ᠤᠯᠠᠨ ᠶᠡᠭᠡ ᠲᠡᠭᠡᠳᠦ ᠰᠤᠷᠭᠠᠭᠤᠯᠢ ᠰᠤᠷᠤᠭᠴᠢ ᠦᠷᠭᠡᠳᠭᠡᠨ ᠡᠯᠰᠡᠬᠦ ᠪᠡᠷ ᠪᠤᠢ
2026-06-16 15:05:54
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠣᠢᠷ᠎ᠠ᠎ᠳᠤ᠂ ᠱᠠᠩᠬᠠᠢ᠎ᠶᠢᠨ ᠵᠠᠮ ᠬᠠᠷᠢᠯᠴᠠᠭᠠᠨ᠎ᠤ ᠶᠡᠬᠡ ᠰᠤᠷᠭᠠᠭᠤᠯᠢ᠂ ᠪᠡᠭᠡᠵᠢᠩ᠎ᠦᠨ ᠠᠭᠠᠷ᠎ᠤᠨ ᠠᠶᠠᠯᠠᠯ ᠰᠠᠨᠰᠠᠷ᠎ᠤᠨ ᠠᠶᠠᠯᠠᠯ᠎ᠤᠨ ᠶᠡᠬᠡ ᠰᠤᠷᠭᠠᠭᠤᠯᠢ᠂ ᠨᠠᠨᠵᠢᠩ ᠶᠡᠬᠡ ᠰᠤᠷᠭᠠᠭᠤᠯᠢ᠂ ᠳᠤᠮᠳᠠᠳᠤ ᠤᠯᠤᠰ᠎ᠤᠨ ᠲᠠᠷᠢᠶᠠᠯᠠᠩ᠎ᠤᠨ ᠶᠡᠬᠡ ᠰᠤᠷᠭᠠᠭᠤᠯᠢ᠂ ᠲᠥᠪ᠎ᠦᠨ ᠡᠳ᠋᠎ᠦᠨ ᠵᠠᠰᠠᠭ ᠠᠵᠤ ᠠᠬᠤᠢ᠎ᠶᠢᠨ ᠶᠡᠬᠡ ᠰᠤᠷᠭᠠᠭᠤᠯᠢ᠂ ᠨᠠᠨᠺᠠᠢ ᠶᠡᠬᠡ ᠰᠤᠷᠭᠠᠭᠤᠯᠢ᠂ ᠵᠥᠩᠱᠠᠨ ᠶᠡᠬᠡ ᠰᠤᠷᠭᠠᠭᠤᠯᠢ᠂ ᠱᠠᠨᠳᠦ᠋ᠩ ᠶᠡᠬᠡ ᠰᠤᠷᠭᠠᠭᠤᠯᠢ ᠵᠡᠷᠭᠡ 《ᠬᠣᠣᠰ ᠲᠡᠷᠢᠭᠦᠨ ᠵᠡᠷᠭᠡ》 ᠵᠢᠨ ᠣᠯᠠᠨ ᠶᠡᠬᠡ ᠳᠡᠭᠡᠳᠦ ᠰᠤᠷᠭᠠᠭᠤᠯᠢ ᠵᠢᠩᠬᠢᠨᠢ ᠠᠩᠭᠢ᠎ᠶᠢᠨ ᠰᠣᠷᠣᠭ᠍ᠴᠢ ᠥᠷᠭᠡᠳᠬᠡᠨ ᠡᠯᠰᠡᠬᠦ ᠲᠥᠯᠥᠪᠯᠡᠭᠡ᠎ᠪᠡᠨ  ᠨᠡᠢᠲᠡᠯᠡᠵᠡᠢ᠃

ᠱᠠᠩᠬᠠᠢ᠎ᠶᠢᠨ ᠵᠠᠮ ᠬᠠᠷᠢᠯᠴᠠᠭᠠᠨ᠎ᠤ ᠶᠡᠬᠡ ᠰᠤᠷᠭᠠᠭᠤᠯᠢ

ᠡᠨᠡ ᠵᠢᠯ᠎ᠦᠨ ᠵᠢᠩᠬᠢᠨᠢ ᠠᠩᠭᠢ᠎ᠶᠢᠨ ᠰᠣᠷᠣᠭ᠍ᠴᠢ ᠡᠯᠰᠡᠬᠦ ᠲᠥᠯᠥᠪᠯᠡᠭᠡ ᠶᠡᠬᠡ᠎ᠪᠡᠷ ᠨᠡᠮᠡᠭᠳᠡᠭᠰᠡᠨ ᠪᠥᠭᠡᠳ ᠰᠡᠳᠬᠢᠴᠡ ᠵᠦᠢ᠂ ᠮᠠᠰᠢᠨ ᠬᠥᠮᠥᠨ᠎ᠦ ᠢᠨᠵᠧᠨᠧᠷᠢᠩ᠂ ᠳ᠋ᠠᠢᠲ᠋ᠠ ᠵᠢᠨ ᠰᠢᠨᠵᠢᠯᠡᠬᠦ ᠤᠬᠠᠭᠠᠨ ᠪᠠ ᠲᠤᠮᠤ ᠳ᠋ᠠᠢᠲ᠋ᠠ᠎ᠶᠢᠨ ᠮᠡᠷᠭᠡᠵᠢᠯ ᠵᠡᠷᠭᠡ 5 ᠲᠤᠰᠬᠠᠢ ᠮᠡᠷᠭᠡᠵᠢᠯ᠎ᠳᠡᠭᠡᠨ ᠡᠨᠡ ᠵᠢᠯ᠎ᠡᠴᠡ ᠰᠣᠷᠣᠭ᠍ᠴᠢ ᠡᠯᠰᠡᠬᠦ ᠪᠣᠯᠣᠨ᠎ᠠ᠃

ᠪᠡᠭᠡᠵᠢᠩ᠎ᠦᠨ ᠠᠭᠠᠷ᠎ᠤᠨ ᠠᠶᠠᠯᠠᠯ ᠰᠠᠨᠰᠠᠷ᠎ᠤᠨ ᠠᠶᠠᠯᠠᠯ᠎ᠤᠨ ᠶᠡᠬᠡ ᠰᠤᠷᠭᠠᠭᠤᠯᠢ

ᠡᠨᠡ ᠵᠢᠯ᠎ᠦᠨ ᠰᠣᠷᠣᠭ᠍ᠴᠢ ᠡᠯᠰᠡᠬᠦ ᠶᠡᠷᠦᠩᠬᠡᠢ ᠬᠡᠮᠵᠢᠶ᠎ᠡ ᠪᠠᠨ ᠳᠡᠭᠡᠭᠰᠢᠯᠡᠬᠦ᠎ᠶᠢᠨ ᠬᠠᠮᠲᠤ ᠡᠨᠡ ᠵᠢᠯ᠎ᠤᠨ ᠰᠠᠭᠤᠷᠢ ᠵᠢ ᠪᠡᠬᠢᠵᠢᠭᠦᠯᠬᠦ ᠲᠥᠯᠥᠪᠯᠡᠭᠡ᠎ᠳᠦ 30 ᠬᠥᠮᠥᠨ ᠨᠡᠮᠡᠵᠦ ᠡᠯᠰᠡᠬᠦ ᠮᠦᠷᠲᠡᠭᠡᠨ 《ᠨᠢᠰᠦᠭᠦᠷ ᠤ᠋ᠨ ᠠᠶᠠᠯᠠᠯ᠎ᠳᠤ ᠵᠣᠬᠢᠴᠠᠬᠤ ᠮᠡᠷᠭᠡᠵᠢᠯ》 ᠬᠡᠭᠦ ᠲᠤᠰᠬᠠᠢ ᠮᠡᠷᠭᠡᠵᠢᠯ᠎ᠢ ᠰᠢᠨ᠎ᠡ᠎ᠪᠡᠷ ᠨᠡᠮᠡᠪᠡ᠃

ᠨᠠᠨᠵᠢᠩ ᠶᠡᠬᠡ ᠰᠤᠷᠭᠠᠭᠤᠯᠢ

ᠡᠨᠡ ᠵᠢᠯ ᠵᠢᠩᠬᠢᠨᠢ ᠠᠩᠭᠢ᠎ᠳᠠᠭᠠᠨ 300 ᠬᠥᠮᠥᠨ ᠥᠷᠭᠡᠳᠬᠡᠨ ᠡᠯᠰᠡᠨ᠎ᠠ᠃ ᠡᠨᠡ ᠵᠢᠯ᠂ ᠢᠷᠡᠭᠡᠳᠦᠢ ᠵᠢᠨ ᠮᠡᠷᠭᠡᠵᠢᠯ᠎ᠦᠨ ᠳᠡᠭᠡᠳᠦ ᠰᠤᠷᠭᠠᠭᠤᠯᠢ᠎ᠨᠢ ᠡᠬᠢᠯᠡᠵᠦ ᠰᠣᠷᠣᠭ᠍ᠴᠢ ᠡᠯᠰᠡᠨ᠎ᠡ᠃

ᠲᠥᠪ᠎ᠦᠨ ᠡᠳ᠋᠎ᠦᠨ ᠵᠠᠰᠠᠭ ᠠᠵᠤ ᠠᠬᠤᠢ᠎ᠶᠢᠨ ᠶᠡᠬᠡ ᠰᠤᠷᠭᠠᠭᠤᠯᠢ

2026  ᠤᠨ ᠳ᠋ᠦ ᠵᠢᠩᠬᠢᠨᠢ ᠠᠩᠬᠢ ᠳ᠋ᠦ ᠡᠯᠰᠡᠭᠦ ᠰᠤᠷᠤᠬᠴᠢ ᠵᠢᠨ ᠶᠡᠷᠦᠩᠬᠡᠢ ᠬᠡᠪᠴᠢᠢ᠎ᠠ  ᠵᠢ  2730 ᠬᠦᠮᠦᠨ ᠤᠷᠴᠢᠮ ᠬᠢᠵᠠᠭᠠᠷᠯᠠᠵᠤ᠂ ᠡᠨᠡ ᠵᠢᠯ 100 ᠬᠥᠮᠥᠨ ᠥᠷᠭᠡᠳᠬᠡᠨ ᠡᠯᠰᠡᠨ᠎ᠡ᠃

ᠳᠤᠮᠳᠠᠳᠤ ᠤᠯᠤᠰ᠎ᠤᠨ ᠲᠠᠷᠢᠶᠠᠯᠠᠩ᠎ᠤᠨ ᠶᠡᠬᠡ ᠰᠤᠷᠭᠠᠭᠤᠯᠢ

2025 ᠣᠨ᠎ᠤ 500 ᠬᠥᠮᠥᠨ ᠥᠷᠭᠡᠳᠬᠡᠨ ᠡᠯᠰᠡᠬᠦ ᠲᠦᠯᠦᠪᠯᠡᠭᠡ ᠵᠢᠨ ᠰᠠᠭᠤᠷᠢᠨ ᠳᠡᠭᠡᠷ᠎ᠡ᠂ ᠡᠨᠡ ᠵᠢᠯ ᠦᠷᠭᠦᠯᠵᠢᠯᠡᠨ 100 ᠬᠥᠮᠥᠨ᠎ᠡᠴᠡ ᠳᠡᠭᠡᠭᠰᠢ ᠥᠷᠭᠡᠳᠬᠡᠨ ᠡᠯᠰᠡᠬᠦ᠎ᠪᠡᠷ ᠲᠥᠯᠥᠪᠯᠡᠵᠦ ᠪᠣᠶ᠃

ᠳᠤᠮᠳᠠᠳᠤ ᠤᠯᠤᠰ᠎ᠤᠨ ᠴᠢᠯᠠᠭᠤᠨ ᠲᠣᠰᠣᠨ᠎ᠤ ᠶᠡᠬᠡ ᠰᠤᠷᠭᠠᠭᠤᠯᠢ

ᠡᠨᠡ ᠵᠢᠯ ᠳᠤᠮᠳᠠᠳᠤ ᠤᠯᠤᠰ᠎ᠤᠨ ᠴᠢᠯᠠᠭᠤᠨ ᠲᠣᠰᠣᠨ᠎ᠤ ᠶᠡᠬᠡ ᠰᠤᠷᠭᠠᠭᠤᠯᠢ(ᠪᠡᠭᠡᠵᠢᠩ)ᠪᠠ ᠺᠠᠷᠠᠮᠠᠢ ᠵᠢᠨ ᠰᠤᠷᠭᠠᠭᠤᠯᠢ᠎ᠶᠢᠨ ᠲᠣᠭᠣᠷᠢᠭ᠋᠎ᠲᠦ ᠲᠣᠰ ᠲᠣᠰ 120 ᠬᠥᠮᠥᠨ᠂ 140 ᠬᠥᠮᠥᠨ ᠦᠷᠭᠡᠳᠭᠡᠨ ᠡᠯᠰᠡᠨ᠎ᠠ᠃

ᠨᠠᠨᠺᠠᠢ ᠶᠡᠬᠡ ᠰᠤᠷᠭᠠᠭᠤᠯᠢ

ᠡᠨᠡ ᠵᠢᠯ 4325 ᠵᠢᠩᠬᠢᠨᠢ ᠠᠩᠭᠢ᠎ᠶᠢᠨ ᠰᠣᠷᠣᠭ᠍ᠴᠢ ᠡᠯᠰᠡᠬᠦ᠎ᠪᠡᠷ ᠲᠥᠯᠥᠪᠯᠡᠵᠦ ᠪᠠᠢᠨ᠎ᠠ ᠂ ᠡᠨᠡ ᠨᠢ ᠨᠢᠳᠤᠨᠤᠨ ᠡᠴᠡ 100 ᠬᠥᠮᠥᠨ ᠨᠡᠮᠡᠭᠳᠡᠵᠡᠢ᠃

ᠪᠡᠭᠡᠵᠢᠩ᠎ᠦᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠶᠡᠬᠡ ᠰᠤᠷᠭᠠᠭᠤᠯᠢ

ᠰᠢᠨ᠎ᠡ ᠮᠠᠲᠧᠷᠢᠶᠠᠯ᠂ ᠬᠤᠷᠠᠮᠠᠯ ᠴᠠᠬᠢᠯᠭᠠᠨ ᠬᠡᠯᠬᠢᠶ᠎ᠡ᠂ ᠺᠣᠮᠫᠢᠦ᠋ᠲᠧᠷ᠂ ᠵᠣᠬᠢᠶᠠᠮᠠᠯ ᠣᠶᠤᠨ ᠴᠢᠳᠠᠪᠤᠷᠢ ᠵᠡᠷᠭᠡ ᠰᠢᠨ᠎ᠡ ᠲᠤᠰᠬᠠᠢ ᠮᠡᠷᠭᠡᠵᠢᠯ᠎ᠳᠡᠭᠡᠨ 90 ᠬᠥᠮᠥᠨ ᠦᠷᠭᠡᠳᠭᠡᠨ ᠡᠯᠰᠡᠨ᠎ᠡ᠃

ᠪᠡᠭᠡᠵᠢᠩ᠎ᠦᠨ ᠰᠢᠤᠳᠠᠨ ᠬᠣᠯᠪᠣᠭᠠᠨ᠎ᠤ ᠶᠡᠬᠡ ᠰᠤᠷᠭᠠᠭᠤᠯᠢ

180 ᠬᠥᠮᠥᠨ ᠦᠷᠭᠡᠳᠭᠡᠨ ᠡᠯᠰᠡᠨ᠎ᠡ᠃  ᠵᠢᠩᠬᠢᠨᠢ ᠠᠩᠬᠢ ᠳ᠋ᠠᠭᠠᠨ 4300 ᠬᠦᠮᠦᠨ ᠡᠯᠰᠡᠭᠦ ᠪᠡᠷ ᠲᠦᠯᠦᠪᠯᠡᠵᠤ ᠪᠤᠢ᠃

ᠲᠦᠩ ᠵᠢᠢ ᠶᠡᠬᠡ ᠰᠤᠷᠭᠠᠭᠤᠯᠢ

100 ᠬᠥᠮᠥᠨ ᠥᠷᠭᠡᠳᠬᠡᠨ ᠡᠯᠰᠡᠨ᠎ᠡ᠂ 《ᠢᠷᠡᠭᠡᠳᠦᠢ᠎ᠶᠢᠨ ᠮᠠᠰᠢᠨ ᠬᠥᠮᠥᠨ》᠂ 《ᠢᠨᠵᠧᠨᠧᠷᠢᠩ᠎ᠦᠨ ᠢᠨᠲᠧᠷ ᠰᠦᠯᠵᠢᠶ᠎ᠡ》 ᠭᠡᠬᠦ ᠬᠣᠶᠠᠷ ᠶᠡᠬᠡ ᠰᠣᠯᠪᠢᠴᠠᠯ ᠲᠤᠰᠬᠠᠢ ᠮᠡᠷᠭᠡᠵᠢᠯ᠎ᠢ ᠰᠢᠨ᠎ᠡ᠎ᠪᠡᠷ ᠨᠡᠮᠡᠵᠡᠢ᠃

ᠬᠤᠸᠠᠳᠦ᠋ᠩ᠎ᠦᠨ ᠪᠠᠭ᠍ᠰᠢ᠎ᠶᠢᠨ ᠶᠡᠬᠡ ᠰᠤᠷᠭᠠᠭᠤᠯᠢ

ᠲᠥᠰᠥᠪᠯᠡᠨ ᠪᠤᠳᠤᠬᠤ ᠬᠡᠯᠡᠨ᠎ᠦ ᠰᠢᠨᠵᠢᠯᠡᠯ᠂ ᠲᠣᠮᠣ᠌ ᠳ᠋ᠠᠢᠲ᠋ᠠ᠎ᠶᠢᠨ ᠬᠠᠮᠢᠶᠠᠷᠤᠯᠲᠠ ᠪᠠ ᠬᠡᠷᠡᠭᠯᠡᠭᠡ᠂ ᠵᠣᠬᠢᠶᠠᠮᠠᠯ ᠣᠶᠤᠨ ᠴᠢᠳᠠᠪᠤᠷᠢ᠂ ᠨᠢᠭᠤᠴᠠ ᠲᠡᠮᠳᠡᠭ᠎ᠦᠨ ᠰᠢᠨᠵᠢᠯᠡᠬᠦ ᠤᠬᠠᠭᠠᠨ ᠪᠠ ᠮᠡᠷᠭᠡᠵᠢᠯ᠂ ᠡᠮ᠎ᠦᠨ ᠤᠬᠠᠭᠠᠨ᠂ ᠠᠯᠤᠰ ᠰᠡᠷᠡᠯ᠎ᠦᠨ ᠰᠢᠨᠵᠢᠯᠡᠬᠦ ᠤᠬᠠᠭᠠᠨ ᠪᠠ ᠮᠡᠷᠭᠡᠵᠢᠯ ᠵᠡᠷᠭᠡ 6 ᠰᠢᠨ᠎ᠡ ᠲᠤᠰᠬᠠᠢ ᠮᠡᠷᠭᠡᠵᠢᠯ᠎ᠳᠡᠭᠡᠨ ᠰᠤᠷᠤᠭᠴᠢ ᠦᠷᠭᠡᠳᠭᠡᠨ ᠡᠯᠰᠡᠨ᠎ᠡ᠃

ᠰᠢ ᠠᠨ᠎ᠤ ᠵᠠᠮ ᠬᠠᠷᠢᠯᠴᠠᠭᠠᠨ᠎ᠤ ᠶᠡᠬᠡ ᠰᠤᠷᠭᠠᠭᠤᠯᠢ

ᠡᠨᠡ ᠵᠢᠯ ᠨᠢᠳᠤᠨᠤᠨ᠎ᠤ ᠬᠢ᠎ᠡᠴᠡ 360 ᠬᠥᠮᠥᠨ ᠨᠡᠮᠡᠵᠦ ᠡᠯᠰᠡᠨ᠎ᠡ᠂ ᠭᠣᠣᠯᠳᠠᠭᠤ ᠣᠶᠤᠨᠲᠤ ᠦᠢᠯᠡᠳᠬᠦ ᠦᠢᠯᠡᠰ᠂ ᠡᠨᠧᠷᠭᠢ᠂ ᠨᠥᠭᠡᠴᠡ᠂ ᠴᠠᠬᠢᠯᠭᠠᠨ ᠵᠡᠷᠭᠡ ᠤᠯᠤᠰ᠎ᠤᠨ ᠪᠠᠴᠢᠮ ᠬᠡᠷᠡᠭᠰᠡᠬᠦ ᠬᠦᠷᠢᠶᠡᠨ᠎ᠳᠦ ᠲᠥᠪᠯᠡᠷᠡᠵᠡᠢ᠃ ᠲᠤᠰ ᠰᠤᠷᠭᠠᠭᠤᠯᠢ᠎ᠶᠢᠨ ᠴᠢᠶᠠᠨ ᠰᠢᠤᠸᠠᠢ ᠰᠧᠨ ᠠᠩᠭᠢ᠂ ᠰᠠᠭᠤᠷᠢ ᠵᠢ ᠪᠡᠬᠢᠵᠢᠭᠦᠯᠬᠦ ᠲᠥᠯᠥᠪᠯᠡᠭᠡ᠂ ᠤᠯᠤᠰ᠎ᠤᠨ ᠰᠢᠯᠭᠠᠷᠠᠭᠰᠠᠨ ᠠᠩᠭᠢ᠂ ᠰᠢᠯᠢᠳᠡᠭ ᠠᠩᠭᠢ ᠵᠡᠷᠭᠡ ᠣᠷᠣᠢᠯᠠᠭᠰᠠᠨ ᠴᠢᠳᠠᠪᠤᠷᠢᠲᠠᠨ᠎ᠢ ᠬᠥᠮᠥᠵᠢᠭᠦᠯᠬᠦ ᠠᠩᠭᠢ᠎ᠶᠢᠨ ᠰᠤᠷᠤᠭ᠍ᠴᠢ ᠡᠯᠰᠡᠬᠦ ᠬᠡᠪᠴᠢᠶ᠎ᠡ ᠨᠢ ᠪᠦᠷ ᠥᠷᠭᠡᠳᠬᠦ ᠪᠣᠯᠣᠨ᠎ᠠ᠃

ᠰᠢ ᠠᠨ᠎ᠤ ᠡᠯᠧᠺᠲᠷᠣᠨ᠎ᠤ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠶᠡᠬᠡ ᠰᠤᠷᠭᠠᠭᠤᠯᠢ

ᠡᠨᠡ ᠵᠢᠯ ᠨᠢᠳᠤᠨᠤᠨ᠎ᠤ ᠦᠷᠭᠡᠳᠭᠡᠨ ᠡᠯᠰᠡᠬᠦ ᠲᠦᠯᠦᠪᠯᠡᠭᠡ ᠵᠢᠨ ᠰᠠᠭᠤᠷᠢᠨ ᠳᠡᠭᠡᠷ᠎ᠡ ᠦᠷᠭᠦᠯᠵᠢᠯᠡᠨ 400 ᠬᠥᠮᠥᠨ ᠥᠷᠭᠡᠳᠬᠡᠨ ᠡᠯᠰᠡᠵᠦ᠂ ᠭᠣᠣᠯᠳᠠᠭᠤ ᠤᠯᠤᠰ᠎ᠤᠨ ᠪᠠᠴᠢᠮ ᠬᠡᠷᠡᠭᠰᠡᠬᠦ ᠴᠢᠳᠠᠪᠤᠷᠢᠲᠠᠨ᠎ᠤ ᠲᠤᠰᠬᠠᠢ ᠮᠡᠷᠭᠡᠵᠢᠯ᠎ᠳᠡᠭᠡᠨ ᠡᠯᠰᠡᠨ᠎ᠡ᠃

ᠵᠡᠭᠦᠨ ᠡᠮᠦᠨᠡᠲᠦ᠎ᠶᠢᠨ ᠶᠡᠬᠡ ᠰᠤᠷᠭᠠᠭᠤᠯᠢ

ᠨᠢᠲᠤᠨᠤᠨ ᠡᠴᠡ 600 ᠬᠥᠮᠥᠨ ᠢᠯᠡᠭᠦᠦ ᠡᠯᠰᠡᠨ᠎ᠡ᠃

ᠵᠢᠶᠠᠩᠨᠠᠨ ᠶᠡᠬᠡ ᠰᠤᠷᠭᠠᠭᠤᠯᠢ

210 ᠬᠦᠮᠦᠨ ᠦᠷᠭᠡᠳᠭᠡᠨ ᠡᠯᠰᠡᠬᠦ ᠪᠡᠷ ᠲᠦᠯᠦᠪᠯᠡᠵᠤ ᠪᠤᠢ᠂ ᠶᠡᠷᠦᠩᠬᠡᠢ ᠬᠡᠪᠴᠢᠶ᠎ᠠ ᠨᠢ ᠰᠤᠷᠭᠠᠭᠤᠯᠢ ᠵᠢᠨ ᠲᠡᠦᠬᠡ᠎ᠶᠢᠨ ᠰᠢᠨ᠎ᠡ ᠲᠡᠮᠳᠡᠭᠯᠡᠯ᠎ᠢ  ᠡᠭᠦᠳᠦᠨ᠎ᠡ᠃

ᠱᠠᠨᠳᠦ᠋ᠩ ᠶᠡᠬᠡ ᠰᠤᠷᠭᠠᠭᠤᠯᠢ

100 ᠬᠥᠮᠥᠨ ᠥᠷᠭᠡᠳᠬᠡᠨ ᠡᠯᠰᠡᠵᠦ᠂ ᠰᠣᠷᠣᠭ᠍ᠴᠢ ᠡᠯᠰᠡᠬᠦ ᠬᠡᠪᠴᠢᠶ᠎ᠡ ᠨᠢ ᠵᠢᠱ᠌ᠢᠯᠲᠡ᠎ᠪᠡᠷ 10475 ᠬᠥᠮᠥᠨ᠎ᠳᠦ ᠬᠦᠷᠬᠦ ᠪᠣᠯᠣᠨ᠎ᠠ᠃

ᠵᠦᠩᠱᠠᠨ ᠶᠡᠬᠡ ᠰᠤᠷᠭᠠᠭᠤᠯᠢ

100 ᠰᠣᠷᠣᠭ᠍ᠴᠢ ᠨᠡᠮᠡᠵᠦ ᠡᠯᠰᠡᠨ᠎ᠡ᠃

ᠯᠠᠨᠵᠧᠦ ᠶᠡᠬᠡ ᠰᠤᠷᠭᠠᠭᠤᠯᠢ

2025 ᠣᠨ᠎ᠤ 350 ᠬᠥᠮᠥᠨ ᠥᠷᠭᠡᠳᠬᠡᠨ ᠡᠯᠰᠡᠬᠦ ᠲᠦᠯᠦᠪᠯᠡᠭᠡ ᠵᠢᠨ ᠰᠠᠭᠤᠷᠢᠨ ᠳᠡᠭᠡᠷ᠎ᠡ᠂ ᠡᠨᠡ ᠵᠢᠯ ᠦᠷᠭᠦᠯᠵᠢᠯᠡᠨ 300 ᠬᠥᠮᠥᠨ ᠥᠷᠭᠡᠳᠬᠡᠨ ᠡᠯᠰᠡᠵᠦ᠂ 《ᠳᠥᠷᠪᠡᠨ ᠰᠢᠨ᠎ᠡ》᠂ ᠤᠯᠤᠰ᠎ᠤᠨ ᠪᠠᠢᠯᠳᠤᠬᠤ ᠪᠣᠳᠣᠯᠭ᠎ᠠ᠎ᠳᠤ ᠪᠠᠴᠢᠮ ᠱᠠᠭᠠᠷᠳᠠᠭᠳᠠᠵᠤ ᠪᠠᠢᠭ᠎ᠠ ᠰᠢᠨᠵᠢᠯᠡᠭᠡᠨ᠎ᠦ ᠲᠤᠰᠬᠠᠢ ᠮᠡᠷᠭᠡᠵᠢᠯ ᠪᠠ ᠲᠡᠷᠢᠭᠦᠨ ᠵᠡᠷᠭᠡ ᠵᠢᠨ ᠰᠢᠨᠵᠢᠯᠡᠭᠡᠨ᠎ᠦ ᠰᠠᠯᠠᠭ᠎ᠠ᠂ ᠰᠠᠭᠤᠷᠢ ᠰᠢᠨᠵᠢᠯᠡᠭᠡᠨ᠎ᠦ ᠲᠤᠰᠬᠠᠢ ᠮᠡᠷᠭᠡᠵᠢᠯ᠎ᠳᠦ ᠡᠯᠰᠡᠨ᠎ᠡ᠃

ᠢᠷᠡᠯᠲᠡ᠄ ᠠᠷᠠᠳ᠎ᠤᠨ ᠡᠳᠦᠷ᠎ᠤᠨ ᠰᠤᠨᠢᠨ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号