ᠵᠡᠭᠦᠨ ᠬᠣᠶ᠋ᠢᠲᠤ᠎ᠶᠢᠨ ᠶᠠᠫᠣᠨ᠎ᠢ ᠡᠰᠡᠷᠭᠦᠴᠡᠬᠦ᠌ ᠬᠣᠯᠪᠣᠭᠠᠲᠤ᠌ ᠴᠡᠷᠢᠭ ᠬᠥᠯᠥᠨ ᠪᠣᠶ᠋ᠢᠷ ᠵᠢᠡᠷ ᠭᠤᠷᠪᠠᠨᠲᠠ ᠬᠦᠷᠦᠭᠰᠡᠨ ᠨᠢ
2026-06-20 11:19:20
ᠵᠣᠬᠢᠶᠠᠭ᠍ᠴᠢ᠄
ᠰᠦᠩ ᠯᠢ ᡁᠢ
ᠣᠩᠱᠢᠭ᠍ᠰᠠᠨ ᠣᠳᠠᠭ᠎ᠠ᠄
★★★☆☆

ᠶᠢᠰᠦᠨ ᠰᠠᠷ᠎ᠠ᠎ᠶᠢᠨ ᠠᠷᠪᠠᠨ ᠨᠠᠢ᠍ᠮᠠᠨ᠎ᠤ ᠬᠡᠷᠡᠭ ᠬᠤᠪᠢᠰᠤᠯ᠎ᠤᠨ ᠳᠠᠷᠠᠭ᠎ᠠ᠂ ᠥᠪᠥᠷ ᠮᠣᠩᠭᠣᠯ᠎ᠤᠨ ᠵᠡᠭᠦᠨ ᠪᠡᠶ᠎ᠡ ᠵᠢᠨ ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠦ ᠶᠠᠫᠣᠨ᠎ᠢ ᠡᠰᠡᠷᠭᠦᠴᠡᠵᠦ᠍ ᠮᠥᠬᠥᠯ᠎ᠡᠴᠡ ᠠᠪᠤᠷᠠᠬᠤ ᠲᠡᠮᠡᠴᠡᠯ ᠶᠡᠷᠦ᠎ᠡᠴᠡ ᠵᠣᠭᠰᠣᠭᠰᠠᠨ ᠦᠭᠡᠢ ᠶᠤᠮ᠃ 1936 ᠣᠨ᠎ᠤ 2 ᠰᠠᠷ᠎ᠠ᠎ᠶᠢᠨ 20 ᠎ᠤ᠋ ᠡᠳᠦᠷ᠂ ᠳᠤᠮᠳᠠᠳᠤ ᠤᠯᠤᠰ᠎ᠤᠨ ᠡᠪ ᠬᠠᠮᠲᠤ᠌ ᠨᠠᠮ᠎ᠤᠨ ᠳᠡᠭᠡᠳᠦ ᠱᠠᠲᠤᠨ᠎ᠤ ᠵᠣᠬᠢᠶᠠᠨ ᠪᠠᠶ᠋ᠢᠭᠤᠯᠤᠯᠲᠠ᠎ᠶᠢᠨ ᠲᠣᠭᠲᠠᠭᠠᠯ᠎ᠢ ᠦᠨᠳᠦᠰᠦᠯᠡᠨ᠂ ᠵᠡᠭᠦᠨ ᠬᠣᠶ᠋ᠢᠲᠤ᠎ᠶᠢᠨ ᠭᠤᠷᠪᠠᠨ ᠮᠤᠵᠢ ᠪᠠ ᠥᠪᠥᠷ ᠮᠣᠩᠭᠣᠯ᠎ᠤᠨ ᠵᠡᠭᠦᠨ ᠪᠡᠶ᠎ᠡ ᠳ᠋ᠤ ᠪᠠᠢᠯᠳᠤᠵᠤ ᠪᠠᠢᠭᠰᠠᠨ ᠵᠡᠭᠦᠨ ᠬᠣᠶ᠋ᠢᠲᠤ᠎ᠶᠢᠨ ᠶᠠᠫᠣᠨ᠎ᠢ ᠡᠰᠡᠷᠭᠦᠴᠡᠬᠦ᠌ ᠡᠯ᠎ᠡ ᠵᠡᠪᠰᠡᠭᠲᠦ᠍ ᠬᠦᠴᠦᠨ ᠢ᠋ ᠵᠠᠯᠭᠠᠭ᠎ᠠ᠎ᠪᠠᠷ ᠵᠡᠭᠦᠨ ᠬᠣᠶ᠋ᠢᠲᠤ᠎ᠶᠢᠨ ᠶᠠᠫᠣᠨ᠎ᠢ ᠡᠰᠡᠷᠭᠦᠴᠡᠬᠦ᠌ ᠬᠣᠯᠪᠣᠭᠠᠲᠤ᠌ ᠴᠡᠷᠢᠭ(ᠶᠠᠫᠣᠨ᠎ᠢ ᠡᠰᠡᠷᠭᠦᠴᠡᠬᠦ᠌ ᠬᠣᠯᠪᠣᠭᠠᠲᠤ᠌ ᠴᠡᠷᠢᠭ ᠭᠡᠵᠦ᠍ ᠲᠣᠪᠴᠢᠯᠠᠨ᠎ᠠ)ᠪᠣᠯᠭᠠᠨ ᠥᠭᠡᠷᠡᠴᠢᠯᠡᠨ ᠪᠠᠶ᠋ᠢᠭᠤᠯᠵᠤ᠂ ᠲᠤᠶ᠋ᠢᠯ᠎ᠤᠨ ᠪᠡᠷᠬᠡ ᠬᠠᠲᠠᠭᠤᠵᠢᠯᠲᠠᠢ ᠨᠥᠬᠥᠴᠡᠯ ᠳᠣᠣᠷ᠎ᠠ ᠶᠠᠫᠣᠨ ᠳᠡᠭᠡᠷᠡᠮ᠎ᠲᠡᠶ ᠡᠷᠡᠰ ᠲᠡᠮᠡᠴᠡᠯ ᠬᠢᠪᠡ᠃

1939 ᠣᠨ᠎ᠳᠤ᠂ ᠶᠠᠫᠣᠨ᠎ᠤ ᠵᠡᠬᠦᠨ ᠬᠤᠢᠳᠦ ᠳ᠋ᠡᠬᠢ ᠴᠡᠷᠢᠭ ᠶᠠᠫᠣᠨ᠎ᠢ ᠡᠰᠡᠷᠭᠦᠴᠡᠬᠦ᠌ ᠬᠣᠯᠪᠣᠭᠠᠲᠤ᠌ ᠴᠡᠷᠢᠭ᠎ᠢ 《ᠳᠠᠢ᠌ᠯᠠᠵᠤ》᠂ ᠤᠷᠢᠳ ᠬᠣᠵᠢᠳ ᠶᠠᠫᠣᠨ᠎ᠢ ᠡᠰᠡᠷᠭᠦᠴᠡᠬᠦ᠌ ᠬᠣᠯᠪᠣᠭᠠᠲᠤ᠌ ᠴᠡᠷᠢᠭ᠎ᠦᠨ ᠪᠠᠶ᠋ᠢᠭᠤᠯᠤᠭᠳᠠᠭᠰᠠᠨ ᠪᠠᠭ᠎ᠠ ᠬᠢᠩᠭᠠᠨ ᠳᠠᠪᠠᠭ᠎ᠠ᠎ᠶᠢᠨ ᠢᠴᠦ᠋ᠨ᠂ ᠰᠧ ᠺᠤᠸᠠᠢ ᠱ᠌ᠢ ᠵᠡᠷᠭᠡ ᠫᠠᠷᠲ᠋ᠢᠽᠠᠨ᠎ᠤ ᠰᠠᠭᠤᠷᠢᠨ ᠭᠠᠵᠠᠷ᠎ᠢ ᠡᠪᠳᠡᠪᠡ᠃ ᠡᠨᠡ ᠬᠦ᠌ ᠪᠠᠶ᠋ᠢᠳᠠᠯ ᠳᠣᠣᠷ᠎ᠠ᠂ ᠳᠤᠮᠳᠠᠳᠤ ᠤᠯᠤᠰ᠎ᠤᠨ ᠡᠪ ᠬᠠᠮᠲᠤ᠌ ᠨᠠᠮ᠎ᠤᠨ ᠬᠣᠶ᠋ᠢᠲᠤ᠌ ᠮᠠᠨᠵᠤ ᠮᠤᠵᠢ᠎ᠶᠢᠨ ᠬᠣᠷᠢᠶ᠎ᠠ ᠬᠥᠯᠥᠨ ᠪᠣᠶ᠋ᠢᠷ᠎ᠤᠨ ᠵᠡᠭᠦᠨ ᠡᠮᠦᠨᠡᠲᠦ᠍ ᠬᠡᠰᠡᠭ᠎ᠲᠦ᠍ ᠰᠢᠨ᠎ᠡ ᠫᠠᠷᠲ᠋ᠢᠽᠠᠨ ᠣᠷᠣᠨ᠎ᠢ ᠪᠠᠶ᠋ᠢᠭᠤᠯᠬᠤ᠎ᠪᠠᠷ ᠲᠣᠭᠲᠠᠵᠤ᠂ ᠾᠧᠪᠧᠢ ᠷᠧ ᠾᠧ ᠴᠠᠬᠠᠷ᠎ᠤᠨ ᠰᠠᠭᠤᠷᠢᠨ ᠭᠠᠵᠠᠷ᠎ᠲᠠᠶ ᠬᠣᠯᠪᠣᠭ᠎ᠠ ᠠᠪᠬᠤ᠎ᠪᠠᠷ ᠴᠢᠷᠮᠠᠶ᠋ᠢᠵᠤ᠂ ᠬᠥᠯᠥᠨ ᠪᠣᠶ᠋ᠢᠷ᠂ ᠶᠡᠬᠡ ᠬᠢᠩᠭᠠᠨ ᠳᠠᠪᠠᠭ᠎ᠠ᠎ᠶᠢᠨ ᠰᠢᠭᠤᠶ᠋ᠢᠲᠤ᠌ ᠣᠷᠣᠨ᠎ᠢ ᠶᠠᠫᠣᠨ᠎ᠢ ᠡᠰᠡᠷᠭᠦᠴᠡᠬᠦ᠌ ᠬᠣᠯᠪᠣᠭᠠᠲᠤ᠌ ᠴᠡᠷᠢᠭ᠎ᠦᠨ ᠶᠡᠷᠦᠩᠬᠡᠶ ᠠᠷᠤ ᠲᠠᠯ᠎ᠠ ᠪᠣᠯᠭᠠᠨ ᠬᠤᠪᠢᠷᠠᠭᠤᠯᠬᠤ᠎ᠶᠢᠨ ᠬᠠᠮᠲᠤ᠌ ᠦᠨᠳᠦᠰᠦᠲᠡᠨ ᠨᠤᠭᠦᠳ᠎ᠤᠨ ᠤᠯᠠᠨ ᠲᠦᠮᠡᠨ᠎ᠦ ᠶᠠᠫᠣᠨ᠎ᠢ ᠡᠰᠡᠷᠭᠦᠴᠡᠬᠦ᠌ ᠲᠡᠮᠡᠴᠡᠯ᠎ᠢ ᠢᠳᠡᠪᠬᠢᠲᠡᠶ ᠥᠷᠨᠢᠭᠦᠯᠬᠦ᠌᠎ᠶᠢ ᠠᠬᠢᠭᠤᠯᠤᠭᠰᠠᠨ ᠪᠠᠢᠨ᠎ᠠ᠃

1939 ᠣᠨ᠎ᠤ 12 ᠰᠠᠷ᠎ᠠ᠎ᠳᠤ᠂ ᠳᠤᠮᠳᠠᠳᠤ ᠤᠯᠤᠰ᠎ᠤᠨ ᠡᠪ ᠬᠠᠮᠲᠤ᠌ ᠨᠠᠮ᠎ᠤᠨ ᠬᠣᠶ᠋ᠢᠲᠤ᠌ ᠮᠠᠨᠵᠤ ᠮᠤᠵᠢ᠎ᠶᠢᠨ ᠬᠣᠷᠢᠶ᠎ᠠ ᠵᠢᠨ ᠲᠣᠭᠲᠠᠭᠠᠯ᠎ᠢ ᠦᠨᠳᠦᠰᠦᠯᠡᠵᠦ᠍᠂ ᠶᠠᠫᠣᠨ᠎ᠢ ᠡᠰᠡᠷᠭᠦᠴᠡᠬᠦ᠌ ᠬᠣᠯᠪᠣᠭᠠᠲᠤ᠌ ᠴᠡᠷᠢᠭ᠎ᠦᠨ ᠭᠤᠷᠪᠠᠳᠤᠭᠠᠷ ᠵᠠᠮ᠎ᠤᠨ ᠴᠡᠷᠢᠭ᠎ᠦᠨ ᠶᠡᠷᠦᠩᠬᠡᠢ ᠵᠢᠯᠣᠭᠣᠳᠬᠤ ᠭᠠᠵᠠᠷ᠎ᠪᠠᠷᠠᠭᠤᠨ ᠬᠣᠶ᠋ᠢᠲᠤ᠎ᠶᠢᠨ ᠬᠤᠯᠠ ᠲᠠᠢᠯᠠᠬᠤ ᠴᠡᠷᠢᠭ᠎ᠦᠨ ᠵᠢᠯᠣᠭᠣᠳᠬᠤ ᠭᠠᠵᠠᠷ᠎ᠢ ᠵᠣᠬᠢᠶᠠᠨ ᠪᠠᠶ᠋ᠢᠭᠤᠯᠵᠤ᠂ ᠤᠤᠯ᠎ᠤᠨ ᠵᠢᠷᠭᠤᠳᠤᠭᠠᠷ ᠠᠷᠮᠢ᠎ᠶᠢᠨ ᠱᠲ᠋ᠠᠪ᠎ᠤᠨ ᠳᠠᠷᠤᠭ᠎ᠠ ᠹᠸᠩ ᡁᠢ ᠭᠠᠩ᠎ᠢ ᠵᠢᠯᠤᠭᠤᠳ᠋ᠤᠭᠴᠢ᠎ᠪᠠᠷ ᠲᠣᠮᠢᠯᠠᠵᠤ᠂ ᠤᠤᠯ᠎ᠤᠨ ᠵᠢᠷᠭᠤᠳᠤᠭᠠᠷ ᠠᠷᠮᠢ᠎ᠶᠢᠨ ᠠᠷᠪᠠᠨ ᠬᠣᠶᠠᠳᠤᠭᠠᠷ ᠬᠣᠷᠢᠶ᠎ᠠ᠎ᠶᠢᠨ ᠺᠤᠮᠢᠰᠰᠠᠷ ᠸᠠᠩ ᠵᠢᠶᠦ᠋ᠨ᠎ᠢ ᠤᠯᠤᠰ ᠲᠦᠷᠦ᠎ᠶᠢᠨ ᠬᠡᠯᠲᠡᠰ᠎ᠦᠨ ᠡᠷᠬᠢᠯᠡᠭᠴᠢ᠎ᠪᠡᠷ ᠲᠣᠮᠢᠯᠠᠵᠤ᠂  ᠰᠢᠭᠤᠳ ᠬᠠᠷᠢᠶ᠎ᠠ ᠵᠢᠭᠠᠨ ᠵᠢᠯᠣᠭᠣᠳᠬᠤ ᠠᠩᠬᠢ ᠪᠣᠯᠤᠨ ᠠᠷᠪᠠᠨ ᠬᠣᠶᠠᠳᠤᠭᠠᠷ ᠬᠣᠷᠢᠶ᠎ᠠ᠎ᠶᠢ ᠳᠠᠭᠠᠭᠤᠯᠤᠨ ᠮᠥᠰᠥᠲᠦᠭᠰᠡᠨ ᠨᠤᠨ ᠮᠥᠷᠡᠨ᠎ᠢ ᠭᠠᠲᠤᠯᠵᠤ᠂ ᠠᠩᠬ᠎ᠠ ᠤᠳᠠᠭ᠎ᠠ ᠬᠥᠯᠥᠨ ᠪᠤᠢ᠌ᠷ᠎ᠲᠤ᠌ ᠣᠷᠣᠵᠠᠢ᠃ ᠶᠠᠫᠣᠨ᠎ᠢ ᠡᠰᠡᠷᠭᠦᠴᠡᠬᠦ᠌ ᠬᠣᠯᠪᠣᠭᠠᠲᠤ᠌ ᠴᠡᠷᠢᠭ ᠮᠤᠷᠢᠨᠳᠠᠪᠠᠭ᠎ᠠ ᠵᠢᠨ ᠳᠠᠭᠤᠷ ᠦᠨᠳᠦᠰᠦᠲᠡᠨ᠎ᠦ ᠥᠪᠡᠷᠲᠡᠭᠡᠨ ᠵᠠᠰᠠᠬᠤ ᠬᠣᠰᠢᠭᠤᠨ᠎ᠤ ᠬᠣᠶ᠋ᠢᠲᠤ᠌ ᠬᠡᠰᠡᠭ᠎ᠦᠨ ᠪᠠᠭ᠎ᠠ ᠬᠦᠮᠦᠷᠭᠡ ᠲᠣᠰᠬᠣᠨ᠎ᠳᠤ ᠬᠦᠷᠴᠦ᠍᠂ ᠤᠯᠠᠨ ᠲᠦᠮᠡᠨ᠎ᠦ ᠬᠠᠯᠠᠭᠤᠨ ᠬᠦᠷᠢᠶᠡᠯᠡᠯ᠎ᠢ ᠤᠯᠪᠠ᠃ ᠴᠡᠷᠢᠭ ᠠᠩᠭᠢ ᠣᠯᠠᠨ ᠲᠦᠮᠡᠨ᠎ᠦ ᠳᠤᠮᠳᠠ ᠳᠤᠮᠳᠠᠳᠤ ᠤᠯᠤᠰ᠎ᠤᠨ ᠡᠪ ᠬᠠᠮᠲᠤ᠌ ᠨᠠᠮ᠎ᠤᠨ ᠦᠨᠳᠦᠰᠦᠲᠡᠨ᠎ᠦ ᠲᠥᠷᠥ᠎ᠶᠢᠨ ᠪᠣᠳᠣᠯᠭ᠎ᠠ ᠪᠠ ᠶᠠᠫᠣᠨ᠎ᠢ ᠡᠰᠡᠷᠭᠦᠴᠡᠬᠦ᠌ ᠴᠢᠭᠯᠡᠯᠲᠡ᠎ᠶᠢ ᠤᠬᠠᠭᠤᠯᠵᠤ᠂ ᠳᠠᠷᠠᠭ᠎ᠠ ᠨᠢ ᠤᠮᠠᠷᠠᠰᠢ᠎ᠤᠷᠤᠭᠰᠢᠯᠠᠵᠦ ᠲᠠᠶ ᠫᠢᠩ ᠵᠤᠸᠠᠩ᠎ᠳᠤ ᠣᠷᠣᠪᠠ᠃ 1940 ᠣᠨ᠎ᠤ 2 ᠰᠠᠷ᠎ᠠ᠎ᠶᠢᠨ 4 ᠎ᠤ᠋ ᠦᠳᠡ᠎ᠶᠢᠨ ᠡᠮᠦᠨ᠎ᠡ᠂ ᠷᠧᠨ ᠵᠢᠶᠠ ᠸᠸ ᠫᠸᠩ ᠳ᠋ᠤ ᠳᠠᠶ᠋ᠢᠰᠤᠨ᠎ᠲᠠᠶ ᠤᠴᠠᠷᠠᠵᠤ᠂ ᠳᠠᠶ᠋ᠢᠰᠤᠨ ᠤᠯᠠᠨ ᠪᠢᠳᠡ ᠴᠥᠭᠡᠨ ᠪᠠᠢᠬᠰᠠᠨ ᠡᠴᠡ ᠹᠸᠩ ᡁᠢ ᠭᠠᠩ ᠵᠡᠷᠭᠡ 5 ᠬᠥᠮᠦᠨ ᠪᠠᠭᠠᠲᠤᠷᠯᠢᠭ᠎ᠢᠶᠠᠷ ᠪᠡᠶ᠎ᠡ ᠦᠷᠡᠭᠳᠡᠪᠡ᠃ 5 ᠎ᠤ᠋ ᠡᠳᠦᠷ᠂ ᠤᠯᠤᠰ ᠲᠥᠷᠥ᠎ᠶᠢᠨ ᠬᠡᠯᠲᠡᠰ᠎ᠦᠨ ᠡᠷᠬᠢᠯᠡᠭᠴᠢ ᠸᠠᠩ ᠵᠢᠶᠦ᠋ᠨ ᠴᠡᠷᠢᠭ ᠠᠩᠭᠢ᠎ᠪᠠᠨ ᠳᠠᠭᠠᠭᠤᠯᠤᠨ 30 ᠭᠠᠷᠤᠶ ᠶᠠᠫᠣᠨ ᠴᠡᠷᠢᠭ᠎ᠢ ᠤᠰᠠᠳᠬᠠᠭᠰᠠᠨ᠎ᠤ ᠳᠠᠷᠠᠭ᠎ᠠ ᠪᠦᠰᠡᠯᠡᠯᠲᠡ᠎ᠶᠢ ᠰᠢᠪᠲᠤᠯᠵᠤ᠂ ᠴᠡᠷᠢᠭ ᠠᠩᠭᠢ᠎ᠪᠠᠨ ᠳᠠᠭᠠᠭᠤᠯᠤᠨ ᠢᠦᠢ ᠵᠢᠶᠠ ᠳᠦᠨ᠂ ᠵᠣᠣ ᠵᠢᠶᠠ ᠳᠦᠨ᠂ ᠶᠸ ᠵᠤ᠌ ᠸᠸ ᠫᠸᠩ ᠣᠷᠴᠢᠮ᠎ᠢᠶᠠᠷ ᠠᠶᠠᠯᠠᠨ ᠪᠠᠶ᠋ᠢᠯᠳᠤᠵᠤ᠂ ᠾᠸᠢ ᠵᠤ᠌ ᠸᠸ ᠫᠸᠩ᠎ᠳᠤ ᠵᠠᠮ ᠬᠠᠷᠢᠯᠴᠠᠭᠠᠨ᠎ᠤ ᠬᠣᠯᠪᠣᠭ᠎ᠠ ᠠᠪᠬᠤ ᠭᠠᠵᠠᠷ ᠪᠠᠶ᠋ᠢᠭᠤᠯᠤᠨ᠂ ᠶᠠᠫᠣᠨ᠎ᠢ ᠡᠰᠡᠷᠭᠦᠴᠡᠬᠦ᠌ ᠬᠣᠯᠪᠣᠭᠠᠲᠤ᠌ ᠴᠡᠷᠢᠭ᠎ᠦᠨ ᠠᠷᠤ ᠲᠠᠯ᠎ᠠ᠎ᠶᠢᠨ ᠰᠠᠭᠤᠷᠢᠨ ᠭᠠᠵᠠᠷ ᠪᠣᠯᠭᠠᠵᠤ᠂ ᠪᠤᠭᠤᠳᠤ ᠵᠢᠨ ᠰᠢᠭᠤᠶ᠋ᠢᠲᠤ᠌ ᠣᠷᠣᠨ ᠲᠤᠳᠤᠷ᠎ᠠ ᠶᠠᠯᠦ᠍ ᠭᠣᠣᠯ᠎ᠤᠨ ᠬᠥᠪᠡᠭᠡᠨ᠎ᠳᠦ ᠶᠠᠫᠣᠨ ᠴᠡᠷᠢᠭ᠎ᠦᠨ ᠮᠣᠳᠣ ᠣᠭᠲᠣᠯᠬᠤ ᠭᠠᠵᠠᠷ᠎ᠢ ᠬᠡᠨᠡᠳᠡᠬᠦᠯᠦᠨ ᠳᠠᠭᠠᠷᠢᠬᠰᠠᠨ ᠪᠦᠭᠡᠳ ᠥᠨᠢᠷ ᠣᠶ ᠰᠢᠭᠤᠶ᠎ᠶᠢᠨ ᠲᠠᠯᠠᠪᠠᠶ᠎ᠶᠢ ᠬᠡᠨᠡᠳᠡᠬᠦᠯᠦᠨ ᠳᠠᠭᠠᠷᠢᠵᠦ 200 ᠭᠠᠷᠤᠶ ᠮᠣᠳᠣ ᠣᠭᠲᠣᠯᠬᠤ ᠠᠵᠢᠯᠴᠢᠨ᠎ᠢ ᠠᠪᠤᠷᠠᠨ ᠭᠠᠷᠭᠠᠵᠤ᠂ ᠪᠠᠰᠠ ᠵᠠᠯᠭᠠᠭ᠎ᠠ᠎ᠪᠠᠷ 8 ᠶᠠᠫᠣᠨ ᠬᠥᠮᠦᠨ᠎ᠦ ᠪᠠᠶ᠋ᠢᠭᠤᠯᠤᠭᠰᠠᠨ ᠣᠶ ᠰᠢᠭᠤᠶ᠎ᠶᠢᠨ ᠰᠠᠭᠤᠷᠢᠨ ᠭᠠᠵᠠᠷ᠎ᠢ ᠬᠡᠨᠡᠳᠡᠬᠦᠯᠦᠨ ᠳᠠᠭᠠᠷᠢᠵᠤ᠂ ᠶᠡᠬᠡ ᠬᠡᠮᠵᠢᠶᠡᠨ᠎ᠦ ᠶᠠᠫᠣᠨ᠎ᠤ ᠰᠠᠬᠢᠨ ᠬᠠᠮᠠᠭᠠᠯᠠᠬᠤ ᠠᠩᠭᠢ ᠪᠣᠯᠤᠨ ᠠᠭᠤᠯᠠᠨ ᠰᠢᠭᠤᠶ᠎ᠶᠢᠨ ᠴᠠᠭᠳᠠᠭᠠᠨ᠎ᠤ ᠠᠩᠭᠢ᠎ᠶᠢᠨ ᠭᠡᠰᠢᠭᠦᠳ᠎ᠢ ᠤᠰᠠᠳᠬᠠᠵᠠᠶ᠃ 1940 ᠣᠨ᠎ᠤ 3 ᠰᠠᠷ᠎ᠠ᠎ᠳᠤ ᠸᠠᠩ ᠵᠢᠶᠦ᠋ᠨ ᠴᠡᠷᠢᠭ ᠠᠩᠬᠢ᠎ᠪᠠᠨ ᠳᠠᠭᠠᠭᠤᠯᠤᠨ ᠨᠤᠨ ᠮᠥᠷᠡᠨ᠎ᠡᠴᠡ ᠵᠡᠭᠦᠨᠰᠢ ᠪᠤᠴᠠᠵᠤ ᠂ ᠠᠷᠮᠢ᠎ᠶᠢᠨ ᠵᠠᠬᠢᠷᠭ᠎ᠠ᠎ᠳᠤ ᠪᠠᠶ᠋ᠢᠳᠠᠯ᠎ᠢᠶᠠᠨ ᠮᠡᠳᠡᠭᠦᠯᠪᠡ᠃

1940 ᠣᠨ᠎ᠤ 9 ᠰᠠᠷ᠎ᠠ᠎ᠳᠤ᠂ ᠶᠠᠫᠣᠨ᠎ᠢ ᠡᠰᠡᠷᠭᠦᠴᠡᠬᠦ᠌ ᠬᠣᠯᠪᠣᠭᠠᠲᠤ᠌ ᠴᠡᠷᠢᠭ᠎ᠦᠨ ᠭᠤᠷᠪᠠᠳᠤᠭᠠᠷ ᠵᠠᠮ᠎ᠤᠨ ᠴᠡᠷᠢᠭ᠎ᠦᠨ ᠶᠡᠷᠦᠩᠬᠡᠢ ᠵᠢᠯᠣᠭᠣᠳᠬᠤ ᠭᠠᠵᠠᠷ᠎ᠡᠴᠡ ᠸᠠᠩ ᠮᠢᠩ ᠬᠦᠢ᠂ ᠭᠤᠤ ᠢᠦᠢ ᠮᠢᠨ᠂ ᠸᠠᠩ ᠵᠢᠶᠦ᠋ᠨ᠎ᠢ ᠲᠣᠮᠢᠯᠠᠨ ᠭᠤᠷᠪᠠᠳᠤᠭᠠᠷ ᠰᠠᠯᠪᠤᠷᠢ ᠠᠩᠬᠢ᠎ᠶᠢ ᠳᠠᠭᠠᠭᠤᠯᠤᠨ ᠬᠣᠶᠠᠳᠤᠭᠠᠷ ᠤᠳᠠᠭ᠎ᠠ ᠬᠥᠯᠥᠨ ᠪᠤᠢ᠌ᠷ ᠣᠷᠣᠨ᠎ᠳᠤ ᠣᠴᠢᠭᠤᠯᠵᠠᠢ᠃ 10 ᠰᠠᠷ᠎ᠠ᠎ᠳᠤ᠂ ᠭᠤᠷᠪᠠᠳᠤᠭᠠᠷ ᠰᠠᠯᠪᠤᠷᠢ ᠠᠩᠭᠢ ᠠᠷᠤᠨ ᠬᠣᠰᠢᠭᠤᠨ᠎ᠳᠤ ᠣᠷᠣᠵᠤ᠂ ᠭᠦᠸᠧ ᠵᠢᠶᠠ ᠶᠣᠣ᠎ᠳᠤ ᠶᠠᠫᠣᠨ᠎ᠢ ᠡᠰᠡᠷᠭᠦᠴᠡᠬᠦ᠌ ᠬᠣᠯᠪᠣᠭᠠᠲᠤ᠌ ᠴᠡᠷᠢᠭ᠎ᠦᠨ ᠨᠢᠭᠤᠴᠠ ᠬᠣᠯᠪᠣᠭ᠎ᠠ ᠠᠪᠬᠤ ᠴᠡᠭ ᠪᠠᠶ᠋ᠢᠭᠤᠯᠪᠠ᠃ ᠪᠦᠦ ᠴᠢᠤᠸᠠᠨ ᠪᠠᠯᠭᠠᠰᠤᠨ᠎ᠤ ᠬᠠᠭᠤᠷᠮᠠᠭ ᠴᠠᠭᠳᠠᠭᠠᠨ᠎ᠤ ᠵᠠᠬᠢᠷᠭ᠎ᠠ᠎ᠶᠢ ᠬᠡᠨᠡᠳᠡᠬᠦᠯᠦᠨ ᠳᠠᠭᠠᠷᠢᠭᠰᠠᠨ ᠤ᠋ ᠳᠠᠷᠠᠭ᠎ᠠ  ᠪᠢᠶᠠᠨ ᠬᠤᠤ᠎ᠡᠴᠡ ᠤᠮᠠᠷᠠᠰᠢ ᠤᠷᠤᠨ᠎ᠳᠤ ᠬᠥᠳᠡᠯᠭᠡᠭᠡᠨ ᠬᠢᠪᠡ᠃ 11 ᠰᠠᠷ᠎ᠠ᠎ᠶᠢᠨ ᠰᠡᠭᠦᠯᠴᠢ᠎ᠪᠡᠷ᠂ ᠭᠤᠷᠪᠠᠳᠤᠭᠠᠷ ᠰᠠᠯᠪᠤᠷᠢ ᠠᠩᠭᠢ ᠠᠷᠤᠨ ᠬᠣᠰᠢᠭᠤᠨ᠎ᠤ ᠪᠠᠷᠠᠭᠤᠨ ᠡᠮᠦᠨ᠎ᠡ ᠪᠠᠢᠭ᠎ᠠ ᠵᠢᠢ ᠭᠤᠸᠠᠨ ᠱᠠᠨ᠎ᠳᠤ ᠶᠠᠫᠤᠨ ᠴᠡᠷᠢᠭ᠎ᠲᠠᠢ ᠬᠠᠷᠭᠤᠵᠤ᠂ ᠰᠠᠯᠪᠤᠷᠢ ᠠᠩᠭᠢ᠎ᠶᠢᠨ ᠺᠣᠮᠢᠰᠰᠠᠷ ᠭᠤᠤ ᠢᠦᠢ ᠮᠢᠨ ᠵᠡᠷᠭᠡ 8 ᠬᠥᠮᠥᠨ ᠴᠡᠷᠢᠭ ᠠᠩᠭᠢ᠎ᠶᠢ ᠬᠠᠮᠠᠭᠠᠯᠠᠨ ᠪᠦᠰᠡᠯᠡᠯᠲᠡ᠎ᠶᠢ ᠰᠢᠪᠲᠤᠯᠬᠤ ᠳ᠋ᠠᠭᠠᠨ ᠪᠠᠭᠠᠲᠤᠷᠯᠢᠭ᠋᠎ᠢᠶᠠᠷ ᠪᠡᠶ᠎ᠡ ᠦᠷᠡᠭᠳᠡᠪᠡ᠃ 12 ᠰᠠᠷ᠎ᠠ᠎ᠳᠤ᠂ ᠸᠠᠩ ᠮᠢᠩ ᠬᠦᠢ᠂ ᠸᠠᠩ ᠵᠢᠶᠦ᠋ᠨ ᠴᠡᠷᠢᠭ ᠠᠩᠭᠢ᠎ᠪᠠᠨ ᠳᠠᠭᠠᠭᠤᠯᠤᠨ ᠶᠠᠫᠤᠨ ᠴᠡᠷᠢᠭ᠂ ᠬᠠᠭᠤᠷᠮᠠᠭ ᠴᠡᠷᠢᠭ᠎ᠲᠠᠢ ᠤᠯᠠᠨ ᠤᠳᠠᠭ᠎ᠠ ᠪᠠᠢᠯᠳᠤᠭᠰᠡᠨ᠎ᠦ ᠳᠠᠷᠠᠭ᠎ᠠ᠂ ᠦᠷᠭᠦᠯᠵᠢᠯᠡᠨ ᠪᠠᠷᠠᠭᠤᠨ ᠡᠮᠦᠨᠡᠰᠢ ᠤᠷᠤᠭᠰᠢᠯᠠᠵᠤ᠂ ᠬᠥᠯᠥᠨ ᠪᠤᠢ᠍ᠢᠷ᠎ᠤᠨ ᠲᠠᠯ᠎ᠠ ᠨᠤᠲᠤᠭ᠎ᠢ ᠲᠤᠭᠤᠯᠤᠨ ᠡᠮᠦᠨᠡᠰᠢ ᠷᠧ ᠾᠧ᠎ᠳᠦ ᠬᠦᠷᠴᠦ᠂ ᠾᠸᠪᠸᠢ ᠷᠧ ᠾᠧ ᠴᠠᠬᠠᠷ᠎ᠤᠨ ᠨᠠᠢ᠍ᠮᠠᠳᠤᠭᠠᠷ ᠵᠠᠮ᠎ᠤᠨ ᠴᠡᠷᠢᠭ᠎ᠲᠠᠢ ᠬᠣᠯᠪᠣᠭ᠎ᠠ ᠠᠪᠬᠤ᠎ᠪᠠᠷ ᠲᠥᠯᠥᠪᠯᠡᠪᠡ᠃ ᠰᠡᠭᠦᠯᠡᠷ ᠨᠢ ᠲᠡᠳᠡᠨ᠎ᠦ ᠪᠠᠢᠭ᠎ᠠ ᠭᠠᠵᠠᠷ ᠷᠧ ᠾᠧ᠎ᠡᠴᠡ ᠮᠠᠰᠢ ᠬᠤᠯᠠ ᠪᠥᠭᠡᠳ ᠶᠡᠬᠡ ᠬᠡᠮᠵᠢᠶᠡᠨ᠎ᠦ ᠶᠠᠫᠤᠨ ᠴᠡᠷᠢᠭ᠂ ᠬᠠᠭᠤᠷᠮᠠᠭ ᠬᠢᠩᠭᠠᠨ ᠴᠡᠷᠢᠭ ᠪᠣᠯᠣᠨ ᠴᠠᠭᠠᠨ ᠤᠷᠤᠰ᠎ᠤᠨ ᠳᠡᠭᠡᠷᠡᠮ᠎ᠦᠳ ᠠᠷᠤ᠎ᠡᠴᠡ ᠨᠢ ᠨᠡᠬᠡᠵᠦ᠂ ᠪᠦᠬᠦ ᠴᠡᠷᠢᠭ᠎ᠢᠶᠡᠷ᠎ᠢᠶᠡᠨ ᠰᠥᠨᠥᠭᠡᠭᠳᠡᠬᠦ ᠠᠶᠤᠯ᠎ᠲᠠᠢ ᠪᠠᠢᠬᠤ᠎ᠶᠢ ᠮᠡᠳᠡᠭᠡᠳ ᠨᠤᠨ ᠮᠥᠷᠡᠨ᠎ᠤ ᠵᠡᠭᠦᠨ ᠲᠠᠯ᠎ᠠ᠎ᠳᠤ ᠪᠤᠴᠠᠬᠤ᠎ᠪᠠᠷ ᠲᠣᠭᠲᠠᠪᠠ᠃ 1941 ᠣᠨ᠎ᠤ 1 ᠰᠠᠷ᠎ᠠ᠎ᠳᠤ᠂ ᠭᠤᠷᠪᠠᠳᠤᠭᠠᠷ ᠰᠠᠯᠪᠤᠷᠢ ᠠᠩᠭᠢ ᠵᠥᠪᠯᠡᠯᠲᠦ᠎ᠶᠢᠨ ᠬᠢᠯᠢ᠎ᠳᠦ ᠤᠬᠤᠷᠢᠨ ᠣᠷᠣᠵᠤ ᠠᠮᠠᠷᠠᠨ ᠴᠡᠭᠴᠡᠯᠡᠪᠡ᠃

1941 ᠣᠨ᠎ᠤ 7 ᠰᠠᠷ᠎ᠠ᠎ᠳᠤ᠂ ᠤᠯᠠᠨ ᠲᠦᠮᠡᠨ᠎ᠢ ᠲᠠᠢ᠍ᠢᠴᠢᠯᠠᠵᠤ᠂ ᠳᠠᠢᠰᠤᠨ᠎ᠤ ᠠᠷᠤ ᠲᠠᠯ᠎ᠠ᠎ᠶᠢ ᠰᠠᠮᠠᠭᠤᠷᠠᠭᠤᠯᠬᠤ ᠪᠠ ᠳᠠᠢᠰᠤᠨ᠎ᠢ ᠬᠣᠷᠢᠭ᠍ᠯᠠᠬᠤ᠎ᠶᠢᠨ ᠲᠥᠯᠥᠭᠡ᠂ ᠸᠠᠩ ᠮᠢᠩ ᠬᠦᠢ᠂ ᠸᠠᠩ ᠵᠢᠶᠦ᠋ᠨ᠂ ᠴᠧᠨ ᠯᠧᠢ ᠨᠠᠷ ᠭᠤᠷᠪᠠᠳᠤᠭᠠᠷ ᠰᠠᠯᠪᠤᠷᠢ ᠠᠩᠭᠢ᠎ᠶᠢ ᠳᠠᠭᠠᠭᠤᠯᠵᠤ᠂ ᠭᠤᠷᠪᠠᠳᠤᠭᠠᠷ ᠤᠳᠠᠭ᠎ᠠ ᠨᠤᠨ ᠮᠥᠷᠡᠨ᠎ᠢ ᠭᠡᠲᠦᠯᠦᠨ ᠬᠥᠯᠥᠨ ᠪᠤᠢ᠍ᠢᠷ ᠣᠷᠣᠨ᠎ᠳᠤ ᠣᠷᠣᠵᠤ᠂ ᠦᠷᠭᠦᠯᠵᠢᠯᠡᠨ ᠪᠤᠳᠬ᠎ᠠ ᠬᠣᠰᠢᠭᠤ᠂ ᠠᠷᠤᠨ ᠬᠣᠰᠢᠭᠤ᠂ ᠮᠣᠷᠢᠨᠳᠠᠪᠠᠭ᠎ᠠ ᠬᠣᠰᠢᠭᠤ᠂ ᠪᠠᠶᠠᠨ ᠬᠣᠰᠢᠭᠤ᠂ ᠪᠤᠭᠤᠲᠤ᠂ ᠶᠠᠭ᠍ᠰᠢ ᠣᠷᠴᠢᠮ᠎ᠢᠶᠠᠷ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠢ ᠲᠠᠢ᠍ᠢᠴᠢᠯᠠᠵᠥ᠂ ᠫᠠᠷᠲ᠋ᠢᠽᠠᠨ ᠲᠠᠢ᠍ᠢᠨ ᠥᠷᠨᠢᠭᠦᠯᠪᠡ᠃ 10 ᠰᠠᠷ᠎ᠠ᠎ᠶᠢᠨ ᠡᠬᠢ᠎ᠪᠡᠷ᠂ ᠡᠪᠦᠯ᠎ᠦᠨ ᠬᠤᠪᠴᠠᠰᠤ᠎ᠶᠢᠨ ᠠᠰᠠᠭᠤᠳᠠᠯ ᠵᠢᠡᠨ ᠰᠢᠢᠳᠪᠦᠷᠢᠯᠡᠬᠦ᠎ᠶᠢᠨ ᠲᠥᠯᠥᠭᠡ᠂ ᠭᠤᠷᠪᠠᠳᠤᠭᠠᠷ ᠰᠠᠯᠪᠤᠷᠢ ᠠᠩᠭᠢ ᠳᠠᠭᠤᠷ ᠦᠨᠳᠦᠰᠦᠲᠡᠨ᠎ᠦ ᠠᠩᠴᠢᠨ ᠮᠧᠨᠭ ᠳ᠋ᠸ ᠷᠧᠨ᠎ᠢᠶᠠᠷ ᠵᠠᠮᠴᠢᠯᠠᠭᠤᠯᠵᠤ᠂ ᠢᠯᠢᠶᠡᠳ᠎ᠤᠨ ᠭᠤᠤ᠎ᠶᠢᠨ ᠮᠠᠨᠵᠤ ᠲᠡᠮᠦᠷ ᠵᠠᠮ᠎ᠤᠨ ᠣᠢ ᠰᠢᠭᠤᠢ᠎ᠶᠢᠨ ᠭᠠᠵᠠᠷ᠎ᠢ ᠬᠡᠨᠡᠳᠡᠬᠦᠯᠦᠨ ᠳᠠᠭᠠᠷᠢᠵᠤ᠂ ᠳᠠᠷᠠᠭ᠎ᠠ ᠨᠢ ᠣᠷᠴᠣᠨ ᠦᠨᠳᠦᠰᠦᠲᠡᠨ᠎ᠦ ᠣᠯᠠᠨ ᠲᠦᠮᠡᠨ᠎ᠦ ᠲᠥᠪᠯᠡᠷᠡᠨ ᠰᠠᠭᠤᠷᠢᠰᠢᠭ᠍ᠰᠠᠨ ᠣᠷᠣᠨ᠎ᠳᠤ ᠣᠷᠣᠵᠤ᠂ ᠠᠢᠮᠠᠭ᠎ᠤᠨ ᠲᠦᠷᠦᠭᠦᠦ ᠭᠠᠢ ᠱᠠᠨ ᠪᠣᠯᠣᠨ ᠣᠷᠴᠣᠨ ᠦᠨᠳᠦᠰᠦᠲᠡᠨ᠎ᠦ ᠣᠯᠠᠨ ᠲᠦᠮᠡᠨ᠎ᠦ ᠢᠲᠡᠭᠡᠯ ᠬᠦᠷᠢᠶᠡᠯᠡᠯ᠎ᠢ ᠣᠯᠵᠤ᠂  ᠵᠠᠯᠠᠭᠤ ᠠᠩᠴᠢᠳ ᠭᠤᠷᠪᠠᠳᠤᠭᠠᠷ ᠰᠠᠯᠪᠤᠷᠢ ᠠᠩᠭᠢ᠎ᠳᠤ ᠣᠷᠣᠯᠴᠠᠪᠠ᠃ ᠭᠠᠢ ᠱᠠᠨ ᠨᠠᠷ᠎ᠦᠨ ᠬᠠᠪᠰᠤᠷᠤᠯᠭ᠎ᠠ ᠳᠣᠣᠷ᠎ᠠ᠂ ᠭᠤᠷᠪᠠᠳᠤᠭᠠᠷ ᠰᠠᠯᠪᠤᠷᠢ ᠠᠩᠭᠢ ᠶᠠᠫᠤᠨ ᠬᠥᠮᠥᠨ᠎ᠦ ᠡᠵᠡᠩᠨᠡᠵᠦ ᠪᠠᠢᠭᠰᠠᠨ ᠢ ᠾᠧ ᠺᠣᠮᠫᠠᠨᠢ᠎ᠶᠢ ᠠᠮᠵᠢᠯᠲᠠᠲᠠᠢ ᠳᠠᠭᠠᠷᠢᠭ᠍ᠰᠠᠨ᠎ᠤ ᠳᠠᠷᠠᠭ᠎ᠠ᠂ ᠶᠠᠭ᠍ᠰᠢ᠎ᠡᠴᠡ ᠤᠮᠠᠷᠠᠰᠢᠬᠢ ᠵᠠᠳᠤᠨ ᠭᠣᠣᠯ᠎ᠤᠨ ᠣᠷᠴᠢᠮ ᠪᠠᠢᠯᠳᠤᠪᠠ᠃ 12 ᠰᠠᠷ᠎ᠠ᠎ᠳᠤ᠂ ᠭᠤᠷᠪᠠᠳᠤᠭᠠᠷ ᠰᠠᠯᠪᠤᠷᠢ ᠠᠩᠭᠢ ᠬᠥᠯᠥᠨ ᠪᠣᠶ᠋ᠢᠷ ᠣᠷᠣᠨ᠎ᠡᠴᠡ ᠰᠠᠯᠵᠤ᠂ ᠳᠤᠮᠳᠠᠳᠤ ᠵᠥᠪᠯᠡᠯᠲᠦ᠎ᠶᠢᠨ ᠬᠢᠯᠢ᠎ᠳᠡᠬᠢ ᠬᠤᠮᠠ ᠭᠣᠣᠯ᠎ᠤᠨ ᠡᠷᠭᠢ ᠳᠠᠭᠠᠤ ᠠᠮᠠᠷᠠᠨ ᠴᠡᠭᠴᠡᠯᠡᠪᠡ᠃ 1942 ᠣᠨ᠎ᠤ ᠡᠬᠢ᠎ᠪᠡᠷ᠂ ᠭᠤᠷᠪᠠᠳᠤᠭᠠᠷ ᠰᠠᠯᠪᠤᠷᠢ ᠠᠩᠭᠢ ᠨᠤᠨ ᠮᠥᠷᠡᠨ᠎ᠦ ᠲᠠᠯ᠎ᠠ ᠭᠠᠵᠠᠷ᠎ᠲᠤ ᠳᠠᠬᠢᠨᠲᠠ ᠪᠤᠴᠠᠵᠤ᠂ ᠶᠠᠫᠤᠨ ᠴᠡᠷᠢᠭ᠂ ᠬᠠᠭᠤᠷᠮᠠᠭ ᠴᠡᠷᠢᠭ᠎ᠲᠠᠢ ᠤᠳᠠᠭ᠎ᠠ ᠳᠠᠷᠠᠭᠠᠯᠠᠨ ᠰᠢᠷᠦᠭᠦᠨ ᠪᠠᠢᠯᠳᠤᠵᠤ᠂ ᠤᠯᠠᠨ ᠬᠥᠮᠥᠨ ᠪᠡᠶ᠎ᠡ ᠦᠷᠡᠭᠳᠡᠪᠡ᠃ 1942 ᠣᠨ᠎ᠤ 2 ᠰᠠᠷ᠎ᠠ᠎ᠶᠢᠨ 26᠎ᠤ᠋ ᠡᠳᠦᠷ᠂ ᠸᠠᠩ ᠮᠢᠩ ᠬᠦᠢ ᠵᠣᠯ᠎ᠢᠶᠠᠷ ᠠᠮᠢᠳᠤ ᠦᠯᠡᠳᠡᠭᠰᠡᠨ 11 ᠪᠠᠢᠯᠳᠤᠭ᠍ᠴᠢ᠎ᠪᠠᠨ ᠳᠠᠭᠠᠭᠤᠯᠤᠨ ᠬᠥᠯᠥᠨ ᠪᠤᠢ᠍ᠢᠷ ᠣᠷᠣᠨ᠎ᠡᠴᠡ ᠰᠠᠯᠵᠤ᠂ ᠵᠥᠪᠯᠡᠯᠲᠦ ᠬᠣᠯᠪᠣᠭᠠᠲᠤ ᠤᠯᠤᠰ᠎ᠤᠨ ᠬᠢᠯᠢ᠎ᠳᠦ ᠤᠬᠤᠷᠢᠨ ᠣᠷᠣᠵᠤ ᠠᠮᠠᠷᠠᠨ ᠴᠡᠭᠴᠡᠯᠡᠪᠡ᠃ ᠭᠤᠷᠪᠠᠳᠤᠭᠠᠷ ᠰᠠᠯᠪᠤᠷᠢ ᠠᠩᠭᠢ ᠭᠤᠷᠪᠠᠳᠤᠭᠠᠷ ᠤᠳᠠᠭ᠎ᠠ ᠬᠥᠯᠥᠨ ᠪᠤᠢ᠍ᠢᠷ ᠣᠷᠣᠨ᠎ᠳᠤ ᠣᠷᠣᠬᠤ ᠬᠤᠭᠤᠴᠠᠭᠠᠨ᠎ᠳᠤ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠬᠣᠢᠲᠤ ᠮᠠᠨᠵᠤ ᠮᠤᠵᠢ᠎ᠶᠢᠨ ᠬᠣᠷᠢᠶ᠎ᠠ ᠪᠣᠯᠣᠨ ᠶᠠᠫᠤᠨ᠎ᠢ ᠡᠰᠡᠷᠭᠦᠴᠡᠬᠦ ᠬᠣᠯᠪᠣᠭᠠᠲᠤ ᠴᠡᠷᠢᠭ᠎ᠦᠨ ᠭᠤᠷᠪᠠᠳᠤᠭᠠᠷ ᠵᠠᠮ᠎ᠤᠨ ᠴᠡᠷᠢᠭ᠎ᠦᠨ ᠵᠢᠯᠤᠭᠣᠳᠬᠤ ᠭᠠᠵᠠᠷ ᠶᠢᠰᠦᠳᠦᠭᠡᠷ ᠰᠠᠯᠪᠤᠷᠢ ᠠᠩᠭᠢ᠎ᠶᠢ ᠲᠣᠮᠢᠯᠠᠨ ᠠᠷᠤᠨ ᠬᠣᠰᠢᠭᠤ᠂ ᠮᠣᠷᠢᠨᠳᠠᠪᠠᠭ᠎ᠠ ᠳᠠᠭᠤᠷ ᠦᠨᠳᠦᠰᠦᠲᠡᠨ᠎ᠦ ᠥᠪᠡᠷᠲᠡᠭᠡᠨ ᠵᠠᠰᠠᠬᠤ ᠬᠣᠰᠢᠭᠤᠨ᠎ᠳᠤ ᠣᠴᠢᠭᠤᠯᠵᠤ᠂ ᠭᠤᠷᠪᠠᠳᠤᠭᠠᠷ ᠰᠠᠯᠪᠤᠷᠢ ᠠᠩᠭᠢ᠎ᠶᠢᠨ ᠠᠵᠢᠯᠯᠠᠭ᠎ᠠ᠎ᠳᠤ ᠬᠠᠮᠵᠢᠯᠴᠠᠭᠤᠯᠪᠠ᠃ 1941 ᠣᠨ᠎ᠤ 9 ᠰᠠᠷ᠎ᠠ᠎ᠶᠢᠨ ᠰᠡᠭᠦᠯᠴᠢ᠎ᠪᠡᠷ᠂ ᠶᠢᠰᠦᠳᠦᠭᠡᠷ ᠰᠠᠯᠪᠤᠷᠢ ᠠᠩᠭᠢ᠎ᠶᠢᠨ ᠺᠣᠮᠢᠰᠰᠠᠷ ᠭᠦᠸᠧ ᠲᠢᠶᠸ ᠵᠢᠶᠠᠨ᠂ ᠱᠲ᠋ᠠᠪ᠎ᠤᠨ ᠳᠠᠷᠤᠭ᠎ᠠ ᠼᠤᠤ ᠢᠦᠢ ᠺᠦᠢ ᠨᠠᠷ ᠮᠣᠷᠢᠨᠳᠠᠪᠠᠭ᠎ᠠ ᠳᠠᠭᠤᠷ ᠦᠨᠳᠦᠰᠦᠲᠡᠨ᠎ᠦ ᠥᠪᠡᠷᠲᠡᠭᠡᠨ ᠵᠠᠰᠠᠬᠤ ᠬᠣᠰᠢᠭᠤᠨ᠎ᠤ ᠬᠣᠢᠲᠤ ᠬᠡᠰᠡᠭ᠎ᠦᠨ ᠭᠤᠨᠢ ᠲᠣᠰᠬᠣᠨ᠎ᠤ ᠪᠠᠢᠯᠳᠤᠭᠠᠨ᠎ᠳᠤ ᠪᠡᠶ᠎ᠡ ᠦᠷᠡᠭᠳᠡᠵᠦ᠂ ᠵᠢᠭᠠᠨ ᠵᠢᠯᠣᠭᠣᠳᠤᠭ᠍ᠴᠢ ᠰᠦᠨ ᡁᠢ ᠶᠤᠸᠠᠨ ᠠᠷᠪᠠᠨ ᠬᠡᠳᠦᠨ ᠬᠥᠮᠥᠨ᠎ᠢ ᠳᠠᠭᠠᠭᠤᠯᠤᠨ ᠪᠦᠰᠡᠯᠡᠯᠲᠡ᠎ᠶᠢ ᠰᠢᠪᠲᠤᠯᠵᠤ᠂ ᠤᠯᠠᠨ ᠲᠦᠮᠡᠨ᠎ᠦ ᠬᠠᠮᠠᠭᠠᠯᠠᠯ ᠳᠣᠣᠷ᠎ᠠ ᠠᠷᠤᠨ ᠬᠣᠰᠢᠭᠤᠨ᠎ᠳᠤ ᠣᠷᠣᠵᠤ ᠦᠷᠭᠦᠯᠵᠢᠯᠡᠨ ᠪᠠᠢᠯᠳᠤᠵᠤ᠂ 1942 ᠣᠨ᠎ᠤ ᠨᠠᠮᠤᠷ ᠪᠣᠯᠲᠠᠯ᠎ᠠ ᠪᠠᠢᠯᠳᠤᠪᠠ᠃

1939 ᠣᠨ᠎ᠤ ᠰᠡᠭᠦᠯᠴᠢ᠎ᠡᠴᠡ 1942 ᠣᠨ ᠪᠣᠯᠲᠠᠯ᠎ᠠ᠂ ᠵᠡᠭᠦᠨ ᠬᠣᠢᠲᠤ᠎ᠶᠢᠨ ᠶᠠᠫᠤᠨ᠎ᠢ ᠡᠰᠡᠷᠭᠦᠴᠡᠬᠦ ᠬᠣᠯᠪᠣᠭᠠᠲᠤ ᠴᠡᠷᠢᠭ ᠬᠥᠯᠥᠨ ᠪᠤᠢ᠍ᠢᠷ ᠣᠷᠣᠨ᠎ᠵᠢᠡᠷ ᠭᠤᠷᠪᠠ ᠤᠳᠠᠭ᠎ᠠ ᠬᠦᠷᠴᠤ᠂ ᠬᠦᠴᠢᠷ ᠪᠡᠷᠬᠡᠰᠢᠶᠡᠯ᠎ᠢ ᠲᠤᠭᠤᠯᠤᠨ᠂ ᠪᠠᠭᠠᠲᠤᠷᠯᠢᠭ᠎ᠵᠢᠡᠷ ᠪᠠᠢᠯᠳᠤᠵᠤ᠂ ᠶᠠᠫᠤᠨ᠎ᠢ ᠡᠰᠡᠷᠭᠦᠴᠡᠬᠦ ᠫᠠᠷᠲ᠋ᠢᠽᠠᠨ ᠳᠠᠢ᠍ᠢᠨ᠎ᠢ ᠥᠷᠨᠢᠭᠦᠯᠵᠦ᠂ ᠶᠠᠫᠤᠨ᠎ᠢ ᠡᠰᠡᠷᠭᠦᠴᠡᠬᠦ ᠬᠣᠯᠪᠣᠭᠠᠲᠤ ᠴᠡᠷᠢᠭ᠎ᠦᠨ ᠠᠵᠢᠯᠯᠠᠭᠠᠨ᠎ᠤ ᠣᠷᠣᠨ ᠪᠦᠰᠡ᠎ᠶᠢ ᠥᠷᠭᠡᠳᠬᠡᠭᠰᠡᠨ᠎ᠢᠶᠡᠷ ᠪᠠᠷᠠᠬᠤ ᠦᠭᠡᠢ᠂ ᠥᠪᠥᠷ ᠮᠣᠩᠭᠣᠯ᠎ᠤᠨ ᠵᠡᠭᠦᠨ ᠬᠡᠰᠡᠭ᠎ᠦᠨ ᠭᠠᠵᠠᠷ ᠣᠷᠣᠨ᠎ᠤ ᠶᠠᠫᠤᠨ᠎ᠢ ᠡᠰᠡᠷᠭᠦᠴᠡᠬᠦ ᠲᠡᠮᠡᠴᠡᠯ᠎ᠢ ᠠᠬᠢᠭᠤᠯᠬᠤ᠎ᠳᠤ ᠬᠤᠪᠢ ᠨᠡᠮᠡᠷᠢ ᠦᠵᠡᠭᠦᠯᠵᠡᠢ᠃                   

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号