ᠥᠪᠥᠷ ᠮᠣᠩᠭᠣᠯ ᠠᠶᠠᠨᠴᠢᠳ᠎ᠤᠨ ᠲᠡᠷᠭᠡᠨ᠎ᠦ ᠠᠮᠤᠷ ᠲᠦᠪᠰᠢᠨ᠎ᠦ ᠲᠤᠰᠬᠠᠶ ᠵᠠᠰᠠᠯᠲᠠ ᠦᠷᠨᠢᠭᠦᠯᠵᠦ ᠪᠤᠢ
2026-06-16 15:18:49
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠣᠶ᠋ᠢᠷ᠎ᠠ᠎ᠳᠤ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠎ᠶᠢᠨ ᠲᠢᠩᠬᠢᠮ ᠳᠣᠲᠣᠭᠠᠳᠤ᠎ᠶᠢ ᠬᠠᠮᠠᠭᠠᠯᠠᠬᠤ ᠲᠢᠩᠬᠢᠮ᠎ᠲᠡᠶ ᠬᠠᠮᠲᠤᠷᠠᠨ ᠮᠡᠳᠡᠭᠳᠡᠯ ᠳᠠᠷᠤᠮᠠᠯᠯᠠᠨ ᠲᠠᠷᠬᠠᠭᠠᠪᠠ᠄ 6 ᠰᠠᠷ᠎ᠠ᠎ᠶᠢᠨ 15᠎ᠤ ᠡᠳᠦᠷ᠎ᠡᠴᠡ 9 ᠰᠠᠷ᠎ᠠ᠎ᠶᠢᠨ 15 ᠎ᠤ ᠡᠳᠦᠷ ᠪᠣᠯᠲᠠᠯ᠎ᠠ᠂ ᠪᠥᠬᠥ᠌ ᠣᠷᠣᠨ᠎ᠤ ᠬᠡᠪᠴᠢᠶᠡᠨ᠎ᠳᠦ 3 ᠰᠠᠷ᠎ᠠ᠎ᠶᠢᠨ ᠬᠤᠭᠤᠴᠠᠭ᠎ᠠ᠎ᠪᠦᠬᠦᠢ ᠲᠣᠮᠣ ᠳᠤᠮᠳᠠ ᠬᠡᠯᠪᠡᠷᠢ᠎ᠶᠢᠨ ᠡᠵᠡᠩᠨᠡᠯᠲᠡ᠎ᠶᠢᠨ ᠠᠶᠠᠨᠴᠢᠳ᠎ᠤᠨ ᠲᠡᠷᠭᠡ᠎ᠶᠢᠨ ᠢᠷᠡᠯᠲᠡ᠎ᠶᠢ ᠬᠢᠨᠠᠨ ᠬᠠᠮᠢᠶᠠᠷᠬᠤ ᠵᠢᠴᠢ ᠵᠠᠮ ᠬᠠᠷᠢᠯᠴᠠᠭᠠᠨ᠎ᠤ ᠡᠮᠬᠢ ᠵᠢᠷᠤᠮ᠎ᠢ ᠲᠤᠰᠬᠠᠶ ᠵᠠᠰᠠᠬᠤ ᠠᠵᠢᠯᠯᠠᠭ᠎ᠠ ᠥᠷᠨᠢᠭᠦᠯᠵᠦ᠍᠂ 《ᠪᠦᠬᠦᠨ᠎ᠢ ᠬᠠᠮᠤᠷᠬᠤ᠂ ᠥᠴᠦᠬᠡᠨ ᠴᠦ᠍ ᠠᠭᠤᠴᠢᠯᠠᠬᠤ ᠥᠬᠡᠶ》 ᠪᠠᠶ᠋ᠢᠳᠠᠯ᠎ᠢᠶᠠᠷ᠂ ᠵᠠᠮ ᠬᠠᠷᠢᠯᠴᠠᠭᠠᠨ᠎ᠤ ᠠᠶᠠᠨᠴᠢᠳ᠎ᠤᠨ ᠵᠦᠭᠡᠭᠡᠪᠦᠷᠢ᠎ᠶᠢᠨ ᠵᠠᠬ᠎ᠠ ᠳᠡᠯᠭᠡᠭᠦᠷ᠎ᠦᠨ ᠣᠷᠴᠢᠨ ᠲᠣᠭᠣᠷᠢᠨ᠎ᠢ ᠪᠥᠬᠥ᠌ ᠬᠦᠴᠦᠨ᠎ᠢᠶᠡᠷ᠎ᠢᠶᠡᠨ ᠴᠡᠪᠡᠷᠰᠢᠭᠦᠯᠵᠦ᠍᠂ ᠵᠠᠮ ᠲᠡᠭᠡᠭᠡᠪᠦᠷᠢ᠎ᠶᠢᠨ ᠠᠮᠤᠷ ᠲᠦᠪᠰᠢᠨ᠎ᠦ ᠬᠣᠷᠢᠭ᠎ᠠ ᠱᠤᠭᠤᠮ᠎ᠢ ᠪᠠᠲᠤ᠌ ᠰᠠᠬᠢᠨ᠎ᠠ᠃

ᠲᠣᠰ ᠤᠳᠠᠭᠠᠨ᠎ᠤ ᠠᠵᠢᠯᠯᠠᠭ᠎ᠠ᠎ᠨᠢ ᠲᠣᠮᠣ ᠳᠤᠮᠳᠠ ᠬᠡᠯᠪᠡᠷᠢ᠎ᠶᠢᠨ ᠡᠵᠡᠩᠨᠡᠯᠲᠡ᠎ᠶᠢᠨ ᠠᠶᠠᠨᠴᠢᠳ᠎ᠤᠨ ᠲᠡᠷᠭᠡ᠎ᠶᠢᠨ ᠠᠮᠤᠷ ᠲᠦᠪᠰᠢᠨ᠎ᠦ ᠰᠠᠮᠠᠭᠤᠨ ᠪᠠᠶ᠋ᠢᠳᠠᠯ᠎ᠳᠤ ᠠᠩᠬᠠᠷᠤᠯ᠎ᠢᠶᠠᠨ ᠲᠥᠪᠯᠡᠷᠡᠭᠦᠯᠵᠦ᠂ ᠭᠤᠤᠯᠳᠠᠭᠤ ᠲᠡᠷᠭᠡᠨ᠎ᠦ ᠰᠠᠭᠤᠳᠠᠯ᠎ᠤᠨ ᠪᠦᠲᠦᠴᠡ᠎ᠶᠢᠨ ᠠᠮᠤᠷ ᠲᠦᠪᠰᠢᠨ᠎ᠦ ᠭᠡᠮ ᠰᠤᠭᠤᠭ᠂ ᠬᠡᠪᠲᠡᠬᠦ᠌ ᠣᠷᠣ᠎ᠶᠢᠨ ᠲᠥᠬᠥᠭᠡᠷᠦᠮᠵᠢ᠎ᠶᠢ ᠲᠣᠭᠲᠠᠭᠠᠯ᠎ᠠᠴᠠ ᠵᠥᠷᠢᠴᠡᠨ ᠲᠣᠬᠢᠷᠠᠭᠤᠯᠤᠬᠰᠠᠨ ᠭᠡᠮ ᠰᠤᠭᠤᠭ᠂ ᠲᠡᠷᠭᠡᠨ᠎ᠦ ᠳᠠᠭᠠᠯᠲᠠ ᠲᠥᠬᠥᠭᠡᠷᠦᠮᠵᠢ᠎ᠶᠢ ᠲᠣᠭᠲᠠᠭᠠᠯ᠎ᠠᠴᠠ ᠵᠥᠷᠢᠴᠡᠨ ᠨᠡᠮᠡᠵᠦ᠍ ᠤᠭᠰᠠᠷᠠᠬᠰᠠᠨ ᠬᠡᠮ ᠰᠤᠭᠤᠭ᠂ ᠠᠮᠤᠷ ᠲᠦᠪᠰᠢᠨ᠎ᠦ ᠲᠥᠬᠥᠭᠡᠷᠦᠮᠵᠢ ᠨᠢ ᠬᠦᠴᠦᠨ ᠦᠭᠡᠢ ᠪᠣᠯᠤᠭᠰᠠᠨ ᠵᠢᠴᠢ ᠲᠣᠭᠲᠠᠭᠠᠯ᠎ᠠᠴᠠ ᠵᠥᠷᠢᠴᠡᠨ ᠬᠤᠪᠢᠷᠠᠭᠤᠯᠤᠬᠰᠠᠨ ᠭᠡᠮ ᠰᠤᠭᠤᠭ᠂ ᠴᠠᠬᠢᠯᠭᠠᠨ ᠬᠡᠯᠬᠢᠶ᠎ᠡ᠎ᠶᠢᠨ ᠳᠣᠲᠣᠷ ᠴᠢᠮᠡᠭᠯᠡᠯ᠎ᠢ ᠲᠣᠭᠲᠠᠭᠠᠯ᠎ᠠᠴᠠ ᠵᠥᠷᠢᠴᠡᠨ ᠬᠤᠪᠢᠷᠠᠭᠤᠯᠤᠭᠰᠠᠨ ᠠᠮᠤᠷ ᠲᠦᠪᠰᠢᠨ᠎ᠦ ᠬᠡᠮ ᠰᠤᠭᠤᠭ᠂ ᠮᠠᠰᠢᠨ ᠲᠡᠷᠭᠡᠨ᠎ᠦ ᠪᠡᠶ᠎ᠡ᠎ᠶᠢᠨ ᠫᠠᠷᠠᠮᠧᠲ᠋ᠷ᠎ᠢ ᠲᠣᠭᠲᠠᠭᠠᠯ᠎ᠠᠴᠠ ᠵᠥᠷᠢᠴᠡᠨ ᠬᠤᠪᠢᠷᠠᠭᠤᠯᠤᠭᠰᠠᠨ ᠬᠡᠮ ᠰᠤᠭᠤᠭ᠂ ᠬᠥᠳᠡᠯᠦᠩᠭᠦᠶ ᠠᠮᠤᠷ ᠲᠦᠪᠰᠢᠨ᠎ᠦ ᠬᠢᠨᠠᠯᠲᠠ ᠬᠠᠮᠢᠶᠠᠷᠤᠯᠲᠠ᠎ᠶᠢ ᠪᠣᠳᠠᠲᠠᠶ᠋ᠢᠵᠢᠭᠤᠯᠤᠭᠰᠠᠨ  ᠨᠢ ᠬᠦᠷᠦᠯᠴᠡᠭᠦ ᠦᠭᠡᠢ ᠬᠡᠮ ᠰᠤᠭᠤᠭ᠂ ᠲᠣᠭᠲᠠᠭᠰᠠᠨ ᠬᠥᠮᠦᠨ᠎ᠦ ᠲᠣᠭ᠎ᠠ᠎ᠠᠴᠠ ᠬᠡᠲᠦᠷᠡᠭᠦᠯᠬᠦ᠌ ᠵᠢᠴᠢ ᠲᠣᠭᠲᠠᠭᠠᠯ᠎ᠠᠴᠠ ᠵᠥᠷᠢᠴᠡᠨ ᠡᠵᠡᠩᠨᠡᠬᠦ᠌ ᠠᠮᠤᠷ ᠲᠦᠪᠰᠢᠨ᠎ᠦ ᠬᠡᠮ ᠰᠤᠭᠤᠭ᠂ ᠠᠵᠢᠯᠯᠠᠵᠤ ᠪᠠᠢᠭ᠎ᠠ ᠬᠥᠮᠦᠰ᠎ᠦᠨ ᠬᠢᠷᠢ ᠬᠡᠮ ᠨᠢ ᠵᠢᠷᠤᠮᠵᠢᠯ ᠦᠭᠡᠢ ᠬᠡᠮ ᠰᠤᠭᠤᠭ᠂ ᠠᠵᠢᠯᠯᠠᠵᠤ ᠪᠠᠢᠭ᠎ᠠ ᠬᠥᠮᠦᠰ᠎ᠦᠨ ᠠᠮᠤᠷ ᠲᠦᠪᠰᠢᠨ᠎ᠠᠵᠢᠯᠯᠠᠭᠤᠯᠬᠤ ᠵᠢᠴᠢ ᠡᠭᠦᠷᠭᠡ ᠬᠠᠷᠢᠭᠤᠴᠠᠯᠭ᠎ᠠ᠎ᠪᠠᠨ ᠭᠦᠢᠴᠡᠳᠬᠡᠭᠰᠡᠨ  ᠨᠢ ᠬᠦᠷᠦᠯᠴᠡᠭᠦ ᠦᠭᠡᠢ ᠬᠡᠮ ᠰᠤᠭᠤᠭ᠎ᠵᠡᠷᠭᠡ ᠠᠷᠪᠠᠨ ᠶᠡᠬᠡ ᠬᠦᠷᠢᠶᠡᠨ᠎ᠳᠦ ᠴᠡᠭᠴᠡᠯᠡᠨ ᠵᠠᠰᠠᠯᠳᠠ ᠥᠷᠨᠢᠭᠦᠯᠵᠦ᠂ ᠲᠣᠭᠲᠠᠭᠠᠯ᠎ᠠᠴᠠ ᠵᠥᠷᠢᠴᠡᠨ ᠰᠠᠨᠳᠠᠯᠢ᠎ᠶᠢᠨ ᠪᠦᠲᠦᠴᠡ᠎ᠶᠢ ᠥᠭᠡᠷᠡᠴᠢᠯᠡᠬᠦ᠌᠂ ᠣᠷᠣ ᠳᠡᠪᠢᠰᠬᠡᠷ᠎ᠢ ᠬᠠᠤᠯᠢ᠎ᠠᠴᠠ ᠵᠥᠷᠢᠴᠡᠨ ᠲᠣᠬᠢᠷᠠᠭᠤᠯᠬᠤ᠂ ᠳᠠᠭᠠᠯᠲᠠ ᠲᠥᠬᠥᠭᠡᠷᠦᠮᠵᠢ᠎ᠶᠢ ᠳᠤᠷ᠎ᠠ᠎ᠪᠠᠷ᠎ᠢᠶᠠᠨ ᠨᠡᠮᠡᠵᠦ᠍ ᠤᠭᠰᠠᠷᠠᠬᠤ᠂ ᠠᠮᠤᠷ ᠲᠦᠪᠰᠢᠨ ᠎ᠤ ᠲᠥᠬᠥᠭᠡᠷᠦᠮᠵᠢ ᠳᠤᠳᠠᠬᠤ ᠵᠢᠴᠢ ᠦᠢᠯᠡᠳᠦᠯ᠎ᠢᠶᠡᠨ ᠠᠯᠳᠠᠬᠤ᠂ ᠴᠠᠬᠢᠯᠭᠠᠨ ᠬᠡᠯᠬᠢᠶ᠎ᠡ᠎ᠶᠢᠨ ᠳᠣᠲᠣᠷ ᠴᠢᠮᠡᠭᠯᠡᠯ᠎ᠢ ᠲᠣᠭᠲᠠᠭᠠᠯ᠎ᠠᠴᠠ ᠵᠥᠷᠢᠴᠡᠨ ᠥᠭᠡᠷᠡᠴᠢᠯᠡᠬᠦ᠂ ᠲᠡᠷᠭᠡᠨ ᠪᠡᠶ᠎ᠡ ᠎ᠶᠢᠨ ᠫᠠᠷᠠᠮᠧᠲ᠋ᠷ ᠎ᠢ ᠳᠤᠷ᠎ᠠ᠎ᠪᠠᠷ᠎ᠢᠶᠠᠨ ᠬᠤᠪᠢᠷᠠᠭᠤᠯᠬᠤ᠂ ᠬᠥᠳᠡᠯᠦᠩᠭᠦᠶ᠎ᠪᠡᠷ ᠬᠢᠨᠠᠨ ᠡᠵᠡᠮᠳᠡᠬᠦ ᠨᠢ ᠳᠤᠲᠠᠬᠳᠠᠬᠤ᠂ ᠮᠠᠰᠢᠨ ᠳᠡᠷᠭᠡ ᠭᠡᠮ ᠰᠤᠭᠤᠭ ᠳᠠᠢ ᠪᠡᠷ ᠠᠵᠢᠯᠯᠠᠬᠤ᠂ ᠰᠠᠭᠤᠳᠠᠯ᠎ᠤᠨ ᠭᠦᠮᠦᠨ᠎ᠤ ᠲᠣᠭ᠎ᠠ᠎ᠠᠴᠠ ᠬᠡᠲᠦᠷᠡᠭᠦᠯᠬᠦ᠂ ᠠᠶᠠᠨᠴᠢᠳ ᠪᠠ ᠪᠠᠷᠠᠭ᠎ᠠ ᠬᠤᠯᠢᠨ ᠳᠠᠭᠡᠭᠡᠭᠦ᠂ ᠦᠨᠡᠮᠯᠡᠯ ᠦᠭᠡᠢ᠎ᠪᠡᠷ ᠡᠵᠡᠩᠨᠡᠬᠦ᠂ ᠬᠡᠪᠴᠢᠶ᠎ᠡ᠎ᠡᠴᠡ ᠎ᠪᠡᠨ ᠬᠡᠲᠦᠷᠡᠲᠡᠯ᠎ᠡ ᠡᠵᠡᠩᠨᠡᠬᠦ ᠪᠠ ᠠᠵᠢᠯᠯᠠᠭᠰᠠᠳ᠎ᠤᠨ ᠬᠢᠷᠢ ᠬᠡᠮ ᠨᠢ ᠨᠡᠶ᠋ᠢᠴᠡᠬᠦ᠌ ᠦᠭᠡᠶ ᠪᠠᠶ᠋ᠢᠬᠤ᠂ ᠦᠨᠡᠮᠯᠡᠯ᠎ᠦᠨ ᠬᠤᠭᠤᠴᠠᠭ᠎ᠠ ᠬᠡᠲᠦᠷᠡᠬᠦ᠂ ᠦᠨᠡᠮᠯᠡᠯ ᠦᠬᠡᠢ ᠪᠡᠷ ᠠᠵᠢᠯ᠎ᠳᠤ ᠭᠠᠷᠬᠤ ᠵᠢᠴᠢ ᠬᠤᠷᠳᠤᠴᠠ ᠬᠡᠲᠦᠷᠡᠬᠦ᠂ ᠶᠠᠳᠠᠷᠠᠭᠤ᠎ᠪᠠᠷ ᠵᠢᠯᠣᠭᠣᠳᠬᠤ᠂ ᠲᠡᠷᠭᠡ ᠵᠢᠯᠤᠭᠤᠳᠴᠦ ᠪᠠᠢᠬᠤ᠎ᠳᠠᠭᠠᠨ ᠤᠲᠠᠰᠤ ᠲᠣᠰᠬᠤ᠂ ᠠᠮᠤᠷ ᠲᠦᠪᠰᠢᠨ᠎ᠦ ᠮᠡᠳᠡᠭᠳᠡᠯ ᠪᠠ ᠵᠤᠷᠰᠢᠯᠳᠦ ᠪᠠᠢᠴᠠᠭᠠᠯᠳᠠ ᠵᠢᠨ ᠳᠦᠷᠢᠮ᠎ᠢ ᠨᠠᠶ᠋ᠢᠳᠠᠪᠤᠷᠢᠵᠢᠭᠤᠯᠤᠭᠰᠠᠨ ᠦᠭᠡᠢ ᠵᠡᠷᠭᠡ ᠬᠠᠤᠯᠢ ᠲᠣᠭᠲᠠᠭᠠᠯ᠎ᠠᠴᠠ ᠵᠥᠷᠢᠴᠡᠭᠰᠡᠨ ᠡᠯ᠎ᠡ ᠲᠥᠷᠥᠯ᠎ᠦᠨ ᠦᠢᠯᠡ ᠠᠵᠢᠯᠯᠠᠭ᠎ᠠ᠎ᠶᠢ ᠴᠢᠡᠭᠭ᠎ᠠ ᠪᠠᠢᠴᠠᠭᠠᠨ᠎ᠠ᠃

ᠬᠠᠤᠯᠢ ᠬᠡᠷᠡᠭᠵᠢᠭᠦᠯᠬᠦ᠌ ᠳᠠᠪᠬᠤᠷᠭ᠎ᠠ᠎ᠳᠤ᠂ ᠰᠠᠷ᠎ᠠ ᠪᠦᠷᠢ ᠪᠥᠬᠥ᠌ ᠣᠷᠣᠨ᠎ᠤ ᠲᠤᠰᠬᠠᠶ ᠵᠦᠢᠯ᠎ᠦᠨ ᠨᠢᠭᠡᠳᠦᠯᠲᠡᠶ ᠠᠵᠢᠯᠯᠠᠭ᠎ᠠ᠎ᠶᠢᠨ ᠡᠳᠦᠷ ᠭᠠᠷᠭᠠᠨ᠎ᠠ᠃ ᠡᠯ᠎ᠡ ᠭᠠᠵᠠᠷ᠎ᠤᠨ ᠵᠠᠮ ᠲᠡᠭᠡᠭᠡᠪᠦᠷᠢ᠎ᠶᠢᠨ ᠬᠠᠤᠯᠢ ᠬᠡᠷᠡᠭᠵᠢᠭᠦᠯᠬᠦ᠌ ᠬᠦᠴᠦᠨ ᠤ᠋ ᠬᠢᠨ ᠳᠣᠲᠣᠭᠠᠳᠤ᠎ᠶᠢ ᠬᠠᠮᠠᠭᠠᠯᠠᠬᠤ ᠵᠠᠮ ᠬᠠᠷᠢᠯᠴᠠᠭᠠᠨ᠎ᠤ ᠬᠠᠮᠢᠶᠠᠷᠤᠯᠲᠠ᠎ᠶᠢᠨ ᠰᠠᠯᠠᠭ᠎ᠠ ᠮᠥᠴᠢᠷ᠎ᠲᠡᠶ ᠬᠠᠮᠲᠤᠷᠠᠨ᠂ ᠠᠶᠠᠨᠴᠢᠳ᠎ᠤᠨ ᠵᠦᠭᠡᠭᠡᠪᠦᠷᠢ᠎ᠶᠢᠨ ᠥᠷᠲᠡᠭᠡ᠂ ᠲᠦᠷᠭᠡᠨ᠎ᠤ ᠵᠠᠰᠠᠮᠠᠯ ᠵᠠᠮ᠎ᠤᠨ ᠤᠷᠤᠵᠤ ᠭᠠᠷᠬᠤ ᠭᠠᠵᠠᠷ᠂ ᠦᠢᠯᠡᠴᠢᠯᠡᠭᠡᠨ᠎ᠦ ᠲᠣᠭᠣᠷᠢᠭ᠂ ᠵᠢᠭᠤᠯᠴᠢᠯᠠᠯ᠎ᠤᠨ ᠦᠵᠡᠮᠵᠢ᠎ᠶᠢᠨ ᠣᠷᠣᠨ ᠵᠡᠷᠭᠡ ᠭᠤᠤᠯᠳᠠᠯᠭ᠎ᠠ᠎ᠲᠠᠶ ᠣᠷᠣᠨ ᠪᠦᠰᠡ᠎ᠶᠢ ᠴᠢᠩᠭ᠎ᠠ ᠠᠩᠬᠠᠷᠴᠤ᠌᠂ ᠬᠠᠤᠯᠢ ᠬᠡᠷᠡᠭᠵᠢᠭᠦᠯᠵᠦ᠍ ᠴᠣᠬᠢᠯᠲᠠ ᠥᠭᠬᠦ᠌ ᠡᠷᠴᠢᠮ᠎ᠢᠶᠡᠨ ᠴᠢᠩᠭᠠᠷᠠᠭᠤᠯᠤᠨ᠂ ᠵᠠᠰᠠᠮᠠᠯ ᠵᠠᠮ᠎ᠤᠨ ᠠᠶᠠᠨᠴᠢᠳ᠎ᠤᠨ ᠵᠦᠭᠡᠭᠡᠪᠦᠷᠢ᠎ᠶᠢᠨ ᠡᠵᠡᠩᠨᠡᠯᠲᠡ᠎ᠶᠢᠨ ᠡᠮᠬᠢ ᠳᠢᠭᠯᠢᠮ᠎ᠢ ᠵᠢᠷᠤᠮᠵᠢᠭᠤᠯᠦᠨ᠎ᠡ᠃ ᠡᠭᠦᠨ᠎ᠦ ᠬᠠᠮᠳᠤ᠂ ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠮᠡᠳᠡᠭᠡ ᠵᠠᠩᠭᠢᠴᠢᠯᠠᠯᠳᠠ᠎ᠶᠢᠨ ᠠᠷᠭ᠎ᠠ ᠪᠠᠷᠢᠯ᠎ᠳᠤ ᠲᠦᠰᠢᠭᠯᠡᠨ᠂ ᠲᠡᠷᠭᠡ ᠬᠥᠰᠬᠡ᠎ᠶᠢᠨ ᠠᠶᠠᠯᠠᠯ ᠤ᠋ᠨ ᠵᠢᠮ᠎ᠡ ᠶᠣᠰᠣ᠎ᠶᠢ ᠨᠠᠷᠢᠯᠢᠭ ᠣᠨᠣᠴᠠᠲᠠᠶ ᠰᠤᠳᠤᠯᠤᠨ ᠮᠠᠭᠠᠳᠯᠠᠵᠤ᠂ 《ᠳᠦᠷᠭᠡᠨ ᠭᠠᠪᠰᠢᠭᠠᠢ》 ᠣᠨᠣᠴᠠᠲᠠᠶ᠎ᠪᠠᠷ ᠡᠭᠦᠷᠭᠡ ᠭᠦᠢᠴᠡᠳᠬᠡᠬᠦ᠌᠎ᠶᠢ ᠬᠡᠷᠡᠭᠵᠢᠭᠦᠯᠦᠨ᠂ ᠬᠠᠤᠯᠢ᠎ᠶᠢ ᠵᠥᠷᠢᠴᠡᠭᠰᠡᠨ ᠰᠦᠪᠡᠭᠴᠢ᠎ᠶᠢ ᠨᠠᠷᠢᠯᠢᠭ ᠣᠨᠣᠴᠠᠲᠠᠶ ᠤᠷᠢᠳᠴᠢᠯᠠᠨ ᠰᠡᠷᠡᠮᠵᠢᠯᠡᠬᠦ᠂ ᠬᠣᠷᠢᠭᠯᠠᠬᠤ ᠪᠠ ᠪᠠᠶ᠋ᠢᠴᠠᠭᠠᠨ ᠰᠢᠢᠳᠪᠦᠷᠢᠯᠡᠬᠦ᠌᠎ᠶᠢ ᠪᠡᠶᠡᠯᠡᠭᠦᠯᠦᠨ᠎ᠡ᠃  

ᠢᠷᠡᠯᠳᠠ᠄ ᠤᠮᠠᠷᠠᠳᠦ ᠵᠢᠨ ᠰᠢᠨ᠎ᠠ ᠰᠤᠨᠢᠨ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号