ᠤᠷᠢᠬᠠᠨ ᠰᠠᠯᠬᠢ ᠵᠢᠨ ᠢᠯᠪᠢᠯᠲᠡ ᠪᠡᠷ ᠤᠰᠤᠨ ᠤ᠋ ᠭᠠᠳᠠᠷᠭᠤ ᠳ᠋ᠦ ᠠᠷ ᠲᠠᠲᠠᠵᠤ᠂ ᠨᠠᠮᠤᠭᠤᠬᠠᠨ ᠲᠤᠭᠤᠷᠢᠮ ᠤ᠋ᠨ ᠨᠠᠭᠠᠨ᠎ᠠ ᠴᠠᠭᠠᠨ᠎ᠠ ᠬᠦᠲᠦᠯ ᠵᠤ ᠦᠷᠬᠦᠯᠵᠢᠯᠡᠵᠤ᠂ ᠬᠦᠬᠡᠷᠡᠨ ᠤᠷᠭᠤᠭᠰᠠᠨ ᠪᠤᠳᠠ ᠪᠤᠷᠭᠠᠰᠤ ᠶ᠋ᠢᠨ ᠦᠨᠦᠷ ᠴᠡᠬᠡᠵᠢ ᠵᠢ ᠤᠩᠭᠤᠢᠯᠭᠠᠨᠠ᠃
ᠬᠦᠳᠡᠭᠡ ᠲᠠᠯ᠎ᠠ ᠬᠦᠭᠡᠷᠡᠨ ᠨᠤᠭᠤᠭᠠᠷᠠᠭᠰᠠᠨ 5 ᠰᠠᠷ᠎ᠠ ᠶ᠋ᠢᠨ ᠡᠬᠢ ᠪᠡᠷ ᠪᠢᠳᠡᠨ ᠤ᠋ ᠰᠤᠷᠪᠤᠯᠵᠢᠯᠠᠭ᠎ᠠ ᠶ᠋ᠢᠨ ᠲᠤᠭᠤᠢᠯᠠᠡᠭ ᠲᠦᠡᠭᠯᠢᠶᠤᠤ ᠬᠤᠲᠠ ᠶ᠋ᠢᠨ ᠬᠤᠷᠴᠢᠨ ᠵᠡᠭᠦᠨ ᠭᠠᠷᠤᠨ ᠬᠤᠢᠲᠤ ᠬᠤᠰᠢᠭᠤᠨ ᠤ᠋ ᠪᠠᠶᠠᠨᠮᠤᠳᠤ ᠰᠤᠮᠤ ᠳ᠋ᠤ ᠬᠦᠷᠬᠦ ᠳ᠋ᠤ ᠬᠤᠢᠲᠤ ᠠᠪᠠᠬᠠᠢ ᠶ᠋ᠢᠨ ᠠᠷᠤ ᠶ᠋ᠢᠨ ᠮᠠᠡᠭᠬᠠᠨ ᠳ᠋ᠤᠨᠢ ᠬᠦᠮᠦᠨ ᠬᠠᠷ᠎ᠠ ᠴᠤᠭᠯᠠᠷᠠᠨ ᠲᠡᠷᠭᠡ ᠬᠦᠰᠭᠡ ᠬᠦᠷᠴᠢᠭᠢᠨᠡᠵᠤ᠂ ᠡᠮᠦᠨᠡᠲᠦ ᠤᠷᠤᠨ ᠡᠴᠡ ᠠᠪᠴᠢᠷᠠᠭᠰᠠᠨ ᠲᠠᠯᠠᠢ ᠶ᠋ᠢᠨ ᠵᠢᠭᠠᠰᠤ ᠵᠢ ᠬᠤᠵᠢᠷᠯᠢᠭ ᠤᠰᠤᠨ ᠲᠤᠭᠤᠷᠢᠮ ᠳ᠋ᠦ ᠲᠠᠯᠪᠢᠬᠤ ᠠᠵᠢᠯᠯᠠᠭ᠎ᠠ ᠬᠦᠷ ᠬᠦᠭᠵᠢᠶᠡᠨ ᠲᠡᠢ ᠶᠠᠪᠤᠭᠳᠠᠵᠤ ᠪᠠᠢᠯ᠎ᠠ᠃ ᠠᠬᠤᠢ ᠲᠠᠯᠠᠪᠠᠢ ᠳ᠋ᠦ ᠠᠵᠢᠯᠴᠢᠳ ᠲᠤᠮᠤ ᠮᠠᠰᠢᠨ ᠡᠴᠡ ᠰᠠᠪᠠ ᠰᠠᠭᠤᠯᠭ᠎ᠠ ᠪᠡᠷ ᠵᠢᠭᠠᠰᠤ ᠵᠦᠭᠡᠭᠡᠵᠦ ᠲᠤᠭᠤᠷᠢᠮ ᠳ᠋ᠦ ᠲᠠᠯᠪᠢᠬᠤ ᠳ᠋ᠦ ᠶᠡᠬᠡ ᠪᠠᠭ᠎ᠠ ᠨᠢ ᠠᠳᠠᠯᠢᠬᠠᠨ ᠠᠯᠠᠭᠠᠨ᠎ᠠ ᠵᠢᠭᠠᠰᠤ ᠤᠰᠤᠨ ᠤ᠋ ᠬᠦᠨ ᠢ᠋ ᠴᠢᠭᠯᠡᠨ ᠬᠤᠢᠨ᠎ᠡ ᠬᠤᠢᠨ᠎ᠡ ᠡᠴᠡ ᠪᠠᠨ ᠰᠤᠮᠤᠳᠠᠨ ᠱᠤᠡᠭᠪᠠᠨᠠ᠃
《ᠡᠨᠡ ᠤᠳᠠᠭ᠎ᠠ ᠨᠡᠢᠲᠡ 3000 ᠭᠠᠷᠤᠶ ᠲᠡᠯᠡᠶ ᠶ᠋ᠢᠨ ᠠᠯᠠᠭᠠᠨ᠎ᠠ ᠵᠢᠭᠠᠰᠤ ᠲᠠᠯᠪᠢᠵᠠᠢ᠂ ᠵᠢᠷᠠᠭᠠᠬᠠᠶ ᠨᠢᠬᠡᠪᠤᠷᠢ ᠶ᠋ᠢᠨ ᠪᠡᠶ᠎ᠡ ᠶ᠋ᠢᠨ ᠣᠷᠳᠣ ᠨᠢ 30 ᠰᠢᠬᠠᠮ ᠰᠠᠨᠲ᠋ᠢᠮᠧᠲ᠋ᠷ᠂ ᠬᠦᠨᠳᠦ ᠨᠢ ᠵᠢᠩ ᠣᠷᠴᠢᠮ᠃ ᠡᠨᠡ ᠨᠢ ᠤᠰᠤᠨ ᠲᠤᠭᠤᠷᠢᠮ ᠳ᠋ᠦ ᠡᠪᠦᠯ ᠢ᠋ ᠦᠡᠭᠭᠡᠷᠡᠭᠦᠯᠦᠭᠰᠡᠨ ᠵᠢᠭᠠᠰᠤ ᠶ᠋ᠢᠨ ᠪᠡᠶ᠎ᠡ ᠶ᠋ᠢᠨ ᠬᠦᠨᠳᠦ ᠲᠠᠢ ᠦᠨᠳᠦᠰᠦᠨ ᠳ᠋ᠡᠭᠡᠨ ᠠᠳᠠᠯᠢᠬᠠᠨ ᠪᠤᠯᠬᠤᠷ ᠤᠷᠤᠰᠢᠨ ᠲᠤᠭᠲᠠᠨᠢᠬᠤ ᠬᠡᠵᠤ ᠬᠠᠷᠢᠯᠴᠠᠨ ᠦᠷᠢᠰᠦᠯᠳᠦᠬᠦ ᠶᠠᠪᠤᠳᠠᠯ ᠭᠠᠷᠬᠤ ᠦᠭᠡᠢ ᠶᠤᠮ》 ᠭᠡᠵᠦ ᠬᠤᠷᠴᠢᠨ ᠵᠡᠭᠦᠨ ᠭᠠᠷᠤᠨ ᠬᠤᠢᠲᠤ ᠬᠤᠱᠢᠭᠤᠨ ᠤ᠋ ᠠᠷᠠᠳ ᠤ᠋ᠨ ᠵᠠᠰᠠᠭ ᠤ᠋ᠨ ᠤᠷᠳᠤᠨ ᠤ᠋ ᠳᠡᠳ᠋ ᠳᠠᠷᠤᠭ᠎ᠠ ᠲᠤᠤ ᠵᠸᠡᠭ ᠯᠢᠶᠠᠡᠭ ᠰᠤᠷᠪᠤᠯᠵᠢᠯᠠᠭᠴᠢ ᠳ᠋ᠤ ᠲᠠᠨᠢᠯᠴᠠᠭᠤᠯᠤᠨ᠎ᠠ᠃
ᠡᠨᠡ ᠪᠤᠯ ᠪᠠᠶᠠᠨᠮᠤᠳᠤ ᠰᠤᠮᠤ ᠶ᠋ᠢᠨ ᠬᠤᠢᠲᠤ ᠠᠪᠠᠬᠠᠢ ᠶ᠋ᠢᠨ ᠠᠷᠤ ᠵᠢᠨ ᠮᠠᠩᠬᠠᠨ ᠤ᠋ ᠤᠰᠤᠨ ᠲᠤᠭᠤᠷᠢᠮ ᠳ᠋ᠦ ᠲᠠᠯᠪᠢᠵᠤ ᠪᠠᠢᠭ᠎ᠠ ᠬᠤᠶᠠᠳᠤᠭᠠᠷ ᠪᠦᠯᠦᠭ ᠤ᠋ᠨ ᠳᠠᠯᠠᠢ ᠶ᠋ᠢᠨ ᠠᠯᠠᠭᠠᠨ᠎ᠠ ᠪᠠᠢᠵᠤ᠂ ᠨᠢᠳᠤᠨᠤᠨ ᠤ᠋ ᠲᠤᠷᠱᠢᠯᠲᠠ ᠶ᠋ᠢᠨ ᠦᠷ᠎ᠡ ᠪᠦᠲᠦᠭᠡᠯ ᠳ᠋ᠤ ᠰᠠᠭᠤᠷᠢᠯᠠᠭ᠍ᠰᠠᠨ ᠱᠢᠨᠵᠢᠯᠡᠬᠦ᠌ ᠤᠬᠠᠭᠠᠨᠴᠢ ᠱᠢᠶ᠋ᠳᠪᠦᠷᠢᠲᠦ ᠪᠣᠳᠣᠯᠭ᠎ᠠ ᠪᠣᠯᠤᠨ᠎ᠠ᠃ ᠤᠢᠷ᠎ᠡ ᠶ᠋ᠢᠨ ᠭᠡᠳᠦᠨ ᠵᠢᠯ ᠳ᠋ᠦ ᠬᠤᠷ᠎ᠡ ᠪᠤᠷᠤᠭ᠎ᠠ ᠤᠯᠠᠰᠢᠷᠠᠬᠤ ᠵᠢ ᠳᠠᠭᠠᠯᠳᠤᠨ ᠬᠤᠷᠴᠢᠨ ᠵᠡᠭᠦᠨ ᠭᠠᠷᠤᠨ ᠬᠤᠢᠲᠤ ᠬᠤᠰᠢᠭᠤᠨ ᠤ᠋ ᠤᠰᠤᠨ ᠲᠦᠪᠰᠢᠨ ᠶᠡᠷᠦᠡᠭᠭᠡᠢ ᠳ᠋ᠡᠭᠡᠨ ᠳᠡᠭᠡᠭᠰᠢᠯᠡᠵᠦ᠂ ᠢᠯᠠᠡᠭᠭᠤᠶᠡ ᠪᠠᠶᠠᠨᠮᠤᠳᠤ ᠰᠤᠮᠤ ᠶ᠋ᠢᠨ ᠬᠤᠢᠲᠤ ᠠᠪᠠᠬᠠᠢ ᠶ᠋ᠢᠨ ᠠᠷᠤ ᠶ᠋ᠢᠨ ᠮᠠᠡᠭᠬᠠᠨ ᠤ᠋ ᠤᠰᠤᠨ ᠲᠤᠭᠤᠷᠢᠮ ᠤ᠋ᠨ ᠲᠠᠯᠠᠪᠠᠢ 1000 ᠮᠦ᠍ ᠬᠦᠷᠬᠦ ᠦᠭᠡᠢ ᠪᠠᠢᠭᠰᠠᠨ ᠡᠴᠡ ᠪᠠᠨ 3 ᠵᠢᠯ ᠤ᠋ᠨ ᠳᠤᠲᠤᠷ᠎ᠡ 2000 ᠮᠦ᠍ ᠵᠢ ᠳᠠᠪᠠᠵᠤ᠂ ᠵᠢᠭᠠᠰᠤ ᠵᠢᠷᠠᠭᠠᠬᠠᠢ ᠢᠯᠡᠷᠬᠡᠢ ᠤᠯᠠᠰᠢᠷᠠᠵᠤ ᠡᠬᠢᠯᠡᠪᠡ᠃
ᠪᠠᠶᠠᠨᠮᠤᠳᠤ ᠰᠤᠮᠤ ᠬᠠᠷᠢᠶᠠᠨ ᠳ᠋ᠡᠬᠢ ᠤᠰᠤᠨ ᠤᠷᠤᠨ ᠶ᠋ᠢᠡᠨ ᠪᠦᠲᠦᠮᠵᠢᠲᠡᠢ ᠠᠰᠢᠭᠯᠠᠨ ᠠᠵᠤ ᠠᠬᠤᠢ ᠶ᠋ᠢᠨ ᠦᠷᠳᠡᠭ ᠵᠢᠡᠷ ᠰᠠᠢᠨ ᠵᠢᠭᠠᠰᠤ ᠲᠡᠵᠢᠭᠡᠵᠦ᠂ ᠪᠠᠢᠭᠠᠯᠢ ᠡᠴᠡ ᠰᠤᠶᠤᠷᠬᠠᠭᠰᠠᠨ ᠬᠡᠰᠢᠭ ᠶ᠋ᠢᠡᠷ ᠠᠷᠠᠳ ᠤ᠋ᠨ ᠤᠷᠤᠯᠭ᠎ᠠ ᠵᠢ ᠨᠡᠮᠡᠭᠳᠡᠭᠦᠯᠬᠦ ᠵᠤᠷᠢᠯᠭ᠎ᠠ ᠪᠡᠷ ᠳᠤᠮᠳᠠᠳᠤ ᠤᠯᠤᠰ ᠤ᠋ᠨ ᠴᠢᠯᠠᠭᠤᠨ ᠲᠤᠰᠤᠨ ᠤ᠋ ᠶᠡᠬᠡ ᠰᠤᠷᠭᠠᠭᠤᠯᠢ (ᠬᠤᠸᠠᠳᠦ᠋ᠡᠭ)᠂ ᠳᠤᠮᠳᠠᠳᠤ ᠤᠯᠤᠰ ᠤ᠋ᠨ ᠤᠰᠤᠨ ᠭᠠᠷᠤᠯᠲᠠ ᠶ᠋ᠢᠨ ᠰᠢᠨᠵᠢᠯᠡᠬᠦ ᠤᠬᠠᠭᠠᠨ ᠤ᠋ ᠰᠤᠳᠤᠯᠭᠠᠨ ᠤ᠋ ᠬᠦᠷᠢᠶᠡᠯᠠᠡᠭ ᠤ᠋ᠨ ᠬᠤᠸᠠᠡᠭ ᠬᠠᠢ ᠤᠰᠤᠨ ᠭᠠᠷᠤᠯᠲᠠ ᠶ᠋ᠢᠨ ᠰᠤᠳᠤᠯᠭᠠᠨ ᠤ᠋ ᠭᠠᠵᠠᠷ ᠪᠤᠯᠤᠨ ᠳᠤᠮᠳᠠᠳᠤ ᠤᠯᠤᠰ ᠤ᠋ᠨ ᠳᠠᠯᠠᠢ ᠲᠠᠡᠭᠬᠢᠰ ᠤ᠋ᠨ ᠶᠡᠬᠡ ᠰᠤᠷᠭᠠᠭᠤᠯᠢ ᠲᠠᠢ ᠢᠳᠡᠪᠬᠢᠲᠠᠢ ᠬᠠᠷᠢᠴᠠᠵᠤ᠂ ᠳᠠᠯᠠᠢ ᠶ᠋ᠢᠨ ᠤᠰᠤᠨ ᠤ᠋ ᠵᠢᠭᠠᠰᠤ ᠰᠠᠮ ᠤ᠋ᠨ ᠲᠦᠷᠦᠯ ᠢ᠋ ᠬᠤᠵᠢᠷᠯᠢᠭ ᠭᠠᠵᠠᠷ ᠤ᠋ᠨ ᠤᠰᠤᠨ ᠤᠷᠤᠨ ᠳ᠋ᠦ ᠲᠡᠵᠢᠭᠡᠨ ᠦᠷᠡᠵᠢᠭᠦᠯᠬᠦ ᠲᠦᠷᠦᠯ ᠵᠦᠢᠯ ᠢ᠋ ᠤᠷᠤᠭᠤᠯᠤᠨ ᠠᠪᠴᠢᠷᠠᠭᠰᠠᠨ ᠶᠤᠮ᠃ ᠰᠤᠳᠤᠯᠭᠠᠨ ᠤ᠋ ᠪᠦᠯᠬᠦᠮ ᠤ᠋ᠨ ᠬᠢᠨ ᠬᠢᠨᠠᠨ ᠬᠡᠮᠵᠢᠯᠲᠡ ᠬᠢᠭᠰᠡᠨ ᠤ᠋ ᠲᠠᠷᠠᠭ᠎ᠠ ᠬᠤᠵᠢᠷᠯᠢᠭ ᠭᠠᠵᠠᠷ ᠤ᠋ᠨ ᠤᠰᠤᠨ ᠤᠷᠤᠨ ᠳ᠋ᠦ ᠲᠤᠬᠢᠷᠠᠬᠤ ᠵᠢᠭᠠᠰᠤᠨ ᠤ᠋ ᠡᠭᠦᠯᠳᠡᠷ ᠢ᠋ ᠲᠠᠨᠢᠯᠴᠠᠭᠤᠯᠵᠤ᠂ ᠨᠢᠳᠤᠨᠤᠨ ᠤ᠋ 5 ᠰᠠᠷ᠎ᠠ ᠳ᠋ᠦ ᠪᠠᠶᠠᠨᠮᠤᠳᠤ ᠰᠤᠮᠤ ᠬᠤᠢᠲᠤ ᠠᠪᠠᠬᠠᠢ ᠶ᠋ᠢᠨ ᠠᠷᠤ ᠶ᠋ᠢᠨ ᠮᠠᠡᠭᠬᠠᠨ ᠤ᠋ ᠤᠰᠤᠨ ᠲᠤᠭᠤᠷᠢᠮ ᠢ᠋ ᠬᠠᠮᠤᠷᠤᠭᠰᠠᠨ ᠪᠦᠬᠦ ᠰᠤᠮᠤ ᠶ᠋ᠢᠨ ᠶ᠋ᠢᠡᠨ ᠤᠰᠤᠨ ᠤᠷᠤᠨ ᠳ᠋ᠦ ᠨᠡᠢᠳᠡ 2 ᠲᠦᠮᠡᠨ ᠠᠯᠠᠭᠠᠨ᠎ᠠ ᠵᠢᠭᠠᠰᠤᠨ ᠤ᠋ ᠵᠢᠷᠠᠭᠠᠬᠠᠢ ᠲᠠᠯᠪᠢᠵᠤ ᠲᠤᠷᠰᠢᠯᠲᠠ ᠶ᠋ᠢᠨ ᠠᠵᠢᠯ ᠶ᠋ᠢᠡᠨ ᠡᠬᠢᠯᠡᠭᠦᠯᠦᠭᠰᠡᠨ ᠪᠢᠯᠡ᠃
《ᠨᠢᠳᠤᠨᠤᠨ ᠤ᠋ ᠳᠠᠯᠠᠢ ᠶ᠋ᠢᠨ ᠠᠯᠠᠭᠠᠨ᠎ᠠ ᠵᠢᠨ ᠵᠢᠷᠠᠭᠠᠬᠠᠢ ᠵᠢ ᠤᠰᠤᠨ ᠳ᠋ᠦ ᠲᠠᠯᠪᠢᠬᠤ ᠦᠶ᠎ᠡ ᠳ᠋ᠦ ᠪᠡᠶ᠎ᠡ ᠶ᠋ᠢᠨ ᠤᠷᠳᠤ ᠨᠢ 7 — 8 ᠰᠠᠨᠲ᠋ᠢᠮᠸᠲᠷ᠂ ᠬᠦᠨᠳᠤ ᠨᠢ 10 ᠭ᠌ᠷᠠᠮ ᠬᠦᠷᠬᠦ ᠦᠭᠡᠢ ᠪᠠᠢᠵᠤ᠂ ᠰᠤᠳᠤᠯᠭᠠᠨ ᠤ᠋ ᠪᠦᠯᠬᠦᠮ ᠡᠴᠡ ᠬᠠᠩᠭᠠᠭᠰᠠᠨ ᠦᠰᠬᠡᠨ ᠪᠤᠢᠵᠢᠭᠤᠯᠬᠤ ᠪᠠ ᠲᠡᠵᠢᠭᠡᠨ ᠠᠷᠠᠴᠢᠯᠠᠬᠤ ᠮᠡᠷᠭᠡᠵᠢᠯ ᠳ᠋ᠦ ᠲᠦᠰᠢᠭᠯᠡᠨ ᠡᠳᠡᠬᠡᠷ ᠲᠠᠯᠠᠢ ᠵᠢᠨ ᠵᠢᠷᠠᠭᠠᠬᠠᠢ ᠵᠢ ᠦᠨᠳᠤᠰᠤᠨ ᠳ᠋ᠡᠬᠡᠨ ᠪᠦᠬᠦᠨ ᠢ᠋ ᠮᠡᠨᠳᠤ ᠡᠪᠤᠯᠵᠢᠬᠦᠯᠵᠤ᠂ ᠤᠳᠤ ᠪᠡᠶ᠎ᠡ ᠶ᠋ᠢᠨ ᠤᠷᠳᠤ ᠨᠢ 30 — 40 ᠰᠠᠨᠲ᠋ᠢᠮᠸᠲᠷ ᠬᠦᠷᠴᠦ᠂ ᠬᠦᠨᠳᠦ ᠨᠢ 70 ᠳᠠᠬᠢᠨ ᠨᠡᠮᠡᠭᠳᠡᠵᠠᠢ᠃ ᠵᠠᠬ᠎ᠠ ᠳᠡᠯᠭᠡᠭᠦᠷ ᠤ᠋ᠨ ᠦᠨ᠎ᠡ ᠬᠠᠩᠰᠢ ᠪᠡᠷ ᠳᠠᠯᠠᠢ ᠶ᠋ᠢᠨ ᠠᠯᠠᠭᠠᠨ᠎ᠠ ᠵᠢᠡᠭ ᠳ᠋ᠡᠭᠡᠨ 25 ᠲᠦᠭᠦᠷᠢᠭ ᠲᠦ᠍ ᠬᠦᠷᠴᠦ᠂ ᠵᠢᠱ᠌ᠢᠯᠲᠡ ᠪᠡᠷ ᠡᠨᠡ ᠵᠢᠯ ᠤ᠋ᠨ ᠲᠠᠯᠪᠢᠭᠰᠠᠨ ᠵᠢᠭᠠᠰᠤ ᠵᠢ ᠨᠢᠳᠤᠨᠤᠨ ᠤ᠋ ᠬᠢ ᠲᠠᠢ ᠬᠠᠮᠲᠤ ᠪᠡᠷ ᠪᠠᠶᠠᠨ ᠨᠠᠮᠤᠷ ᠤ᠋ᠨ ᠤᠯᠠᠷᠢᠯ ᠳ᠋ᠦ ᠵᠠᠬ᠎ᠠ ᠳᠡᠯᠭᠡᠭᠦᠷ ᠲᠦ᠍ ᠭᠠᠷᠭᠠᠬᠤ ᠪᠤᠯᠤᠨ᠎ᠠ》 ᠭᠡᠵᠦ ᠪᠠᠶᠠᠨᠮᠤᠳᠤ ᠰᠤᠮᠤ ᠶ᠋ᠢᠨ ᠳᠡᠳ᠋ ᠱᠦᠵᠢ ᠪᠠᠢ ᠴᠢᠡᠭ ᠯᠢᠨ ᠰᠤᠷᠪᠤᠯᠵᠢᠯᠠᠭᠴᠢ ᠳ᠋ᠤ ᠤᠷᠮᠠᠳᠠᠢ ᠶᠠᠷᠢᠵᠤ ᠪᠠᠢᠯ᠎ᠠ᠃
ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠵᠢᠡᠷ ᠬᠥᠳᠡᠭᠡ ᠲᠣᠰᠭᠣᠨ ᠤ᠋ ᠤᠨᠴᠠᠯᠢᠬ᠍ᠳᠤ ᠠᠵᠤ ᠦᠶ᠋ᠯᠡᠰ ᠤ᠋ᠨ ᠬᠥᠭ᠌ᠵᠢᠯᠲᠡ ᠳ᠋ᠤ ᠬᠥᠳᠡᠯᠭᠡᠬᠦ᠌ ᠡᠨᠧᠷᠭᠢ ᠨᠡᠮᠡᠷᠢᠯᠡᠯ᠎ᠡ᠃ ᠪᠠᠶᠨᠨᠮᠤᠳᠤ ᠰᠤᠮᠤ ᠲᠡᠯᠡᠶ ᠶ᠋ᠢᠨ ᠠᠯᠠᠭᠠᠨ᠎ᠠ ᠵᠢ ᠲᠡᠵᠢᠭᠡᠨ ᠦᠷᠡᠵᠢᠭᠦᠯᠦᠭᠰᠡᠡ ᠵᠢᠯ ᠭᠠᠷᠤᠢ ᠶ᠋ᠢᠨ ᠲᠤᠷᠰᠢᠯᠲᠠ ᠪᠡᠷ ᠲᠠᠮᠵᠢᠨ ᠬᠤᠵᠢᠷᠯᠢᠭ ᠭᠠᠵᠠᠷ ᠲᠦ᠍ ᠰᠤᠯᠠ ᠲᠠᠯᠪᠢᠭᠳᠠᠵᠤ ᠪᠠᠢᠭ᠎ᠠ ᠤᠰᠤᠨ ᠤᠷᠤᠨ ᠤ᠋ ᠡᠬᠢ ᠪᠠᠶᠠᠯᠢᠭ ᠢ᠋ ᠪᠦᠳᠦᠮᠵᠢᠳᠠᠢ ᠠᠮᠢᠯᠠᠭᠤᠯᠵᠤ᠂ ᠰᠢᠮ᠎ᠡ ᠰᠠᠢᠲᠠᠢ ᠲᠡᠯᠡᠶ ᠶ᠋ᠢᠨ ᠭᠠᠷᠤᠯᠲᠠ ᠵᠢ ᠪᠣᠢᠵᠢᠭᠤᠯᠬᠤ ᠱᠢᠪᠲᠤᠯᠤᠯᠲᠠ ᠵᠢ ᠠᠮᠵᠢᠯᠲᠠᠲᠠᠶ ᠪᠡᠶᠡᠯᠡᠭᠦᠯᠪᠡ᠋᠃ ᠤᠳᠤ ᠲᠤᠬᠠᠶ ᠶ᠋ᠢᠨ ᠭᠠᠵᠠᠷ ᠤ᠋ᠨ ᠵᠢᠭᠠᠰᠤᠨ ᠤ᠋ ᠠᠵᠤ ᠦᠶ᠋ᠯᠡᠰ ᠤ᠋ᠨ ᠬᠥᠭ᠌ᠵᠢᠯᠲᠡ ᠨᠢ ᠨᠢᠭᠡᠨᠲᠡ ᠳᠠᠡᠭ ᠭᠠᠭᠴᠠ ᠲᠤᠷᠰᠢᠯᠲᠠ ᠶ᠋ᠢᠨ ᠴᠡᠭ ᠡᠴᠡ ᠪᠥᠬᠥ᠌ ᠬᠡᠪᠴᠢᠶᠡᠨ ᠤ᠋ ᠪᠠᠢᠷᠢᠱᠢᠭᠤᠯᠤᠯᠲᠠ ᠳ᠋ᠦ ᠬᠥᠷᠬᠥ᠌᠂ ᠮᠡᠷᠭᠡᠵᠢᠯ ᠤ᠋ᠨ ᠬᠠᠢᠨ ᠰᠥᠪᠡᠭ᠌ᠴᠢᠯᠡᠯᠲᠡ ᠡᠴᠡ ᠪᠣᠯᠪᠠᠰᠤᠷᠠᠩᠭᠤᠶ ᠬᠡᠪ ᠵᠠᠭ᠍ᠪᠤᠷ ᠢ᠋ ᠪᠦᠷᠢᠯᠳᠦᠭᠦᠯᠬᠦ ᠬᠦᠷᠲᠡᠯᠡᠬᠢ ᠲᠠᠪᠠᠯᠳᠠᠳᠤ ᠬᠤᠪᠢᠷᠠᠯᠲᠠ ᠵᠢ ᠪᠡᠶᠡᠯᠡᠭᠦᠯᠵᠦ᠍᠂ ᠤᠯᠠᠮᠵᠢᠯᠠᠯᠲᠤ ᠲᠠᠩ ᠴᠤᠯᠭᠤᠶ ᠮᠠᠯ ᠠᠵᠤ ᠠᠬᠤᠶ ᠲᠠᠷᠢᠶᠠᠯᠠᠡᠭ ᠤ᠋ᠨ ᠦᠶ᠋ᠯᠡᠳᠪᠦᠷᠢᠯᠡᠯ ᠤ᠋ᠨ ᠵᠠᠭ᠍ᠪᠤᠷ ᠢ᠋ ᠡᠪᠳᠡᠨ᠂ ᠣᠷᠣᠨ ᠪᠦᠰᠡ ᠶ᠋ᠢᠨ ᠮᠠᠯ ᠠᠵᠤ ᠠᠬᠤᠢ ᠲᠠᠷᠢᠶᠠᠯᠠᠩ ᠤ᠋ᠨ ᠠᠵᠤ ᠦᠶ᠋ᠯᠡᠰ ᠤ᠋ᠨ ᠪᠦᠲᠦᠴᠡ ᠵᠢ ᠱᠢᠯᠢᠳᠡᠭ᠌ᠵᠢᠭᠦᠯᠦᠨ ᠲᠠᠰ ᠳᠡᠪᠱᠢᠭᠦᠯᠬᠦ᠌ ᠵᠢ ᠪᠦᠲᠦᠮᠵᠢᠲᠡᠶ ᠠᠬᠢᠭᠤᠯᠤᠭᠰᠠᠨ ᠵᠢᠡᠷ ᠪᠠᠷᠠᠬᠤ ᠦᠬᠡᠢ ᠮᠠᠯᠴᠢᠨ ᠲᠠᠷᠢᠶᠠᠴᠢᠳ ᠤ᠋ᠨ ᠤᠷᠤᠯᠭ᠎ᠠ ᠵᠢᠨ ᠵᠠᠮ ᠢ᠋ ᠴᠦ᠍ ᠦᠷᠬᠡᠳᠬᠡᠪᠡ᠃ ᠬᠣᠶᠠᠳᠤᠭᠠᠷ ᠪᠦᠯᠦᠭ ᠤ᠋ᠨ 3000 ᠭᠠᠷᠤᠶ ᠳᠠᠯᠠᠢ ᠶ᠋ᠢᠨ ᠠᠯᠠᠭᠠᠨ᠎ᠠ ᠵᠢ ᠠᠮᠵᠢᠯᠲᠠ ᠲᠠᠶ ᠲᠠᠯᠪᠢᠭ᠍ᠰᠠᠨ ᠨᠢ ᠳᠤᠲᠤᠭᠠᠳᠤ ᠬᠠᠭᠤᠷᠠᠢ ᠶ᠋ᠢᠨ ᠬᠤᠵᠢᠷᠯᠢᠭ ᠭᠠᠵᠠᠷ ᠤ᠋ᠨ ᠤᠰᠤᠨ ᠤᠷᠤᠨ ᠳ᠋ᠦ ᠳᠡᠭᠡᠳᠦ ᠳᠡᠰ ᠤ᠋ᠨ ᠳᠠᠯᠠᠢ ᠶ᠋ᠢᠨ ᠭᠠᠷᠤᠯᠲᠠ ᠵᠢ ᠲᠡᠵᠢᠭᠡᠨ ᠦᠷᠡᠵᠢᠭᠦᠯᠬᠦ ᠰᠢᠨᠵᠢᠯᠡᠬᠦ ᠤᠬᠠᠭᠠᠨᠴᠢ ᠴᠢᠨᠠᠷ ᠪᠤᠯᠤᠨ ᠪᠤᠯᠤᠮᠵᠢᠲᠦ ᠴᠢᠨᠠᠷ ᠢ᠋ ᠭᠦᠢᠴᠡᠳ ᠰᠢᠯᠭᠠᠨ ᠪᠠᠲᠤᠯᠠᠭᠰᠠᠨ ᠶ᠋ᠢᠡᠷ ᠪᠠᠷᠠᠬᠤ ᠦᠭᠡᠢ ᠲᠦᠩᠯᠢᠶᠤᠤ ᠬᠤᠳᠠ ᠴᠢᠨᠠᠭᠰᠢᠯᠠᠪᠠᠯ ᠪᠦᠬᠦ ᠦᠪᠤᠷ ᠮᠤᠩᠭᠤᠯ ᠤ᠋ᠨ ᠰᠤᠯᠠ ᠲᠠᠯᠪᠢᠭᠳᠠᠵᠤ ᠪᠠᠢᠭ᠎ᠠ ᠬᠤᠵᠢᠷᠯᠢᠭ ᠭᠠᠵᠠᠷ ᠤ᠋ᠨ ᠤᠰᠤᠨ ᠤᠷᠤᠨ ᠤ᠋ ᠡᠬᠢ ᠪᠠᠶᠠᠯᠢᠭ ᠢ᠋ ᠦᠨᠳᠦᠷ ᠪᠦᠲᠦᠮᠵᠢᠲᠠᠢ ᠪᠡᠷ ᠨᠡᠭᠡᠭᠡᠨ ᠠᠰᠢᠭᠯᠠᠬᠤ᠂ ᠡᠬᠢ ᠪᠠᠶᠠᠯᠢᠭᠵᠢᠭᠤᠯᠤᠨ ᠠᠰᠢᠭᠯᠠᠬᠤ ᠳ᠋ᠦ ᠬᠠᠭᠤᠯᠪᠤᠷᠢᠯᠠᠵᠤ ᠪᠤᠯᠬᠤᠢᠴᠠ᠂ ᠳᠡᠯᠭᠡᠷᠡᠭᠦᠯᠵᠦ ᠪᠤᠯᠬᠤᠢᠴᠠ ᠬᠦᠭᠵᠢᠯᠲᠡ ᠶ᠋ᠢᠨ ᠰᠢᠨ᠎ᠡ ᠵᠠᠭᠪᠤᠷ ᠬᠠᠡᠭᠭᠠᠪᠠ᠃
《ᠲᠠᠷᠠᠭᠠᠴᠢ ᠪᠡᠷ ᠪᠢᠳᠡ ᠵᠠᠬ᠎ᠠ ᠳᠡᠯᠭᠡᠭᠦᠷ ᠪᠠ ᠠᠵᠤ ᠠᠬᠤᠢᠯᠠᠯ ᠲᠠᠶ ᠰᠠᠨᠠᠭᠠᠴᠢᠯᠠᠭ᠎ᠠ ᠡᠴᠡ ᠪᠠᠨ ᠵᠤᠯᠭᠠᠯᠴᠠᠭ᠎ᠠ ᠬᠠᠮᠳᠤᠷᠠᠯᠴᠠᠭ᠎ᠠ ᠦᠷᠨᠢᠭᠦᠯᠤᠨ᠂ ᠬᠤᠵᠢᠷᠯᠢᠭ ᠭᠠᠵᠠᠷ ᠤ᠋ᠨ ᠤᠰᠤᠨ ᠤᠷᠤᠨ ᠳ᠋ᠦ ᠲᠡᠯᠡᠶ ᠶ᠋ᠢᠨ ᠭᠠᠷᠤᠯᠲᠠ ᠵᠢ ᠲᠡᠵᠢᠭᠡᠨ ᠦᠷᠡᠵᠢᠭᠦᠯᠬᠦ᠌ ᠲᠥᠷᠥᠯ ᠵᠦᠶ᠋ᠯ ᠤ᠋ᠨ ᠬᠡᠪᠴᠢᠶᠡᠵᠢᠭ᠌ᠰᠡᠡ᠂ ᠪᠠᠷᠢᠮᠵᠢᠶᠠᠵᠢᠭ᠍ᠰᠠᠨ᠂ ᠵᠠᠬ᠎ᠠ ᠳᠡᠯᠭᠡᠭᠦᠷᠴᠢᠯᠡᠭ᠌ᠰᠡᠨ ᠴᠢᠭ᠌ᠯᠡᠯ ᠲᠡᠢᠰᠢ ᠭᠦᠨᠵᠡᠭᠡᠢᠷᠡᠨ ᠬᠥᠭ᠌ᠵᠢᠬᠦ᠌ ᠵᠢ ᠪᠥᠬᠥ᠌ ᠬᠦᠴᠦᠨ ᠶ᠋ᠢᠡᠷ ᠶ᠋ᠢᠡᠨ ᠠᠬᠢᠭᠤᠯᠵᠤ᠂ ᠬᠦᠳᠡᠭᠡ ᠲᠤᠰᠬᠤᠨ ᠤ᠋ ᠬᠠᠮᠲᠤ ᠶ᠋ᠢᠨ ᠠᠵᠤ ᠠᠬᠤᠶ ᠵᠢ ᠦᠷᠭᠦᠯᠵᠢᠯᠡᠨ ᠪᠤᠵᠠᠭᠠᠢᠷᠠᠭᠤᠯᠵᠤ᠂ ᠨᠠᠩ ᠣᠯᠠᠨ ᠮᠠᠯᠴᠢᠨ ᠲᠠᠷᠢᠶᠠᠴᠢᠨ ᠤ᠋ ᠲᠤᠬᠠᠢ ᠶ᠋ᠢᠨ ᠭᠠᠵᠠᠷ ᠂ ᠣᠢᠷ᠎ᠠ ᠬᠠᠪᠢ ᠳ᠋ᠠᠭᠠᠨ ᠠᠵᠢᠯ ᠤᠯᠬᠤ ᠵᠢ ᠳᠠᠢᠴᠢᠯᠠᠵᠤ᠂ ᠤᠨᠴᠠᠯᠢᠬ᠍ᠳᠤ ᠠᠵᠤ ᠦᠶ᠋ᠯᠡᠰ ᠶ᠋ᠢᠡᠷ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ ᠳ᠋ᠦ ᠬᠦᠴᠦᠨ ᠨᠡᠮᠡᠷᠢᠯᠡᠨ᠎ᠡ》 ᠭᠡᠵᠦ ᠲᠤᠤ ᠵᠸᠡᠭ ᠯᠢᠶᠠᠡᠭ ᠶᠠᠷᠢᠵᠤ ᠪᠠᠢᠯ᠎ᠠ᠃