ᠢᠮᠠᠭᠠᠨ ᠪᠤᠷᠭᠠᠰᠤ ᠪᠡᠷ ᠡᠯᠡᠰᠦ ᠵᠢ ᠬᠠᠰᠢᠵᠤ ᠨᠤᠮᠢᠨ ᠨᠤᠭᠤᠭᠠᠨ ᠠᠮᠢᠵᠢᠷᠠᠯ᠎ᠤᠨ ᠬᠦᠴᠦᠨ ᠢ᠋ ᠪᠠᠳᠠᠷᠠᠭᠤᠯᠤᠨ᠎ᠠ
2026-06-04 09:44:12
ᠵᠣᠬᠢᠶᠠᠭ᠍ᠴᠢ᠄
ᠪᠠᠶᠠᠰᠭᠤᠯᠠᠩ
ᠣᠩᠱᠢᠭ᠍ᠰᠠᠨ ᠣᠳᠠᠭ᠎ᠠ᠄
★★★☆☆

5 ᠰᠠᠷ᠎ᠠ᠎ᠶ᠋ᠢᠨ 28 ᠤ᠋ ᠡᠳᠦᠷ᠂ ᠬᠤᠯᠠᠨ ᠱᠢᠷᠭ᠎ᠠ ᠲᠠᠭ᠎ᠠ᠎ᠶ᠋ᠢᠨ ᠡᠯᠡᠰᠦᠷᠬᠡᠭ ᠭᠠᠵᠠᠷ᠎ᠤᠨ ᠥᠷᠥᠴᠡᠨ᠎ᠳᠦ ᠨᠢᠭᠡᠨᠲᠡ ᠬᠠᠷᠠᠭ᠎ᠠ ᠲᠦᠬᠦᠷᠡᠩ ᠨᠤᠮᠢᠨ ᠨᠤᠭᠤᠭᠠᠨ ᠦᠩᠭᠡ ᠢᠯᠡᠷᠡᠪᠡ᠃

ᠬᠡᠳᠦᠢᠪᠡᠷ 5 ᠳᠡᠰ᠎ᠤᠨ ᠰᠠᠯᠬᠢ ᠰᠠᠯᠬᠢᠯᠠᠵᠤ ᠪᠠᠢᠪᠠᠴᠤ᠌᠂ ᠡᠯᠡᠰᠦ ᠲᠤᠭᠤᠰᠤ ᠪᠠᠭᠠᠰᠴᠤ᠂ ᠬᠥᠬᠡ ᠡᠪᠡᠰᠦᠨ᠎ᠦ ᠦᠨᠦᠷ ᠬᠠᠩᠬᠤᠯᠤᠨ᠎ᠠ᠃ ᠱᠢᠯᠤᠭᠤᠨ ᠬᠥᠬᠡ ᠬᠣᠱᠢᠭᠤᠨ᠎ᠤ ᠰᠠᠩ᠎ᠤᠨ ᠲᠡᠯᠡᠶ ᠪᠠᠯᠭᠠᠰᠤᠨ᠎ᠤ ᠡᠷᠳᠡᠨᠢᠳᠠᠯᠠᠢ ᠭᠠᠴᠠᠭᠠᠨ᠎ᠤ ᠨᠢᠭᠡᠨ ᠨᠡᠭᠦᠳᠡᠯ ᠡᠯᠡᠰᠦᠨ ᠳᠣᠪᠣᠷᠴᠠᠭ ᠤ᠋ᠨ ᠡᠮᠦᠨ᠎ᠡ᠂ ᠮᠠᠯᠴᠢᠨ ᠲᠦᠩ ᠷᠦᠢ ᠴᠢᠩ ᠠᠵᠢᠯᠴᠢᠳ᠎ᠢᠶᠠᠨ ᠳᠠᠭᠠᠭᠤᠯᠤᠨ ᠶᠠᠭᠠᠷᠠᠯᠳᠠᠢ ᠠᠵᠢᠯᠯᠠᠵᠤ ᠪᠠᠢᠪᠠ᠃ ᠲᠡᠳᠡ 60 ᠰᠠᠨᠲ᠋ᠢᠮᠧᠲᠷ ᠵᠢᠡᠷ ᠤᠭᠳᠤᠯᠤᠭᠰᠠᠨ ᠢᠮᠠᠭᠠᠨ ᠪᠤᠷᠭᠠᠰᠤ᠎ᠶ᠋ᠢ ᠲᠷᠠᠺᠲ᠋ᠣᠷ ᠵᠢᠡᠷ ᠬᠠᠭᠠᠯᠤᠭᠰᠠᠨ 50 ᠰᠠᠨᠲ᠋ᠢᠮᠧᠲᠷ ᠭᠦᠨ ᠰᠤᠪᠠᠭ᠎ᠲᠤ ᠰᠠᠭᠤᠯᠭᠠᠨ᠎ᠠ᠃ ᠲᠡᠮᠡᠢ ᠤᠳᠠᠯ ᠦᠭᠡᠢ᠂ ᠡᠨᠡ ᠬᠦ᠌  ᠬᠡᠰᠡᠭ ᠡᠯᠡᠰᠦᠷᠬᠡᠭ ᠭᠠᠵᠠᠷ 4 × 4 ᠮᠧᠲ᠋ᠷ᠎ᠦᠨ ᠬᠠᠯᠬᠠᠪᠴᠢ᠎ᠳᠤ ᠬᠠᠱᠢᠭ᠍ᠳᠠᠪᠠ᠃

《ᠲᠠ ᠡᠨᠡ ᠬᠦ᠌  ᠢᠮᠠᠭᠠᠨ ᠪᠤᠷᠭᠠᠰᠤ ᠵᠢᠨ ᠬᠠᠯᠬᠠᠪᠴᠢ᠎ᠶ᠋ᠢ ᠦᠵᠡ᠂ ᠪᠦᠷ ᠠᠮᠢᠳᠤ ᠴᠢᠬᠢ ᠶᠤᠮ᠂ ᠡᠯᠡᠰᠦᠨ ᠳᠣᠲᠣᠷ᠎ᠠ ᠬᠠᠳᠭᠤᠭᠠᠳ ᠬᠡᠳᠦᠬᠡᠨ ᠡᠳᠦᠷ ᠪᠣᠯᠪᠠᠯ ᠡᠳᠡᠭᠡᠷᠡᠵᠤ ᠤᠷᠭᠤᠨ᠎ᠠ᠃ ᠦᠩᠭᠡᠷᠡᠭᠰᠡᠨ ᠳ᠋ᠤ ᠡᠯᠡᠰᠦ ᠬᠥᠮᠦᠨ᠎ᠢ ᠳᠠᠭᠠᠵᠤ ᠭᠦᠶᠦᠳᠡᠭ᠂ ᠣᠳᠣ ᠪᠢᠳᠡ ᠡᠯᠡᠰᠦ ᠵᠢ ᠬᠦᠭᠡᠭᠡᠵᠤ ᠪᠤᠷᠭᠠᠰᠤ ᠲᠠᠷᠢᠨ᠎ᠠ》᠃ ᠲᠦᠩ ᠷᠦᠢ ᠴᠢᠩ ᠬᠥᠯᠥᠰᠥ᠎ᠪᠡᠨ ᠠᠷᠴᠢᠵᠤ᠄ 《 ᠭᠡᠷ᠎ᠦᠨ ᠡᠭᠦᠳᠡᠨ ᠳᠡᠭᠡᠷ᠎ᠡ ᠪᠠᠨ ᠡᠯᠡᠰᠦ᠎ᠶ᠋ᠢ ᠵᠠᠰᠠᠵᠤ᠂  ᠡᠳᠦᠷ ᠲᠤ᠌ 300 ᠭᠠᠷᠤᠶ ᠲᠥᠭᠥᠷᠢᠭ᠎ᠤᠨ ᠤᠷᠤᠯᠭ᠎ᠠ ᠣᠯᠴᠢᠬᠠᠨ᠎ᠠ》 ᠭᠡᠵᠤ ᠪᠠᠶᠠᠷ ᠳᠠᠢ ᠬᠡᠯᠡᠨ᠎ᠠ᠃

ᠱᠢᠯᠤᠭᠤᠨ ᠬᠥᠬᠡ ᠬᠣᠱᠢᠭᠤ ᠬᠤᠯᠠᠨ ᠱᠢᠷᠭ᠎ᠠ ᠲᠠᠭ᠎ᠠ᠎ᠶ᠋ᠢᠨ ᠡᠯᠡᠰᠦᠷᠬᠡᠭ ᠭᠠᠵᠠᠷ᠎ᠤᠨ ᠰᠥᠨᠥᠭᠡᠯᠳᠠ ᠵᠢᠨ ᠳᠠᠢᠯᠠᠯᠳᠤᠭᠠᠨ᠎ᠢ ᠠᠬᠢᠭᠤᠯᠬᠤ ᠳᠤᠮᠳᠠ᠂ 《ᠬᠦᠳᠡᠯᠮᠦᠷᠢᠯᠡᠬᠦ ᠪᠡᠷ ᠲᠡᠳᠬᠦᠮᠵᠢ᠎ᠶ᠋ᠢ ᠣᠷᠣᠯᠠᠭᠤᠯᠬᠤ》 ᠵᠠᠭ᠍ᠪᠤᠷ᠎ᠢ ᠬᠡᠷᠡᠭᠯᠡᠵᠤ᠂ ᠮᠠᠯᠴᠢᠳ᠎ᠢ 《ᠬᠠᠵᠠᠭᠤ ᠡᠴᠡ ᠬᠠᠷᠠᠭ᠍ᠴᠢ》 ᠪᠠᠢᠭ᠍ᠰᠠᠨ ᠡᠴᠡ ᠨᠢ ᠡᠯᠡᠰᠦ ᠵᠢ ᠵᠠᠰᠠᠬᠤ 《ᠭᠤᠤᠯ ᠬᠦᠴᠦᠨ ᠴᠡᠷᠢᠭ》 ᠪᠠ 《ᠠᠱᠢᠭ ᠬᠦᠷᠲᠡᠭ᠌ᠴᠢ》 ᠪᠣᠯᠭᠠᠪᠠ᠃ 《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠬᠤᠭᠤᠴᠠᠭᠠᠨ᠎ᠳᠤ᠂ ᠲᠣᠰ ᠬᠣᠱᠢᠭᠤ 5000 ᠭᠠᠷᠤᠶ ᠮᠠᠯᠴᠢᠳ᠎ᠢ ᠳᠠᠢᠴᠢᠯᠠᠨ ᠡᠯᠡᠰᠦ᠎ᠶ᠋ᠢ ᠵᠠᠰᠠᠬᠤ᠎ᠳᠤ ᠣᠷᠣᠯᠴᠠᠭᠤᠯᠵᠤ᠂ ᠬᠥᠳᠡᠯᠮᠦᠷᠢ ᠬᠦᠴᠦᠨ᠎ᠦ ᠬᠥᠯᠥᠰᠥ᠍ ᠣᠯᠭᠣᠮᠵᠢ ᠵᠢ 5200 ᠭᠠᠷᠤᠢ ᠲᠦᠮᠡᠨ ᠲᠥᠭᠥᠷᠢᠭ ᠤᠯᠭᠤᠪᠠ᠃

《ᠡᠨᠡ ᠪᠣᠯ ᠳᠠᠷᠤᠢ ᠱᠢᠯᠤᠭᠤᠨ ᠬᠦᠬᠡ ᠬᠣᠱᠢᠭᠤᠨ᠎ᠤ 〈ᠠᠮᠢᠳᠤ ᠪᠣᠳᠠᠰ᠎ᠤᠨ ᠡᠯᠡᠰᠦᠨ᠎ᠦ ᠬᠠᠯᠬᠠᠪᠴᠢ〉 ᠪᠣᠯᠤᠨ᠎ᠠ》᠃ ᠮᠸᠩ ᠼᠤᠤ ᠠᠮᠢ ᠠᠬᠤᠶ ᠣᠷᠴᠢᠨ ᠲᠣᠭᠣᠷᠢᠨ᠎ᠤ (ᠪᠦᠯᠦᠭ᠌ᠯᠡᠯ) ᠬᠤᠪᠢᠴᠠᠭᠠᠳᠤ ᠬᠢᠵᠠᠭᠠᠷᠲᠤ ᠺᠣᠮᠫᠠᠨᠢ᠎ᠶ᠋ᠢᠨ ᠢᠨᠵᠧᠨᠧᠷᠢᠩ ᠵᠢᠡᠷ ᠡᠯᠡᠰᠦ᠎ᠶ᠋ᠢ ᠲᠣᠭ᠍ᠲᠠᠪᠤᠷᠢᠵᠢᠭᠤᠯᠬᠤ ᠲᠥᠷᠥᠯ ᠵᠦᠶ᠋ᠯ᠎ᠦᠨ ᠱᠢᠯᠢ᠎ᠶ᠋ᠢᠨ ᠭᠤᠤᠯ᠎ᠤᠨ ᠬᠡᠰᠡᠭ᠎ᠤᠨ ᠬᠠᠷᠢᠭᠤᠴᠠᠯᠭᠠᠲᠠᠨ ᠷᠧᠨ ᠴᠤᠤ᠂ ᠶᠠᠭ ᠠᠵᠢᠯᠴᠢᠳ᠎ᠢᠶᠡᠨ ᠵᠢᠯᠣᠭᠣᠳᠤᠨ ᠡᠯᠡᠰᠦᠨ ᠳᠣᠪᠣᠷᠴᠠᠭ ᠳᠡᠭᠡᠷ᠎ᠡ ᠪᠤᠷᠭᠠᠰᠤ ᠰᠠᠭᠤᠯᠭᠠᠵᠤ ᠪᠠᠢᠪᠠ᠃ ᠲᠡᠷᠡ ᠭᠠᠷ᠎ᠤᠨ ᠠᠶ᠎ᠠ᠎ᠪᠠᠷ ᠨᠢᠭᠡ ᠪᠤᠷᠭᠠᠰᠤ ᠵᠢ ᠲᠡᠭᠦᠵᠦ᠍ ᠠᠪᠤᠭᠠᠳ᠂ ᠬᠢᠮᠤᠰᠤ᠎ᠪᠠᠷ᠎ᠢᠶᠠᠨ ᠭᠠᠳᠠᠷ ᠬᠠᠯᠢᠰᠤ᠎ᠶ᠋ᠢ ᠨᠢ ᠱᠠᠭᠠᠯᠬᠤ ᠳ᠋ᠤ ᠨᠤᠭᠤᠭᠠᠨ ᠦᠩᠭᠡ ᠢᠯᠡᠷᠡᠪᠡ᠂ ᠲᠡᠷᠡ᠄ 《ᠲᠠ ᠦᠵᠡ᠂ ᠡᠳᠡᠭᠡᠷ ᠢᠮᠠᠭᠠᠨ ᠪᠤᠷᠭᠠᠰᠤ ᠪᠦᠷ ᠠᠮᠢᠳᠤ ᠶᠤᠮ᠃ ᠡᠯᠡᠰᠦᠨ ᠬᠠᠯᠬᠠᠪᠴᠢ ᠳ᠋ᠤ ᠰᠠᠭᠤᠯᠭᠠᠵᠤ ᠪᠠᠷᠠᠭ᠍ᠰᠠᠨ᠎ᠤ ᠳᠠᠷᠠᠭ᠎ᠠ᠂ ᠪᠢᠳᠡ ᠲᠤᠤᠷ ᠳᠣᠲᠣᠷ᠎ᠠ ᠡᠪᠡᠰᠦᠨ ᠦᠷ᠎ᠡ ᠳᠠᠷᠢᠨ᠎ᠠ᠂ ᠨᠢᠭᠡ ᠡᠴᠡ ᠬᠣᠶᠠᠷ ᠵᠢᠯ᠎ᠦᠨ ᠳᠠᠷᠠᠭ᠎ᠠ ᠡᠳᠡᠬᠡᠷ ᠨᠢ ᠨᠡᠢᠯᠡᠨ ᠵᠠᠯᠭᠠᠯᠳᠤᠵᠤ ᠤᠷᠭᠤᠨ᠂ ᠨᠡᠭᠦᠳᠡᠯ ᠡᠯᠡᠰᠦ᠎ᠶ᠋ᠢ ᠲᠤᠢᠯᠪᠤᠷᠢᠲᠠᠶ ᠬᠠᠰᠢᠵᠤ ᠬᠤᠷᠢᠬᠯᠠᠬᠤ ᠶᠤᠮ》 ᠭᠡᠵᠤ ᠲᠠᠨᠢᠯᠴᠠᠭᠤᠯᠪᠠ᠃

ᠱᠢᠯᠤᠭᠤᠨ ᠬᠥᠬᠡ ᠬᠣᠱᠢᠭᠤ ᠬᠤᠯᠠᠨ ᠱᠢᠷᠭ᠎ᠠ ᠲᠠᠭ᠎ᠠ᠎ᠶ᠋ᠢᠨ ᠡᠯᠡᠰᠦᠷᠬᠡᠭ ᠭᠠᠵᠠᠷ᠎ᠤᠨ ᠭᠤᠤᠯ ᠬᠡᠰᠡᠭ ᠲᠤ᠌ ᠪᠠᠢᠷᠢᠯᠠᠵᠤ᠂ 1278 ᠲᠦᠮᠡᠨ ᠮᠥ᠍ ᠡᠯᠡᠰᠦᠷᠬᠡᠭ ᠭᠠᠵᠠᠷ᠎ᠨᠢ ᠪᠥᠬᠥ᠌ ᠬᠣᠱᠢᠭᠤᠨ᠎ᠤ ᠶᠡᠷᠦᠩᠬᠡᠶ ᠲᠠᠯᠠᠪᠠᠶ᠎ᠶ᠋ᠢᠨ 83.7% ᠶ᠋ᠢ ᠡᠵᠡᠯᠡᠵᠦ᠍᠂ ᠱᠢᠯᠢ᠎ᠶ᠋ᠢᠨ ᠭᠤᠤᠯ ᠠᠢᠮᠠᠭ᠎ᠤᠨ ᠬᠤᠯᠠᠨ ᠱᠢᠷᠭ᠎ᠠ ᠲᠠᠭ᠎ᠠ᠎ᠶ᠋ᠢᠨ ᠡᠯᠡᠰᠦᠷᠬᠡᠭ ᠭᠠᠵᠠᠷ᠎ᠤᠨ ᠪᠣᠭᠣᠮᠲᠠ ᠱᠢᠪᠲᠤᠯᠬᠤ ᠳᠠᠢᠯᠠᠯᠳᠤᠭᠠᠨ᠎ᠤ ᠭᠤᠤᠯ ᠲᠡᠢᠯᠠᠯᠳᠤᠭᠠᠨ ᠤ᠋ ᠲᠠᠯᠠᠪᠤᠷ ᠪᠣᠯᠤᠨ᠎ᠠ᠃ ᠦᠶ᠋ᠯᠡᠳᠦᠯᠭᠡ᠎ᠶ᠋ᠢᠨ ᠳᠤᠮᠳᠠ᠂ ᠲᠤᠬᠠᠶ᠎ᠶ᠋ᠢᠨ ᠭᠠᠵᠠᠷ᠎ᠤᠨ᠎ᠬᠢᠨ ᠡᠯᠡᠰᠦ ᠵᠢ ᠵᠠᠰᠠᠬᠤ ᠥᠪᠡᠷᠮᠢᠴᠡ ᠲᠥᠰᠦᠯ — 《ᠢᠮᠠᠭᠠᠨ ᠪᠤᠷᠭᠠᠰᠤ + ᠬᠣᠯᠢᠵᠤ ᠳᠠᠷᠢᠬᠤ》 ᠠᠷᠭ᠎ᠠ᠎ᠶ᠋ᠢ ᠰᠦᠪᠡᠭ᠌ᠴᠢᠯᠡᠨ ᠭᠠᠷᠭᠠᠪᠠ᠃

《ᠥᠩᠭᠡᠷᠡᠭ᠌ᠰᠡᠨ᠎ᠳᠦ ᠡᠯᠡᠰᠦ᠎ᠶ᠋ᠢ ᠵᠠᠰᠠᠬᠤ ᠵᠢᠨ ᠬᠦᠴᠢᠷᠳᠠᠯ ᠨᠢ ᠨᠡᠭᠦᠳᠡᠯ ᠡᠯᠡᠰᠦ ᠭᠡᠬᠦ᠌ ᠡᠨᠡ ᠬᠦ᠌ 〈ᠬᠦᠴᠢᠷ ᠠᠰᠠᠭᠤᠳᠠᠯ〉 ᠢ᠋ ᠱᠢᠢᠳᠪᠦᠷᠢᠯᠡᠵᠤ ᠲᠡᠢᠯᠬᠦ ᠦᠭᠡᠢ ᠪᠠᠢᠵᠠᠢ》᠃ ᠱᠢᠯᠤᠭᠤᠨ ᠬᠥᠬᠡ ᠬᠣᠱᠢᠭᠤᠨ᠎ᠤ ᠣᠶ ᠱᠢᠭᠤᠶ᠎ᠶ᠋ᠢᠨ ᠠᠵᠢᠯ᠎ᠤᠨ ᠥᠷᠲᠡᠭᠡ᠎ᠶ᠋ᠢᠨ ᠳᠡᠳ᠋ ᠳᠠᠷᠤᠭ᠎ᠠ ᠵᠠᠩ ᠮᠢᠩ ᠨᠡᠯᠦᠢᠨ ᠦᠷᠬᠦᠯᠵᠢᠯᠡᠬᠦ ᠡᠯᠡᠰᠤ ᠵᠢ ᠬᠠᠷᠠᠵᠤ᠄ 《ᠨᠢᠰᠭᠡᠯ᠎ᠢᠶᠡᠷ ᠳᠠᠷᠢᠭ᠍ᠰᠠᠨ ᠦᠷ᠎ᠡ ᠨᠢ ᠶᠡᠬᠡ ᠰᠠᠯᠬᠢ ᠰᠠᠯᠬᠢᠯᠠᠪᠡᠯ ᠭᠡᠢᠰᠤᠭᠡᠳ ᠠᠯᠠᠭ᠎ᠠ ᠪᠣᠯᠵᠤ᠂ ᠤᠯᠠᠮᠵᠢᠯᠠᠯᠲᠤ ᠡᠯᠡᠰᠦᠨ ᠬᠠᠯᠬᠠᠪᠴᠢ ᠨᠢ ᠬᠥᠯ ᠲᠣᠭ᠍ᠲᠠᠵᠤ ᠠᠮᠵᠢᠭ᠎ᠠ ᠥᠬᠡᠶ᠎ᠪᠡᠷ ᠡᠯᠡᠰᠦᠨ᠎ᠳᠦ ᠪᠤᠯᠠᠭ᠍ᠳᠠᠴᠢᠬᠠᠳᠠᠭ》 ᠭᠡᠵᠤ ᠡᠷᠬᠢᠴᠡᠬᠦᠯᠪᠠ᠃

ᠬᠦᠴᠢᠷᠳᠡᠯ᠎ᠦᠨ ᠡᠮᠦᠨ᠎ᠡ᠂ ᠱᠢᠯᠤᠭᠤᠨ ᠬᠦᠬᠡ ᠬᠣᠱᠢᠭᠤ ᠡᠯᠡᠰᠦ ᠵᠢ ᠵᠠᠰᠠᠬᠤ 《ᠡᠷᠳᠡᠨᠢ》 — ᠢᠮᠠᠭᠠᠨ ᠪᠤᠷᠭᠠᠰᠤ ᠵᠢ ᠢᠯᠡᠷᠡᠭᠦᠯᠪᠡ᠃ ᠡᠨᠡ ᠬᠦ᠌ ᠲᠤᠬᠠᠶ᠎ᠶ᠋ᠢᠨ ᠭᠠᠵᠠᠷ᠎ᠤᠨ ᠪᠣᠳᠠ ᠮᠣᠳᠣ ᠨᠢ ᠬᠦᠶ᠋ᠲᠡᠨ᠎ᠳᠦ ᠲᠡᠰᠪᠦᠷᠢ ᠲᠡᠶ᠂ ᠭᠠᠩ ᠬᠠᠭᠤᠷᠠᠶ᠎ᠳᠤ ᠲᠡᠰᠪᠦᠷᠢ ᠲᠡᠶ᠂ ᠠᠮᠢᠵᠢᠷᠠᠯ᠎ᠤᠨ ᠬᠦᠴᠦᠨ᠎ᠢᠶᠡᠷ ᠲᠤᠢᠯ᠎ᠤᠨ ᠴᠢᠩᠭ᠎ᠠ᠂ ᠬᠠᠮᠤᠭ᠎ᠤᠨ ᠭᠠᠢᠬᠠᠮᠱᠢᠭ᠍ᠲᠠᠶ ᠨᠢ 《ᠡᠯᠡᠰᠦᠨ᠎ᠳᠦ ᠪᠤᠯᠠᠭ᠍ᠳᠠᠬᠤ ᠲᠤᠢᠯ᠎ᠤᠨ ᠳᠤᠷᠠᠲᠠᠶ》᠂ ᠡᠯᠡᠰᠦᠨ᠎ᠳᠦ ᠳᠠᠷᠤᠭ᠍ᠳᠠᠭ᠍ᠰᠠᠨ᠎ᠤ ᠳᠠᠷᠠᠭ᠎ᠠ ᠪᠣᠷᠣᠭᠠᠨ᠎ᠤ ᠤᠰᠤ ᠦᠵᠡᠮᠡᠭᠴᠡ ᠳᠠᠷᠤᠶ ᠦᠨᠳᠦᠰᠦ ᠬᠠᠳᠭᠤᠨ ᠨᠠᠬᠢᠶᠠᠯᠠᠴᠢᠬᠠᠳᠠᠭ᠃ 

《ᠬᠡᠳᠦᠢᠪᠡᠷ ᠡᠯᠡᠰᠦ᠎ᠶ᠋ᠢ ᠵᠠᠰᠠᠬᠤ ᠥᠪᠡᠷ᠎ᠦᠨ ᠦᠷᠳᠡᠭ ᠬᠠᠷᠢᠴᠠᠩᠭᠤᠢ᠎ᠪᠠᠷ ᠳᠡᠭᠡᠭ᠌ᠰᠢᠯᠡᠭ᠌ᠰᠡᠨ ᠪᠣᠯᠪᠠᠴᠤ᠌ ᠦᠷ᠎ᠡ ᠪᠦᠲᠦᠮᠵᠢ ᠨᠢ ᠦᠨᠡᠨ ᠪᠣᠳᠠᠲᠠᠢ ᠶᠤᠮ》 ᠭᠡᠵᠦ᠍ ᠵᠠᠩ ᠮᠢᠩ ᠢᠨᠢᠶᠡᠮᠰᠦᠭ᠌ᠯᠡᠨ ᠬᠡᠯᠡᠨ᠎ᠡ᠃

ᠲᠤᠰ ᠬᠣᠱᠢᠭᠤᠨ᠎ᠤ ᠰᠠᠢᠨ ᠬᠤᠳᠳᠤᠭ ᠰᠤᠮᠤ᠎ᠶ᠋ᠢᠨ ᠨᠠᠷᠠᠰᠤᠲᠤ ᠭᠠᠴᠠᠭᠠᠨ᠎ᠤ ᠮᠠᠯᠴᠢᠨ ᠰᠣᠶᠣᠯᠲᠤ ᠢᠮᠠᠭᠠᠨ ᠪᠤᠷᠭᠠᠰᠤ᠎ᠪᠠᠷ ᠡᠯᠡᠰᠦ᠎ᠶ᠋ᠢ ᠵᠠᠰᠠᠭᠠᠳ ᠨᠢᠭᠡᠨᠲᠡ 20 ᠭᠠᠷᠤᠢ ᠵᠢᠯ ᠪᠣᠯᠵᠠᠢ᠃ ᠲᠡᠳᠠᠨᠡᠢᠬᠢᠨ 2800 ᠮᠦ᠍ ᠪᠡᠯᠴᠢᠭᠡᠷ᠎ᠲᠡᠶ᠂ ᠵᠣᠬᠢᠰᠲᠠᠢ ᠮᠠᠯᠵᠢᠬᠤ ᠬᠡᠪᠴᠢᠶ᠎ᠡ᠎ᠪᠡᠨ ᠪᠠᠲᠤᠯᠠᠬᠤ᠎ᠶ᠋ᠢᠨ ᠲᠥᠯᠥᠭᠡ ᠪᠠᠰᠠ ᠵᠡᠷᠭᠡᠯᠡᠳᠡᠭᠡ ᠠᠢᠯ᠎ᠡᠴᠡ᠎ᠪᠠᠨ 8000 ᠭᠠᠷᠤᠢ ᠮᠦ᠍ ᠪᠡᠯᠴᠢᠭᠡᠷ ᠲᠦᠷᠢᠶᠡᠰᠦᠯᠡᠵᠡᠢ᠃ ᠲᠡᠷᠡ ᠡᠯᠡᠰᠦᠷᠭᠡᠭᠵᠢᠵᠤ ᠪᠠᠢᠭ᠎ᠠ ᠭᠠᠵᠠᠷ᠎ᠢ ᠢᠯᠡᠷᠡᠬᠦᠯᠦᠭᠰᠡᠨ ᠲᠠᠷᠤᠢ ᠢᠮᠠᠭᠠᠨ ᠪᠤᠷᠭᠠᠰᠤ᠎ᠪᠡᠨ ᠵᠠᠢᠯᠠᠵᠤ ᠲᠠᠯᠪᠢᠳᠠᠭ᠃ 《ᠲᠠ ᠡᠨᠡ ᠡᠳᠡᠭᠡᠷᠡᠯᠳᠠ ᠵᠢᠨ ᠨᠣᠷᠮ᠎ᠠ ᠵᠢ ᠦᠵᠡ ᠳ᠋ᠠ》᠃ ᠰᠣᠶᠣᠯᠲᠤ ᠨᠢᠬᠡᠨ 3 ᠮᠧᠲ᠋ᠷ ᠥᠨᠳᠥᠷ ᠢᠮᠠᠭᠠᠨ ᠪᠤᠷᠭᠠᠰᠤ ᠵᠢ ᠪᠠᠷᠢᠵᠤ᠄《ᠡᠨᠡ ᠪᠣᠯ ᠴᠥᠮ 10 ᠵᠢᠯ᠎ᠦᠨ ᠡᠮᠦᠨ᠎ᠡ ᠲᠠᠷᠢᠭ᠍ᠰᠠᠨ ᠶᠤᠮ᠂ ᠡᠯᠡᠰᠦ᠎ᠶ᠋ᠢ ᠲᠣᠭ᠍ᠲᠠᠪᠤᠷᠢᠵᠢᠭᠤᠯᠤᠭ᠍ᠰᠠᠨ᠎ᠤ ᠳᠠᠷᠠᠭ᠎ᠠ ᠡᠷᠭᠢᠨ ᠲᠣᠭᠣᠷᠢᠨ᠎ᠳᠤᠨᠢ ᠡᠯ᠎ᠡ ᠵᠦᠢᠯ᠎ᠦᠨ ᠴᠢᠨᠠᠷ ᠰᠠᠢᠲᠠᠶ ᠪᠡᠯᠴᠢᠭᠡᠷ ᠡᠪᠡᠰᠦ ᠤᠷᠭᠤᠬᠰᠠᠨ ᠶᠤᠮ》 ᠭᠡᠪᠠ᠃

《ᠡᠯᠡᠰᠦ᠎ᠶ᠋ᠢ ᠵᠠᠰᠠᠬᠤ᠎ᠳᠤ ᠬᠡᠷᠡᠭ᠌ᠯᠡᠬᠦ᠌ ᠢᠮᠠᠭᠠᠨ ᠪᠤᠷᠭᠠᠰᠤ ᠵᠢᠨ ᠢᠳᠡᠪᠬᠢ ᠴᠢᠨᠠᠷ᠎ᠢ ᠬᠡᠷᠬᠢᠨ ᠪᠠᠲᠤᠯᠠᠬᠤ》 ᠠᠰᠠᠭᠤᠳᠠᠯ᠎ᠳᠤ ᠴᠢᠭ᠌ᠯᠡᠭᠦᠯᠦᠨ᠂ ᠱᠢᠯᠤᠭᠤᠨ ᠬᠥᠬᠡ ᠬᠣᠱᠢᠭᠤᠨ᠎ᠤ ᠣᠶ ᠱᠢᠭᠤᠶ ᠪᠠ ᠨᠤᠲᠤᠭ ᠪᠡᠯᠴᠢᠭᠡᠷ᠎ᠦᠨ ᠲᠣᠪᠴᠢᠶ᠎ᠠ ᠵᠢᠨ ᠳᠡᠳ᠋ ᠳᠠᠷᠤᠭ᠎ᠠ ᠰᠤᠯᠤᠨᠭᠭᠤᠤ᠎ᠠ᠄《ᠪᠢᠳᠡ〈ᠡᠪᠦᠯ ᠬᠠᠳᠠᠭᠠᠯᠠᠵᠤ ᠵᠣᠨ ᠬᠡᠷᠡᠭ᠌ᠯᠡᠬᠦ᠌〉 ᠠᠷᠭ᠎ᠠ᠎ᠶ᠋ᠢ ᠪᠤᠳᠤᠵᠤ ᠣᠯᠵᠠᠶ᠂ ᠬᠠᠪᠤᠷ ᠡᠪᠦᠯ᠎ᠦᠨ ᠭᠤᠤᠷᠰᠤ᠎ᠶ᠋ᠢ ᠲᠡᠭ᠌ᠰᠢᠯᠡᠭ᠌ᠰᠡᠨ ᠢᠮᠠᠭᠠᠨ ᠪᠤᠷᠭᠠᠰᠤ᠎ᠶ᠋ᠢ 60 ᠰᠠᠨᠲ᠋ᠢᠮᠧᠲ᠋ᠷ ᠤᠬᠳᠤᠯᠤᠭᠠᠳ ᠬᠦᠶ᠋ᠲᠡᠨ ᠬᠥᠮᠥᠷᠭᠡ᠎ᠳᠦ ᠣᠷᠣᠭᠤᠯᠵᠤ ᠬᠠᠳᠠᠭᠠᠯᠠᠨ᠎ᠠ᠃ ᠡᠭᠦᠨ᠎ᠤ ᠲᠦᠯᠦᠬᠡ᠂ ᠪᠢᠳᠡ ᠪᠠᠰᠠ ᠲᠤᠯᠤᠨ ᠨᠤᠤᠷ ᠱᠢᠶᠠᠨ ᠪᠣᠯᠤᠨ ᠲᠠᠢᠪᠤᠰᠧ ᠬᠣᠱᠢᠭᠤᠨ᠎ᠤ ᠬᠦᠢᠲᠡᠨ ᠬᠥᠮᠥᠷᠭᠡ᠎ᠶ᠋ᠢ ᠲᠦᠷᠢᠶᠡᠰᠦᠯᠡᠨ ᠬᠡᠷᠡᠭ᠌ᠯᠡᠵᠦ᠍᠂  4 ᠳ᠋ᠦᠩᠱᠢᠭᠤᠷ ᠰᠠᠭᠤᠷᠢ ᠢᠮᠠᠭᠠᠨ ᠪᠤᠷᠭᠠᠰᠤ ᠵᠢ ᠬᠠᠳᠠᠭᠠᠯᠠᠵᠤ᠂ ᠪᠦᠬᠦ᠌ ᠬᠣᠱᠢᠭᠤᠨ᠎ᠤ ᠡᠯᠡᠰᠦ᠎ᠶ᠋ᠢ ᠵᠠᠰᠠᠬᠤ ᠬᠡᠷᠡᠭ᠌ᠴᠡᠭᠡ᠎ᠶ᠋ᠢ ᠬᠠᠩᠭᠠᠭ᠍ᠰᠠᠨ᠎ᠢᠶᠠᠷ ᠪᠠᠷᠠᠬᠤ ᠦᠭᠡᠢ᠂ ᠪᠠᠰᠠ ᠭᠠᠳᠠᠭ᠍ᠰᠢ ᠪᠠᠨ 1 ᠳ᠋ᠦᠩᠱᠢᠭᠤᠷ ᠭᠠᠷᠤᠶ ᠰᠠᠭᠤᠷᠢ ᠵᠢ ᠰᠠᠯᠭᠠᠨ ᠦᠭᠴᠠᠢ》 ᠭᠡᠵᠤ ᠨᠢᠭᠤᠴᠠ ᠵᠤᠷ ᠵᠢᠡᠨ ᠲᠠᠯᠭᠡᠯ᠎ᠠ᠃

ᠱᠢᠯᠤᠭᠤᠨ ᠬᠥᠬᠡ ᠬᠣᠱᠢᠭᠤᠨ᠎ᠤ 《ᠢᠮᠠᠭᠠᠨ ᠪᠤᠷᠭᠠᠰᠤ + ᠬᠣᠯᠢᠵᠤ ᠳᠠᠷᠢᠬᠤ》 ᠵᠠᠭ᠍ᠪᠤᠷ ᠨᠢ ᠳᠤᠮᠳᠠᠳᠤ ᠤᠯᠤᠰ᠎ᠤᠨ ᠲᠠᠷᠢᠶᠠᠯᠠᠩ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠨᠤᠲᠤᠭ ᠪᠡᠯᠴᠢᠭᠡᠷ ᠰᠤᠳᠤᠯᠬᠤ ᠭᠠᠵᠠᠷ᠎ᠤᠨ ᠨᠤᠲᠤᠭ ᠪᠡᠯᠴᠢᠭᠡᠷ᠎ᠦᠨ ᠠᠮᠢ ᠠᠬᠤᠶ᠎ᠶ᠋ᠢᠨ ᠬᠠᠮᠠᠭᠠᠯᠠᠯᠲᠠ ᠬᠢᠭᠡᠳ ᠰᠡᠷᠭᠦᠭᠡᠨ ᠠᠱᠢᠭ᠍ᠯᠠᠬᠤ ᠰᠤᠳᠤᠯᠭᠠᠨ᠎ᠤ ᠲᠥᠪ᠎ᠦᠨ ᠡᠷᠬᠢᠯᠡᠭ᠌ᠴᠢ ᠳ᠋ᠢᠩ ᠶᠦᠩ᠎ᠤᠨ ᠥᠨᠳᠥᠷ ᠦᠨᠡᠯᠡᠯᠲᠡ᠎ᠶ᠋ᠢ ᠤᠯᠪᠠ᠃ 《ᠡᠢᠮᠦᠷᠬᠦᠦ ᠪᠤᠲᠠ ᠮᠤᠳᠤ ᠪᠠ ᠡᠪᠡᠰᠦ᠎ᠶ᠋ᠢ ᠤᠶᠠᠯᠳᠤᠭᠤᠯᠬᠤ ᠠᠷᠭ᠎ᠠ ᠬᠡᠯᠪᠡᠷᠢ᠎ᠨᠢ ᠣᠯᠠᠨ ᠨᠠᠰᠤᠲᠤ ᠲᠡᠵᠢᠭᠡᠯ ᠡᠪᠡᠰᠦ ᠪᠣᠯᠤᠨ ᠢᠮᠠᠭᠠᠨ ᠪᠤᠷᠭᠠᠰᠤ᠎ᠶ᠋ᠢᠨ ᠲᠦᠷᠭᠡᠨ ᠤᠷᠭᠤᠯᠲᠠ᠎ᠶ᠋ᠢ ᠬᠠᠷᠢᠯᠴᠠᠨ ᠨᠥᠬᠥᠪᠥᠷᠢᠯᠡᠬᠦ᠎ᠵᠢ ᠪᠡᠶᠡᠯᠡᠭᠦᠯᠵᠦ᠂ ᠡᠯᠡᠰᠦ᠎ᠶ᠋ᠢ ᠲᠣᠭ᠍ᠲᠠᠪᠤᠷᠢᠵᠢᠭᠤᠯᠬᠤ ᠦᠷ᠎ᠡ ᠪᠦᠲᠦᠮᠵᠢ ᠢᠯᠡᠳᠲᠡ ᠪᠣᠯᠵᠠᠶ》᠃ ᠳ᠋ᠢᠩ ᠶᠦᠩ᠂ 《ᠡᠭᠦᠨ᠎ᠦ ᠬᠠᠮᠲᠤ ᠬᠦᠮᠦᠨ᠎ᠤ ᠬᠦᠴᠤ ᠪᠡᠷ ᠪᠠᠢᠭᠤᠯᠤᠬᠰᠠᠨ ᠠᠮᠢ ᠠᠬᠤᠶ᠎ᠶ᠋ᠢᠨ ᠱᠢᠰᠲ᠋ᠧᠮ᠎ᠦᠨ ᠬᠢᠨᠠᠨ ᠬᠡᠮᠵᠢᠯᠲᠡ᠎ᠶ᠋ᠢ ᠴᠢᠩᠭᠠᠳᠭᠠᠵᠤ᠂ ᠣᠷᠴᠢᠨ ᠲᠤᠭᠤᠷᠢᠨ᠎ᠤ ᠰᠠᠢᠵᠢᠷᠠᠯᠲᠠ᠎ᠶ᠋ᠢ ᠳᠠᠭᠠᠯᠳᠤᠨ᠂ ᠲᠡᠭᠦᠨ᠎ᠢ ᠬᠥᠲᠥᠯᠦᠨ ᠵᠢᠯᠣᠭᠣᠳᠴᠤ᠌  ᠪᠠᠢᠭᠠᠯᠢ᠎ᠶ᠋ᠢᠨ ᠠᠮᠢ ᠠᠬᠤᠶ᠎ᠶ᠋ᠢᠨ ᠱᠢᠰᠲ᠋ᠧᠮ ᠲᠡᠢᠰᠢ ᠤᠯᠠᠷᠢᠭᠤᠯᠤᠨ ᠬᠤᠪᠢᠷᠠᠭᠤᠯᠵᠤ᠂ ᠡᠴᠦᠰ᠎ᠲᠡᠬᠡᠨ ᠤᠷᠭᠤᠮᠠᠯ᠎ᠤᠨ ᠬᠤᠴᠢᠯᠭ᠎ᠠ᠎ᠶ᠋ᠢᠨ ᠤᠰᠤᠨ᠎ᠤ ᠲᠡᠩᠴᠡᠭᠦᠷᠢ᠎ᠶ᠋ᠢ ᠪᠡᠶᠡᠯᠡᠭᠦᠯᠵᠦ᠍᠂ ᠲᠣᠭ᠍ᠲᠠᠪᠤᠷᠢᠲᠠᠶ᠂ ᠥᠨᠳᠥᠷ ᠪᠦᠲᠦᠮᠵᠢᠲᠡᠶ᠂ ᠦᠷᠭᠦᠯᠵᠢᠯᠡᠬᠦ᠌ ᠠᠮᠢ ᠠᠬᠤᠶ᠎ᠶ᠋ᠢᠨ ᠱᠢᠰᠲ᠋ᠧᠮ᠎ᠢ ᠪᠠᠢᠭᠤᠯᠬᠤ ᠬᠡᠷᠡᠭ᠌ᠲᠡᠶ》 ᠭᠡᠵᠦ ᠢᠯᠡᠳᠭᠡᠪᠡ᠃


[ᠰᠤᠷᠪᠤᠯᠵᠢᠯᠠᠭ᠍ᠴᠢ᠎ᠶ᠋ᠢᠨ ᠡᠪᠦᠷ ᠲᠡᠮᠳᠡᠭ᠌ᠯᠡᠯ]

ᠨᠠᠷᠠ ᠪᠠᠷᠠᠭᠤᠨᠰᠢ ᠪᠠᠨ ᠲᠠᠱᠢᠬᠤ᠎ᠪᠡᠷ ᠠᠯᠳᠠᠨ ᠱᠢᠷᠭᠠᠯ ᠨᠡᠷᠡᠨ᠎ᠦ ᠭᠡᠷᠡᠯ ᠬᠤᠯᠠᠨ ᠱᠢᠷᠭ᠎ᠠ ᠲᠠᠭ᠎ᠠ᠎ᠶ᠋ᠢᠨ ᠡᠯᠡᠰᠦᠨ ᠳᠡᠭᠡᠷ᠎ᠡ ᠲᠤᠰᠤᠨ᠎ᠠ᠃ ᠥᠩᠭᠡᠷᠡᠭ᠌ᠰᠡᠨ᠎ᠦ ᠨᠡᠭᠦᠳᠡᠯ ᠮᠠᠩᠬ᠎ᠠ ᠡᠯᠡᠰᠦᠨ ᠲᠤᠪᠤᠷᠴᠠᠭ᠂ ᠦᠨᠦᠳᠦᠷ ᠲᠡᠷᠢ ᠲᠡᠭ᠌ᠰᠢ ᠵᠢᠬᠰᠠᠵᠤ ᠤᠷᠭᠤᠬᠰᠠᠨ ᠢᠮᠠᠭᠠᠨ ᠪᠤᠷᠭᠠᠰᠤ᠎ᠶ᠋ᠢᠨ《ᠲᠤᠤᠷ》 ᠲᠸ᠋ ᠬᠦᠳᠡᠯᠬᠦ ᠵᠢᠨ ᠠᠷᠭ᠎ᠠ ᠦᠬᠡᠢ ᠪᠤᠯᠳᠠᠯ᠎ᠠ ᠳᠤᠤᠷᠯᠠᠭᠳᠠᠵᠤ᠂ ᠡᠨᠡ ᠲᠤᠤᠷ᠎ᠲᠤ᠂ ᠬᠢᠶᠠᠭ ᠡᠪᠡᠰᠦ᠂ ᠶᠦᠷᠬᠦᠭ᠂ ᠮᠤᠷᠢᠨ ᠬᠤᠨᠴᠢᠷ ᠴᠤ᠌ ᠡᠨᠳᠡ ᠲᠡᠨᠳᠡ ᠦᠬᠡᠢ ᠨᠠᠬᠢᠶᠠᠯᠠᠨ ᠴᠤᠬᠤᠢᠵᠤ ᠪᠣᠶ᠃ ᠨᠢᠭᠡ ᠢᠮᠠᠭᠠᠨ ᠪᠤᠷᠭᠠᠰᠤ᠎ᠡᠴᠡ ᠨᠢᠭᠡ ᠬᠡᠰᠡᠭ ᠪᠣᠳᠠ ᠮᠤᠳᠤ ᠬᠦᠷᠲᠡᠯ᠎ᠡ᠂ ᠨᠢᠭᠡ ᠠᠳᠬᠤ ᠡᠪᠡᠰᠦᠨ ᠦᠷ᠎ᠡ᠎ᠡᠴᠡ ᠲᠦᠮᠡᠨ ᠮᠥ᠍ ᠪᠡᠯᠴᠢᠭᠡᠷ ᠪᠤᠯᠵᠤ ᠬᠦᠬᠡᠷᠡᠭᠰᠡᠨ ᠬᠦᠷᠲᠡᠯ᠎ᠡ᠂ ᠱᠢᠯᠤᠭᠤᠨ ᠬᠥᠬᠡ ᠬᠣᠱᠢᠭᠤᠨ᠎ᠤ ᠬᠥᠮᠦᠰ ᠬᠠᠮᠤᠭ᠎ᠤᠨ ᠲᠣᠬᠢᠷᠠᠮᠵᠢᠲᠠᠶ ᠠᠷᠭ᠎ᠠ᠎ᠪᠠᠷ ᠲᠡᠳᠡᠨ᠎ᠢ ᠥᠰᠭᠡᠨ ᠪᠣᠢᠵᠢᠭᠤᠯᠵᠤ ᠪᠠᠢᠭ᠎ᠠ ᠡᠨᠡ ᠬᠡᠰᠡᠭ ᠭᠠᠵᠠᠷ ᠨᠤᠲᠤᠭ᠎ᠢᠶᠡᠨ ᠰᠡᠯᠪᠢᠨ ᠵᠠᠰᠠᠵᠤ ᠪᠤᠢ᠃ ᠶᠠᠭ ᠳ᠋ᠢᠩ ᠶᠦᠩ᠎ᠤᠨ ᠬᠡᠯᠡᠭ᠌ᠰᠡᠨᠴᠢᠯᠡᠨ᠂ ᠡᠯᠡᠰᠦ᠎ᠵᠢ ᠵᠠᠰᠠᠬᠤ ᠨᠢ ᠡᠷᠬᠡᠰᠢᠶᠡᠯ᠎ᠳᠡᠭᠡᠨ ᠤᠷᠤᠭᠤᠯᠬᠤ ᠶᠠᠪᠤᠳᠠᠯ ᠪᠢᠰᠢ᠂ ᠬᠠᠷᠢᠨ ᠡᠯᠡᠰᠦ ᠮᠠᠩᠬ᠎ᠠ᠎ᠶ᠋ᠢ《ᠨᠠᠮ ᠵᠢᠮ》ᠪᠣᠯᠭᠠᠬᠤ ᠶᠠᠪᠤᠳᠠᠯ ᠪᠣᠯᠤᠨ᠎ᠠ᠃ ᠡᠨᠡ ᠬᠦ᠌ ᠥᠷᠭᠡᠨ ᠠᠭᠤᠳᠠᠮ ᠡᠯᠡᠰᠦᠨ ᠴᠦᠯ᠎ᠳᠦ᠂ ᠮᠢᠩᠭᠠᠨ ᠲᠦᠮᠡᠨ ᠮᠦ᠍ ᠵᠢᠨ ᠨᠤᠮᠢᠨ ᠨᠣᠭᠣᠭᠠᠨ᠎ᠤ ᠬᠦᠰᠡᠯ ᠬᠦᠪᠦᠷᠡᠵᠤ ᠶᠠᠭ ᠡᠨᠡ ᠬᠦ᠌ ᠪᠠᠲᠤ ᠪᠡᠬᠢ ᠰᠦᠯᠵᠢᠭᠰᠡᠨ ᠲᠣᠣᠷ᠎ᠤᠨ ᠲᠤᠳᠤᠷ᠎ᠠ ᠢᠳᠡᠷᠡᠭᠦᠨ᠎ᠢᠶᠡᠷ ᠦᠰᠦᠨ ᠪᠣᠢᠵᠢᠵᠤ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号