠢᠷ᠎ᠠ ᠬᠠᠪᠢ ᠳ᠋ᠠᠭᠠᠨ ᠨᠡᠷᠡᠲᠡᠢ ᠠᠳᠤᠭᠤ ᠲᠡᠵᠢᠭᠡᠳᠡᠭ ᠲᠣᠮᠣ ᠡᠷᠦᠬᠡ ᠶᠤᠮ᠃ 2012 ᠣᠨ ᠳ᠋ᠦ ᠲᠡᠷᠡ ᠠᠳᠤᠭᠤ ᠲᠡᠵᠢᠭᠡᠬᠦ᠌ ᠳ᠋ᠦ ᠪᠡᠯᠡ ᠤᠷᠤᠭᠤᠯᠤᠯᠳᠠ ᠶᠡᠬᠡ᠂ ᠤᠷᠤᠯᠭ᠎ᠠ ᠤᠳᠠᠭᠠᠨ ᠭᠡᠵᠦ ᠰᠠᠨᠠᠭ᠎ᠠ ᠪᠤᠯᠵᠦ ᠪᠠᠢᠪᠠ᠃ 2013 ᠣᠨ ᠳ᠋ᠦ ᠨᠢᠭᠡ ᠤᠳᠠᠭ᠎ᠠ ᠵᠢᠨ ᠭᠠᠳᠠᠭᠰᠢ ᠭᠠᠷᠤᠭᠰᠠᠨ ᠪᠠᠢᠴᠠᠭᠠᠯᠲᠠ ᠪᠠᠷ ᠳᠠᠮᠵᠢᠨ ᠭᠡᠭᠡᠯ ᠲᠠᠢ ᠬᠡᠬᠦᠤ ᠵᠢᠨ ᠴᠢᠰᠤᠨ ᠴᠠᠢᠪᠠᠩ ᠶᠡᠬᠡ ᠦᠨ᠎ᠠ ᠳ᠋ᠤ ᠬᠦᠷᠴᠦ ᠪᠠᠢᠭ᠎ᠠ ᠬᠤᠳᠠᠯᠳᠤᠭᠠᠨ ᠤ᠋ ᠲᠣᠬᠢᠶᠠᠯ ᠢ᠋ ᠣᠯᠵᠤ ᠮᠡᠳᠡᠵᠡᠢ᠃ ᠲᠡᠭᠡᠭᠡᠳ ᠨᠤᠲᠤᠭ ᠤ᠋ᠨ ᠮᠣᠩᠭᠣᠯ ᠠᠳᠤᠭᠤᠨ ᠤ᠋ ᠴᠢᠰᠤᠨ ᠴᠠᠢᠪᠠᠩ ᠤ᠋ᠨ ᠴᠡᠪᠡᠷᠴᠡ 70% ᠬᠦᠷᠴᠦ ᠪᠠᠢᠭ᠎ᠠ ᠳᠠᠪᠠᠭᠤᠯᠢᠭ ᠲᠠᠭᠠᠨ ᠲᠦᠱᠢᠭ᠌ᠯᠡᠵᠤ᠂ ᠲᠡᠷᠡ ᠵᠢᠯ ᠳ᠋ᠦ 30 ᠲᠦᠮᠡᠨ ᠲᠥᠭᠥᠷᠢᠭ ᠤ᠋ᠨ ᠤᠷᠤᠯᠭ᠎ᠠ ᠤᠯᠵᠦ᠂ ᠮᠠᠯᠵᠢᠬᠤ ᠣᠷᠣᠨ ᠳ᠋ᠦ ᠠᠳᠤᠭᠤᠨ ᠤ᠋ ᠴᠢᠰᠤᠨ ᠴᠠᠢᠪᠠᠩ ᠡᠴᠡ ᠣᠷᠣᠯᠭ᠎ᠠ ᠤᠯᠤᠭᠰᠠᠨ ᠠᠩᠬᠠᠳᠠᠭ᠍ᠴᠢ ᠬᠥᠮᠦᠨ ᠪᠣᠯᠵᠠᠶ᠃
《ᠥᠩᠭᠡᠷᠡᠭ᠌ᠰᠡᠨ ᠳ᠋ᠦ ᠠᠳᠤᠭᠤ ᠮᠠᠯᠵᠢᠵᠦ ᠪᠠᠢᠭ᠍ᠰᠠᠨ ᠨᠢ ᠤᠨᠤᠯᠭ᠎ᠠ ᠡᠳ᠋ᠯᠡᠬᠡ ᠶ᠋ᠢᠨ ᠲᠥᠯᠥᠭᠡ ᠯᠡ ᠶᠤᠮ᠂ ᠣᠲᠣ ᠪᠥᠬᠥ᠌ ᠪᠡᠶ᠎ᠡ ᠨᠢ ᠪᠦᠷ ᠦᠷᠳᠡᠭ ᠪᠦᠳᠦᠭᠡᠵᠦ ᠪᠠᠢᠨ᠎ᠠ᠂ ᠴᠢᠰᠤᠨ ᠴᠠᠢᠪᠠᠩ᠂ ᠱᠢᠭᠡᠰᠦ ᠪᠠ ᠴᠡᠭᠡ ᠡᠴᠡ ᠪᠦᠷ ᠵᠣᠭᠣᠰ ᠤᠯᠵᠦ ᠪᠣᠯᠤᠨ᠎ᠠ》 ᠭᠡᠵᠦ᠍ ᠶᠤᠤ ᠸᠸᠨ ᠪᠢᠨ ᠢᠨᠢᠶᠡᠮᠰᠦᠭ᠌ᠯᠡᠨ ᠬᠡᠯᠡᠨ᠎ᠠ᠃ ᠲᠡᠭᠦᠨ ᠤ᠋ ᠬᠠᠷᠠᠯᠳᠠ ᠵᠤᠷᠢᠯᠳᠠ ᠨᠢ ᠡᠭᠦᠨ ᠢ᠋ᠶ᠋ᠡᠷ ᠵᠣᠭ᠍ᠰᠣᠬᠤ ᠦᠭᠡᠢ ᠶᠤᠮ᠃ 2020 ᠣᠨ ᠳ᠋ᠦ ᠲᠡᠷᠡ ᠮᠡᠷᠭᠡᠵᠢᠯ ᠤ᠋ᠨ ᠱᠠᠭᠠᠷᠳᠠᠯᠭ᠎ᠠ ᠪᠡᠷ ᠨᠡᠩ ᠥᠨᠳᠥᠷ ᠭᠡᠭᠡᠯ ᠲᠠᠢ ᠬᠡᠬᠦᠤ ᠵᠢᠨ ᠱᠢᠭᠡᠰᠦ ᠵᠢ ᠠᠪᠬᠤ ᠠᠵᠢᠯ ᠢ᠋ ᠡᠬᠢᠯᠡᠬᠦᠯᠵᠠᠢ᠃ ᠭᠡᠭᠡᠯ ᠲᠠᠢ ᠭᠡᠭᠦᠦ᠍ ᠶ᠋ᠢᠨ ᠱᠢᠭᠡᠰᠦᠨ ᠡᠴᠡ ᠭᠠᠷᠭᠠᠨ ᠠᠪᠤᠭ᠍ᠰᠠᠨ ᠨᠡᠢᠯᠡᠮᠡᠯ ᠡᠮ᠎ᠡ ᠬᠣᠷᠮᠣᠨ ᠪᠣᠯ ᠡᠮᠡᠭ᠌ᠲᠡᠢᠴᠦᠳ ᠤ᠋ᠨ ᠴᠡᠪᠡᠷᠱᠢᠬᠦ᠌ ᠬᠤᠭᠤᠴᠠᠭᠠᠨ ᠤ᠋ ᠡᠪᠡᠳᠴᠢᠨ ᠡᠮᠬᠡᠭ ᠢ᠋ ᠰᠡᠷᠭᠡᠢᠯᠡᠬᠦ᠌ ᠦᠨᠡᠲᠦ ᠡᠳ᠋ ᠪᠣᠯᠤᠨ᠎ᠠ᠃ ᠡᠨᠡ ᠬᠦ᠌ ᠮᠡᠷᠭᠡᠵᠢᠯ ᠢ᠋ ᠡᠵᠡᠮᠱᠢᠬᠦ᠌ ᠶ᠋ᠢᠨ ᠲᠥᠯᠥᠭᠡ ᠲᠡᠷᠡ ᠲᠣᠭ᠎ᠠ ᠦᠭᠡᠢ ᠤᠯᠠᠨ ᠰᠦᠨᠢ ᠨᠣᠢᠷ ᠬᠤᠯᠵᠢᠵᠠᠢ᠃ ᠠᠩᠬ᠎ᠠ ᠡᠬᠢᠨ ᠳ᠋ᠡᠭᠡᠨ ᠤᠰᠤ ᠤᠳᠭᠤᠬᠤ ᠬᠤᠯᠤ ᠪᠠᠷ ᠬᠡᠬᠦᠤ ᠵᠢᠨ ᠱᠢᠭᠡᠰᠦ ᠵᠢ ᠲᠤᠰᠴᠤ ᠪᠠᠢᠭ᠍ᠰᠠᠨ ᠡᠴᠡ ᠪᠠᠨ ᠶᠡᠬᠡ ᠬᠡᠮᠵᠢᠶᠡᠨ ᠤ᠋ ᠮᠥᠩᠭᠥ᠌ ᠵᠠᠷᠤᠴᠠᠭᠤᠯᠵᠦ ᠱᠢᠨᠵᠢᠶᠠᠩ ᠡᠴᠡ ᠲᠤᠰᠭᠠᠢ ᠱᠢᠭᠡᠰᠦᠨ ᠤᠭᠤᠲᠠ ᠣᠷᠣᠭᠤᠯᠵᠤ ᠠᠪᠴᠢᠷᠠᠭᠰᠠᠨ ᠪᠦᠬᠡᠳ ᠬᠡᠬᠦᠤ ᠵᠢᠨ ᠤᠷᠤᠭᠠᠨ ᠤ᠋ ᠴᠠᠭ ᠢ᠋ ᠰᠠᠢᠨ ᠡᠵᠡᠮᠰᠢᠵᠦ ᠴᠢᠳᠠᠬᠤ ᠦᠬᠡᠢ ᠪᠠᠢᠭ᠍ᠰᠠᠨ ᠡᠴᠡ ᠪᠠᠨ ᠠᠬᠠᠮᠠᠳ ᠡᠮᠴᠢ ᠱᠢᠭ ᠣᠨᠣᠪᠴᠢᠲᠠᠶ ᠮᠠᠭᠠᠳᠯᠠᠵᠤ ᠲᠠᠢᠯᠬᠦ ᠪᠤᠯᠵᠦ᠂ ᠥᠪᠡᠷ ᠤ᠋ᠨ ᠵᠠᠷᠤᠳᠠᠯ ᠢ᠋ᠶ᠋ᠠᠷ ᠢ᠋ᠶ᠋ᠠᠨ ᠬᠡᠳᠦᠨ ᠵᠠᠭᠤᠨ ᠺᠢᠯᠣᠭ᠌ᠷᠠᠮ ᠱᠢᠭᠡᠰᠦ ᠵᠢ ᠨᠠᠨᠵᠢᠩ ᠳ᠋ᠦ ᠬᠦᠷᠭᠡᠨ ᠪᠠᠢᠴᠠᠭᠠᠯᠭᠠᠵᠦ ᠪᠠᠢᠭᠰᠠᠨ ᠡᠴᠡ ᠪᠠᠨ 8°C ᠡᠴᠡ ᠲᠤᠷᠤᠭᠰᠢᠬᠢ ᠬᠦᠢᠳᠡᠨ ᠲᠣᠭ᠍ᠲᠠᠮᠠᠯ ᠳᠤᠯᠠᠭᠠᠨᠳᠦ ᠲᠤᠰᠭᠠᠶ ᠬᠥᠮᠥᠷᠭᠡ ᠵᠢ ᠪᠠᠢᠭᠤᠯᠤᠭᠰᠠᠨ ᠠᠵᠢ᠃
ᠴᠢᠷᠮᠠᠢᠯᠭ᠎ᠠ ᠬᠥᠮᠦᠨ ᠢ᠋ ᠭᠣᠮᠣᠳᠠᠭᠠᠬᠤ ᠦᠭᠡᠢ ᠬᠡᠭᠴᠢ ᠦᠨᠡᠨ᠃ 2023 ᠣᠨ ᠤ᠋ 9 ᠰᠠᠷ᠎ᠠ ᠡᠴᠡ 2024 ᠣᠨ ᠤ᠋ 4 ᠰᠠᠷ᠎ᠠ ᠪᠣᠯᠲᠠᠯᠠᠬᠢ ᠬᠠᠭᠠᠰ ᠵᠢᠯ ᠭᠠᠷᠤᠶ ᠶ᠋ᠢᠨ ᠬᠤᠭᠤᠴᠠᠭᠠᠨ ᠳ᠋ᠦ᠂ ᠶᠤᠤ ᠸᠸᠨ ᠪᠢᠨ 126 ᠲᠣᠨ ᠬᠡᠬᠦᠤ ᠵᠢᠨ ᠱᠢᠭᠡᠰᠦ ᠵᠢ ᠨᠠᠨᠵᠢᠩ ᠳ᠋ᠦ ᠬᠦᠷᠭᠡᠵᠦ᠍᠂ 126 ᠲᠦᠮᠡᠨ ᠲᠥᠭᠥᠷᠢᠭ ᠤ᠋ᠨ ᠤᠷᠤᠯᠭ᠎ᠠ ᠤᠯᠪᠠ ᠃ ᠤᠳᠤ ᠲᠡᠷᠡ ᠬᠡᠷ ᠪᠦᠯᠢ ᠶ᠋ᠢᠨ ᠮᠠᠯᠵᠢᠯ ᠤ᠋ᠨ ᠲᠠᠯᠠᠪᠠᠢ ᠳ᠋ᠠᠭᠠᠨ 700 ᠭᠠᠷᠤᠢ ᠠᠳᠤᠭᠤ ᠮᠠᠯᠵᠢᠵᠦ᠂ ᠡᠭᠦᠨ ᠳ᠋ᠦ 200 ᠭᠠᠷᠤᠢ ᠬᠡᠬᠡᠯ ᠲᠠᠢ ᠬᠡᠬᠦᠦ ᠨᠢ ᠲᠡᠭᠦᠨ ᠤ᠋ ᠤᠷᠤᠯᠭ᠎ᠠ ᠶ᠋ᠢᠨ ᠭᠤᠤᠯ ᠢᠷᠡᠯᠳᠡ ᠪᠤᠯᠵᠤ᠂ ᠡᠳᠦᠷ ᠪᠦᠷᠢ ᠳᠤᠮᠳᠠᠴᠢ ᠪᠠᠷ ᠨᠢᠭᠡ ᠲᠣᠨ ᠱᠢᠬᠠᠮ ᠱᠢᠭᠡᠰᠤ ᠲᠤᠰᠴᠦ ᠪᠤᠢ᠃ ᠤᠳᠤ ᠠᠳᠤᠭᠤ ᠮᠠᠯᠵᠢᠬᠤ ᠠᠵᠤ ᠦᠢᠯᠡᠰ ᠲᠦ᠍ ᠲᠦᠱᠢᠭ᠌ᠯᠡᠨ ᠲᠡᠳᠡᠨ ᠤ᠋ ᠵᠢᠯ ᠤ᠋ᠨ ᠣᠷᠣᠯᠭ᠎ᠠ 800 ᠲᠦᠮᠡᠨ ᠲᠥᠭᠥᠷᠢᠭ ᠢ᠋ ᠳᠠᠪᠠᠵᠤ ᠪᠠᠢᠨ᠎ᠠ᠃
ᠶᠤᠤ ᠸᠸᠨ ᠪᠢᠨ ᠠᠳᠤᠭᠤ ᠪᠠᠨ 《ᠨᠡᠭᠦᠳᠡᠯ ᠡᠮ ᠤ᠋ᠨ ᠬᠥᠮᠥᠷᠭᠡ》 ᠪᠣᠯᠭᠠᠭ᠍ᠰᠠᠨ ᠭᠡᠪᠡᠯ᠂ ᠲᠦᠮᠡᠨ ᠤ᠋ ᠡᠬᠢ ᠠᠳᠤᠭᠤᠨ ᠤ᠋ ᠦᠶ᠋ᠯᠡᠰ ᠤ᠋ᠨ ᠰᠠᠭᠤᠷᠢᠨ ᠨᠢ ᠠᠵᠢᠨᠠᠢ ᠬᠦᠯᠦᠭ ᠤ᠋ᠨ ᠡᠬᠦᠯᠳᠡᠷ ᠢ᠋ ᠪᠣᠢᠵᠢᠭᠤᠯᠵᠦ ᠪᠠᠢᠨ᠎ᠠ᠃ ᠨᠢᠳᠤᠨᠤᠨ ᠤ᠋ 3 ᠰᠠᠷ᠎ᠠ ᠶ᠋ᠢᠨ 17 ᠤ᠋ ᠡᠳᠦᠷ᠂ ᠡᠬᠢᠯᠡᠯᠲᠡ ᠶ᠋ᠢᠨ ᠶᠣᠰᠣᠯᠠᠯ ᠤ᠋ᠨ ᠫᠤᠤ ᠶ᠋ᠢᠨ ᠲᠠᠭᠤᠨ ᠢ᠋ᠶ᠋ᠡᠷ ᠱᠢᠯᠢ ᠶ᠋ᠢᠨ ᠭᠤᠤᠯ ᠠᠢᠮᠠᠭ ᠤ᠋ᠨ ᠬᠡᠬᠦᠦ ᠵᠢ ᠲᠦᠪᠯᠡᠷᠡᠬᠦᠯᠦᠨ ᠬᠡᠭᠡᠯᠲᠦᠭᠦᠯᠬᠦ᠌ ᠠᠩᠬᠠᠳᠠᠭᠴᠢ ᠥᠷᠲᠡᠭᠡ ᠪᠠᠢᠭᠤᠯᠤᠭᠳᠠᠪᠠ᠃ ᠡᠬᠦᠨ ᠡᠴᠡ ᠡᠮᠦᠨᠡᠬᠡᠨ᠂ ᠱᠠᠨ ᠰᠢ ᠡᠴᠡ ᠨᠢᠭᠡ ᠨᠠᠷᠡᠳᠠᠢ ᠰᠠᠢᠨ ᠠᠵᠢᠷᠭ᠎ᠠ ᠵᠢ ᠲᠦᠮᠡᠨ ᠤ᠋ ᠡᠬᠢ ᠠᠳᠤᠭᠤᠨ ᠤ᠋ ᠦᠶ᠋ᠯᠡᠰ ᠤ᠋ᠨ ᠰᠠᠭᠤᠷᠢᠨ ᠳ᠋ᠤ ᠠᠪᠴᠢᠷᠠᠵᠠᠢ᠃ ᠡᠨᠡ ᠠᠵᠢᠷᠭ᠎ᠠ ᠪᠤᠯ ᠡᠩ ᠤ᠋ᠨ ᠠᠵᠢᠷᠭ᠎ᠠ ᠪᠢᠰᠢ᠂ ᠲᠡᠷᠡ ᠪᠤᠯ ᠳᠤᠮᠳᠠᠳᠤ ᠤᠯᠤᠰ ᠤ᠋ᠨ ᠠᠳᠤᠭᠤᠴᠢᠳ ᠤ᠋ᠨ ᠬᠣᠯᠪᠣᠭ᠎ᠠ ᠡᠴᠡ ᠮᠡᠳᠡᠷᠡᠨ ᠲᠤᠳᠤᠯᠠᠭᠰᠠᠨ ᠮᠠᠰᠢ ᠥᠨᠳᠥᠷ ᠦᠨ᠎ᠡ ᠲᠠᠶ ᠮᠠᠩᠯᠠᠶ ᠠᠵᠢᠷᠭ᠎ᠠ ᠪᠠᠢᠵᠦ᠂ ᠲᠤᠬᠠᠶ ᠶ᠋ᠢᠨ ᠭᠠᠵᠠᠷ ᠤ᠋ᠨ ᠠᠳᠤᠭᠤᠨ ᠤ᠋ ᠭᠧᠨ ᠢ᠋ ᠰᠠᠢᠵᠢᠷᠠᠭᠤᠯᠵᠤ᠂ ᠱᠢᠯᠢ ᠶ᠋ᠢᠨ ᠭᠤᠤᠯ ᠠᠳᠤᠭᠤᠨ ᠤ᠋ ᠲᠠᠪᠬᠢᠭ᠎ᠠ ᠵᠢ ᠤᠯᠠᠮ ᠲᠠᠬᠡᠭᠰᠢᠯᠡᠬᠦᠯᠦᠨ᠂ ᠨᠠᠩ ᠶᠡᠬᠡ ᠦᠨ᠎ᠠ ᠳ᠋ᠤ ᠬᠦᠷᠬᠡᠬᠦ ᠪᠦᠷᠢᠨ ᠪᠤᠯᠤᠯᠴᠠᠭ᠎ᠠ ᠲᠠᠢ ᠶᠤᠮ᠃
《ᠪᠢᠳᠡ ᠭᠠᠭᠴᠠᠬᠠᠨ ᠬᠡᠭᠡᠯᠲᠦᠭᠦᠯᠭᠡ ᠬᠢᠬᠦ ᠪᠢᠰᠢ᠂ ᠬᠠᠷᠢᠨ ᠪᠦᠷᠢᠨ ᠪᠦᠳᠦᠨ ᠠᠵᠤ ᠦᠢᠯᠡᠰ ᠢ᠋ ᠪᠣᠶ ᠪᠤᠯᠭᠠᠨ᠎ᠠ》 ᠭᠡᠵᠦ ᠲᠦᠮᠡᠨ ᠤ᠋ ᠡᠬᠢ ᠠᠳᠤᠭᠤᠨ ᠤ᠋ ᠦᠶ᠋ᠯᠡᠰ ᠤ᠋ᠨ ᠰᠠᠭᠤᠷᠢᠨ ᠤ᠋ ᠬᠠᠷᠢᠭᠤᠴᠠᠯᠭᠠᠲᠠᠨ ᠬᠤᠸᠠᠩ ᠽᠢ ᠸᠸᠨ ᠮᠣᠷᠢᠨ ᠬᠠᠱᠢᠶᠠᠨ ᠳ᠋ᠠᠬᠢ ᠱᠠᠨ ᠰᠢ ᠡᠴᠡ ᠠᠪᠴᠢᠷᠠᠭᠰᠠᠨ ᠠᠵᠢᠷᠭ᠎ᠠ ᠵᠢ ᠵᠢᠭᠠᠵᠤ ᠬᠡᠯᠡᠨ᠎ᠠ᠃ ᠡᠨᠡ ᠬᠦ᠌ 7630 ᠲᠦᠮᠡᠨ ᠲᠥᠭᠥᠷᠢᠭ ᠤ᠋ᠨ ᠪᠡᠯᠡ ᠣᠷᠣᠭᠤᠯᠵᠤ᠂ 940 ᠮᠦ᠍ ᠳᠠᠯᠠᠪᠠᠢ ᠲᠠᠢ ᠠᠳᠤᠭᠤᠨ ᠤ᠋ ᠦᠢᠯᠡᠰ ᠤ᠋ᠨ ᠰᠠᠭᠤᠷᠢᠨ ᠤ᠋ ᠨᠢᠭᠡᠳᠦᠭᠡᠷ ᠬᠤᠭᠤᠴᠠᠭᠠᠨ ᠤ᠋ ᠪᠠᠷᠢᠯᠭ᠎ᠠ ᠨᠢᠬᠡᠨᠳᠡ ᠪᠦᠷᠢᠮᠦᠰᠤᠨ ᠲᠠᠭᠤᠰᠴᠠᠢ᠃ ᠰᠡᠭᠦᠯᠴᠢ ᠶ᠋ᠢᠨ ᠬᠤᠭᠤᠴᠠᠭᠠᠨ ᠤ᠋ ᠪᠠᠷᠢᠯᠭ᠎ᠠ ᠵᠢ ᠳᠠᠭᠤᠰᠬᠠᠪᠠᠯ᠂ ᠡᠨᠳᠡ ᠥᠨᠳᠥᠷ ᠪᠠᠷᠢᠮᠵᠢᠶᠠᠲᠤ ᠮᠣᠷᠢᠨ ᠰᠣᠷᠢᠯᠲᠠ ᠶ᠋ᠢᠨ ᠲᠠᠯᠠᠪᠠᠶ᠂ ᠠᠳᠤᠭᠤᠨ ᠰᠣᠶᠣᠯ ᠤ᠋ᠨ ᠦᠵᠡᠰᠭᠦᠯᠡᠩ ᠤ᠋ᠨ ᠣᠷᠳᠣᠨ ᠪᠠ ᠶᠡᠷᠦᠩᠬᠡᠢᠯᠡᠭ᠌ᠰᠡᠨ ᠪᠣᠯᠪᠠᠰᠤᠷᠠᠯ ᠤ᠋ᠨ ᠣᠷᠳᠣᠨ ᠲᠠᠶ ᠪᠣᠯᠬᠤ ᠪᠣᠯᠤᠨ᠎ᠠ᠃ ᠰᠠᠭᠤᠷᠢᠨ ᠡᠴᠡ ᠪᠠᠰᠠ ᠡᠨᠳᠡ ᠬᠡᠭᠡᠯᠲᠦᠭᠦᠯᠵᠦ᠍ ᠪᠣᠢᠵᠢᠭᠤᠯᠤᠭ᠍ᠰᠠᠨ ᠮᠣᠷᠢ ᠳ᠋ᠤ ᠦᠨ᠎ᠡ ᠲᠥᠯᠥᠪᠦᠷᠢ ᠥᠬᠡᠶ ᠪᠡᠷ ᠦᠨ᠎ᠡ ᠬᠠᠶᠠᠵᠤ ᠬᠤᠳᠠᠯᠳᠤᠬᠤ ᠦᠶ᠋ᠯᠡᠴᠢᠯᠡᠭᠡ ᠬᠠᠩᠭᠠᠬᠤ ᠪᠠᠷ ᠪᠠᠷᠠᠬᠤ ᠥᠬᠡᠶ ᠳᠠᠭ᠎ᠠ ᠶ᠋ᠢᠨ ᠤᠷᠤᠯᠳᠤᠭᠠᠨ ᠢ᠋ ᠦᠨ᠎ᠡ ᠲᠥᠯᠥᠪᠦᠷᠢ ᠥᠬᠡᠶ ᠪᠡᠷ ᠡᠷᠭᠢᠯᠡᠨ᠎ᠡ ᠭᠡᠵᠦ᠍ ᠠᠮᠠᠯᠠᠭᠰᠠᠨ ᠨᠢ ᠤᠢᠷ᠎ᠠ ᠬᠠᠪᠢ ᠵᠢᠨ ᠮᠠᠯᠴᠢᠳ ᠢ᠋ ᠪᠠᠶᠠᠷᠯᠠᠭᠤᠯᠵᠦ᠂ ᠰᠡᠬᠦᠯᠡᠷ ᠮᠠᠯᠴᠢᠳ ᠰᠠᠢᠨ ᠮᠣᠷᠢ ᠪᠠᠨ ᠰᠠᠢᠨ ᠦᠨ᠎ᠡ ᠪᠡᠷ ᠬᠤᠳᠠᠯᠳᠤᠵᠤ ᠳᠡᠢᠯᠬᠦ᠌ ᠦᠭᠡᠶ ᠬᠡᠮᠡᠨ ᠵᠣᠪᠠᠬᠤ ᠤᠴᠢᠷ ᠦᠭᠡᠶ ᠪᠤᠯᠵᠠᠢ᠃ 《ᠬᠡᠭᠡᠯᠲᠦᠭᠦᠯᠭᠡ ᠬᠢᠬᠦ — ᠦᠷᠡᠵᠢᠭᠦᠯᠵᠦ᠍ ᠪᠣᠢᠵᠢᠭᠤᠯᠬᠤ — ᠤᠷᠤᠯᠳᠤᠭᠠᠨ ᠳ᠋ᠦ ᠳᠠᠯᠪᠢᠬᠤ — ᠤᠷᠤᠯᠭ᠎ᠠ ᠤᠯᠬᠤ》 ᠪᠦᠷᠢᠨ ᠪᠦᠳᠦᠨ ᠬᠡᠯᠬᠢᠶ᠎ᠡ ᠪᠦᠷᠢᠯᠳᠦᠨ ᠶᠠᠪᠤᠭᠳᠠᠭᠰᠠᠭᠠᠷ ᠦᠢᠯᠡᠰ ᠤ᠋ᠨ ᠵᠠᠮ ᠨᠡᠩ ᠰᠠᠷᠠᠭᠤᠯ ᠪᠤᠯᠴᠢᠬᠠᠨ᠎ᠠ᠃
ᠰᠥᠨᠢᠳ ᠵᠡᠭᠦᠨ ᠬᠣᠱᠢᠭᠤᠨ ᠤ᠋ ᠠᠳᠤᠭᠤᠨ ᠤ᠋ ᠠᠵᠤ ᠦᠢᠯᠡᠰ ᠤ᠋ᠨ ᠲᠠᠯ᠎ᠠ ᠪᠠᠷ ᠬᠢ ᠬᠠᠷᠠᠯᠳᠠ ᠵᠤᠷᠢᠯᠳᠠ ᠨᠢ ᠵᠥᠪᠬᠡᠨ ᠮᠣᠷᠢ ᠬᠤᠳᠠᠯᠳᠤᠬᠤ ᠪᠠ ᠡᠮ ᠬᠤᠳᠠᠯᠳᠤᠬᠤ ᠲᠡᠳᠦᠢ ᠪᠢᠰᠢ᠂ ᠡᠨᠡ ᠨᠤᠲᠤᠭ ᠤ᠋ᠨ ᠨᠢᠭᠡᠳᠦᠬᠡᠷ ᠬᠣᠶᠠᠳᠤᠭᠠᠷ ᠭᠤᠷᠪᠠᠳᠤᠭᠠᠷ ᠠᠵᠤ ᠦᠶ᠋ᠯᠡᠰ ᠲᠦ᠍ ᠶᠠᠭ ᠭᠠᠢᠬᠠᠯᠲᠠᠶ ᠬᠤᠪᠢᠷᠠᠯᠳᠠ ᠭᠠᠷᠴᠤ ᠪᠠᠢᠨ᠎ᠠ᠃ ᠠᠮᠢᠳᠤ ᠪᠣᠳᠠᠰ ᠤ᠋ᠨ ᠡᠮ ᠡᠮᠨᠡᠯᠭᠡ ᠶ᠋ᠢᠨ ᠦᠨ᠎ᠡ ᠥᠷᠲᠡᠭ ᠢ᠋ ᠭᠦᠨᠵᠡᠬᠡᠢ ᠠᠭᠤᠳᠠᠯᠬᠤ ᠡᠴᠡ ᠭᠠᠳᠠᠨ᠎ᠠ᠂ ᠲᠤᠬᠠᠶ ᠶ᠋ᠢᠨ ᠭᠠᠵᠠᠷ ᠤ᠋ᠨ ᠵᠠᠰᠠᠭ ᠤ᠋ᠨ ᠣᠷᠳᠣᠨ ᠡᠴᠡ ᠪᠠᠰᠠ ᠤᠯᠠᠮᠵᠢᠯᠠᠯᠲᠤ ᠴᠡᠭᠡ ᠪᠣᠯᠪᠠᠰᠤᠷᠠᠭᠤᠯᠬᠤ ᠠᠵᠢᠯ ᠢ᠋ ᠶᠡᠬᠡ ᠪᠡᠷ ᠳᠡᠮᠵᠢᠵᠦ᠍᠂ ᠪᠥᠬᠥ᠌ ᠬᠣᠱᠢᠭᠤ ᠪᠡᠷ ᠢ᠋ᠶ᠋ᠡᠨ ᠵᠢᠯ ᠳ᠋ᠦ 150 ᠲᠣᠨ ᠴᠡᠭᠡ ᠢᠰᠬᠡᠨ᠂ ᠮᠠᠯᠴᠢᠳ ᠤ᠋ᠨ ᠤᠯᠠᠮᠵᠢᠯᠠᠯᠲᠤ ᠤᠮᠳᠠᠭᠠᠨ ᠢ᠋ ᠵᠢᠩᠬᠢᠨᠢ ᠠᠵᠤ ᠠᠬᠤᠢ ᠶ᠋ᠢᠨ ᠦᠷᠳᠡᠭ ᠪᠣᠯᠭᠠᠨ ᠬᠤᠪᠢᠷᠠᠭᠤᠯᠪᠠ᠃ ᠲᠦᠮᠡᠨ ᠤ᠋ ᠡᠬᠢ ᠠᠳᠤᠭᠤᠨ ᠤ᠋ ᠦᠶ᠋ᠯᠡᠰ ᠤ᠋ᠨ ᠰᠠᠭᠤᠷᠢᠨ ᠳ᠋ᠦ 《ᠪᠡᠶ᠎ᠡ ᠶ᠋ᠢᠨ ᠲᠠᠮᠢᠷ + ᠵᠢᠭᠤᠯᠴᠢᠯᠠᠯ》 ᠤ᠋ᠨ ᠲᠦᠰᠦᠪ ᠵᠢᠷᠤᠭ ᠨᠢᠭᠡᠨᠲᠡ ᠲᠡᠯᠬᠡᠭᠳᠡᠯᠠ᠄ ᠡᠨᠳᠡ ᠰᠦᠯᠵᠢᠶᠡᠨ ᠤ᠋ ᠬᠠᠯᠠᠮᠰᠢᠯ ᠴᠡᠭ ᠭᠠᠷᠭᠠᠨ ᠮᠠᠯᠴᠢᠳ ᠤ᠋ᠨ ᠤᠨᠴᠠᠯᠢᠬ᠍ᠳᠤ ᠵᠡᠭᠡᠯᠢ ᠵᠢ ᠪᠠᠢᠭᠤᠯᠵᠤ᠂ ᠵᠢᠭᠤᠯᠴᠢᠯᠠᠭᠰᠠᠳ ᠤᠨᠴᠠᠯᠢᠬ᠍ᠳᠤ ᠠᠷᠠᠳ ᠤ᠋ᠨ ᠰᠠᠭᠤᠴᠠ ᠳ᠋ᠦ ᠰᠠᠭᠤᠵᠤ᠂ ᠡᠳᠦᠷ ᠨᠢ ᠮᠣᠷᠢ ᠤᠨᠤᠨ᠂ ᠤᠷᠤᠢ ᠨᠢ ᠲᠠᠯ᠎ᠠ ᠨᠤᠲᠤᠭ ᠤ᠋ᠨ ᠵᠠᠩ ᠦᠢᠯᠡ ᠶ᠋ᠢᠨ ᠦᠵᠡᠭᠦᠯᠭᠡ ᠵᠢ ᠰᠣᠨᠢᠷᠬᠠᠵᠤ ᠪᠣᠯᠤᠨ᠎ᠠ᠃ ᠥᠨᠳᠥᠷ ᠲᠦᠪᠱᠢᠨ ᠲᠡᠶ ᠮᠣᠷᠢᠨ ᠮᠡᠷᠭᠡᠵᠢᠯ ᠤ᠋ᠨ ᠤᠷᠤᠯᠳᠤᠭᠠᠨ ᠣᠷᠣᠵᠤ ᠢᠷᠡᠬᠦ᠌ ᠵᠢ ᠳᠠᠭᠠᠯᠳᠤᠨ ᠰᠦᠨᠢᠳ ᠨᠤᠲᠤᠭ ᠪᠠᠰᠠ ᠱᠢᠯᠢ ᠶ᠋ᠢᠨ ᠭᠣᠣᠯ ᠤ᠋ᠨ ᠲᠠᠯ᠎ᠠ ᠨᠤᠲᠤᠭ ᠤ᠋ᠨ ᠰᠣᠶᠣᠯ ᠵᠢᠭᠤᠯᠴᠢᠯᠠᠯ ᠤ᠋ᠨ ᠱᠢᠨ᠎ᠡ ᠪᠡᠯᠭᠡ ᠲᠡᠮᠳᠡᠭ ᠪᠣᠯᠬᠤ ᠪᠣᠯᠤᠨ᠎ᠠ᠃
ᠶᠤᠤ ᠸᠧᠨ ᠪᠢᠨ ᠤ᠋ ᠬᠤᠷᠢᠶᠠᠭᠰᠠᠨ ᠬᠡᠬᠦᠤ ᠵᠢᠨ ᠱᠢᠭᠡᠰᠦ ᠡᠴᠡ ᠲᠦᠮᠡᠨ ᠤ᠋ ᠡᠬᠢ ᠠᠳᠤᠭᠤᠨ ᠤ᠋ ᠦᠶ᠋ᠯᠡᠰ ᠤ᠋ᠨ ᠰᠠᠭᠤᠷᠢᠨ ᠤ᠋ ᠤᠷᠤᠯᠳᠤᠭᠠᠨ ᠤ᠋ ᠲᠠᠯᠠᠪᠠᠢ ᠳ᠋ᠦ ᠳᠠᠪᠬᠢᠬᠦ ᠬᠤᠷᠳᠤᠨ ᠮᠤᠷᠢᠳ ᠬᠦᠷᠲᠡᠯ᠎ᠡ᠂ ᠥᠩᠭᠡᠷᠡᠭ᠌ᠰᠡᠨ ᠤ᠋ ᠲᠠᠩ ᠴᠤᠯᠭᠤᠢ ᠪᠠᠷ ᠮᠣᠷᠢ ᠤᠨᠤᠵᠤ ᠮᠠᠯ ᠮᠠᠯᠵᠢᠵᠤ ᠪᠠᠢᠭ᠍ᠰᠠᠨ ᠡᠴᠡ ᠪᠠᠨ ᠤᠳᠤ ᠠᠮᠢᠳᠤ ᠪᠣᠳᠠᠰ ᠤ᠋ᠨ ᠡᠮ ᠡᠮᠨᠡᠯᠭᠡ᠂ ᠮᠤᠷᠢᠨ ᠤᠷᠤᠯᠳᠤᠭᠠᠨ᠂ ᠮᠤᠷᠢᠨ ᠮᠡᠷᠭᠡᠵᠢᠯ᠂ ᠰᠣᠶᠣᠯ ᠵᠢᠭᠤᠯᠴᠢᠯᠠᠯ ᠵᠡᠷᠭᠡ ᠤᠯᠠᠨ ᠲᠠᠯ᠎ᠠ ᠪᠠᠷ ᠴᠡᠴᠡᠭ᠌ᠯᠡᠵᠦ᠍᠂ 2025 ᠣᠨ ᠤ᠋ ᠰᠡᠭᠦᠯᠴᠢ ᠪᠡᠷ ᠰᠥᠨᠢᠳ ᠵᠡᠭᠦᠨ ᠬᠣᠱᠢᠭᠤᠨ ᠤ᠋ ᠠᠳᠤᠭᠤ 2.73 ᠲᠦᠮᠡ ᠳ᠋ᠦ ᠬᠦᠷᠴᠦ᠍᠂ ᠪᠦᠬᠦ᠌ ᠠᠵᠤ ᠦᠢᠯᠡᠰ ᠤ᠋ᠨ ᠬᠡᠯᠬᠢᠶ᠎ᠡ ᠶ᠋ᠢᠨ ᠦᠢᠯᠡᠳᠬᠦᠨ ᠤ᠋ ᠦᠷᠳᠡᠭ ᠨᠢ ᠨᠢᠬᠡᠨᠳᠡ ᠳ᠋ᠦᠩᠱᠢᠭᠤᠷ ᠲᠥᠭᠥᠷᠢᠭ ᠤ᠋ᠨ ᠪᠣᠭᠣᠮᠲᠠ ᠵᠢ ᠳᠠᠪᠠᠪᠠ᠃
【ᠰᠤᠷᠪᠤᠯᠵᠢᠯᠠᠭ᠍ᠴᠢ ᠶ᠋ᠢᠨ ᠡᠪᠤᠷ ᠲᠡᠮᠳᠡᠭ᠌ᠯᠡᠯ】
ᠰᠥᠨᠢᠳ ᠵᠡᠭᠦᠨ ᠬᠣᠱᠢᠭᠤ ᠪᠡᠷ ᠬᠡᠳᠤᠨ ᠡᠳᠤᠷ ᠰᠤᠷᠪᠤᠯᠵᠢᠯᠠᠵᠤ ᠶᠠᠪᠤᠯ᠎ᠠ᠃ ᠶᠤᠤ ᠸᠧᠨ ᠪᠢᠨ ᠤ᠋ ᠬᠢ ᠳ᠋ᠤ ᠬᠦᠷᠬᠦ ᠳ᠋ᠤ ᠬᠡᠬᠦᠤ ᠵᠢᠨ ᠱᠢᠭᠡᠰᠦ ᠡᠴᠡ ᠶᠡᠬᠡ ᠵᠤᠭᠤᠰ ᠮᠦᠩᠬᠦ ᠤᠯᠵᠤ ᠪᠤᠯᠬᠤ ᠵᠡᠬᠦᠳᠤᠨ ᠳ᠋ᠤ ᠦᠬᠡᠢ ᠤᠴᠢᠷ ᠢ᠋ ᠢᠳᠡᠬᠡᠵᠤ᠂ ᠲᠦᠮᠡᠨ ᠤ᠋ ᠡᠬᠢ ᠠᠳᠤᠭᠤᠨ ᠤ᠋ ᠦᠶ᠋ᠯᠡᠰ ᠤ᠋ᠨ ᠰᠠᠭᠤᠷᠢᠨ ᠳ᠋ᠦ ᠬᠦᠷᠬᠦ ᠳ᠋ᠦ ᠡᠨᠳᠡᠬᠢ ᠮᠣᠷᠢᠳ ᠨᠢ ᠤᠯᠠᠮᠵᠢᠯᠠᠯᠲᠤ ᠤᠳᠭ᠎ᠠ ᠠᠭᠤᠯᠭ᠎ᠠ ᠳᠡᠭᠡᠷᠡᠬᠢ ᠮᠠᠯ ᠪᠢᠰᠢ᠂ ᠬᠠᠷᠢᠨ ᠲᠣᠭᠠᠴᠢᠯᠠᠭ᠍ᠰᠠᠨ ᠪᠠᠷᠢᠮᠵᠢᠶᠠᠵᠢᠭ᠍ᠰᠠᠨ《ᠠᠮᠢᠳᠤ ᠪᠣᠳᠠᠰ ᠤ᠋ᠨ ᠡᠳ᠋ ᠬᠥᠷᠥᠩᠭᠡ》 ᠪᠣᠯᠬᠤ ᠵᠢ ᠮᠡᠳᠡᠷᠡᠵᠠᠢ᠃
ᠶᠤᠤ ᠸᠸᠨ ᠪᠢᠨ ᠤ᠋ ᠬᠤᠷᠢᠶᠠᠭᠰᠠᠨ 《ᠡᠮ》 ᠡᠴᠡ ᠤᠷᠤᠯᠳᠤᠭᠠᠨ ᠤ᠋ ᠲᠠᠯᠠᠪᠠᠶ ᠳ᠋ᠦ ᠡᠷᠴᠢᠯᠡᠨ ᠳᠠᠪᠬᠢᠬᠤ ᠬᠤᠷᠳᠤᠨ ᠬᠦᠯᠦᠭ ᠤ᠋ᠨ ᠲᠦᠷᠢ ᠵᠢᠷᠤᠭ ᠬᠦᠷᠲᠡᠯ᠎ᠡ᠂ ᠰᠥᠨᠢᠳ ᠵᠡᠭᠦᠨ ᠬᠣᠱᠢᠭᠤ ᠬᠣᠶᠠᠳᠤᠭᠠᠷ ᠭᠤᠷᠪᠠᠳᠤᠭᠠᠷ ᠠᠵᠤ ᠦᠶ᠋ᠯᠡᠰ ᠤ᠋ᠨ ᠪᠡᠬᠢᠯᠡᠯᠲᠡ ᠵᠢ ᠤᠷᠠᠨ ᠢ᠋ᠶ᠋ᠠᠷ ᠨᠡᠪᠲᠡᠷᠡᠭᠦᠯᠪᠡ᠃ ᠥᠩᠭᠡᠷᠡᠭ᠌ᠰᠡᠨ ᠳ᠋ᠦ ᠪᠢᠳᠡ ᠶᠡᠷᠦ᠍ ᠨᠢ 《ᠲᠩᠷᠢ ᠶ᠋ᠢᠨ ᠴᠢᠷᠠᠢ ᠬᠠᠷᠠᠵᠦ ᠠᠮᠢᠳᠤᠷᠠᠨ᠎ᠠ》 ᠭᠡᠵᠦ᠍ ᠬᠡᠯᠡᠳᠡᠭ᠂ ᠭᠡᠪᠡᠴᠦ᠍ ᠡᠨᠳᠡ ᠪᠢ 《ᠮᠡᠷᠭᠡᠵᠢᠯ ᠳ᠋ᠦ ᠲᠦᠱᠢᠭ᠌ᠯᠡᠨ ᠪᠠᠶᠠᠵᠢᠬᠤ》 ᠪᠠ 《ᠤᠷᠤᠯᠳᠤᠭᠠᠨ ᠢ᠋ ᠠᠰᠢᠭᠯᠠᠨ ᠵᠢᠭᠤᠯᠴᠢᠯᠠᠯ ᠢ᠋ ᠬᠦᠭᠵᠢᠬᠦᠯᠬᠦ》 ᠶ᠋ᠢ ᠣᠯᠵᠤ ᠬᠠᠷᠠᠯ᠎ᠠ᠃ ᠡᠨᠡ ᠪᠤᠯ ᠰᠠᠶᠢ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ ᠶ᠋ᠢᠨ ᠬᠠᠮᠤᠭ ᠤ᠋ᠨ ᠠᠮᠢᠳᠤᠯᠢᠭ ᠲᠠᠢᠯᠪᠤᠷᠢ ᠪᠠᠢᠵᠤ ᠳᠠᠭᠠᠷᠠᠨ᠎ᠠ᠃