ᠡᠮᠴᠢ ᠵᠢᠨ ᠰᠠᠨᠠᠭᠤᠯᠭ᠎ᠠ ᠵᠢ ᠰᠤᠨᠤᠰᠤᠭᠠᠷᠠᠢ
2026-06-22 16:19:13
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠡᠮᠴᠢ ᠨᠠᠷ ᠤᠷᠲᠤ᠌ ᠬᠤᠭᠤᠴᠠᠭ᠎ᠠ᠎ᠪᠠᠷ ᠭᠤᠤᠷᠰᠤ᠎ᠪᠠᠷ ᠤᠰᠤ ᠤᠤᠭᠤᠬᠤ᠎ᠶᠢ ᠰᠠᠨᠠᠭᠠᠴᠢᠯᠠᠬᠤ ᠦᠭᠡᠢ ᠮᠦᠷᠳᠡᠬᠡᠨ ᠬᠣᠶᠠᠷ ᠲᠥᠷᠥᠯ᠎ᠤᠨ ᠬᠦᠮᠦᠰ ᠨᠡᠩ ᠢᠯᠡᠬᠦᠤ ᠠᠩᠬᠠᠷᠬᠤ ᠭᠡᠷᠡᠭᠳᠡᠢ ᠬᠡᠵᠤ ᠰᠠᠨᠠᠭᠤᠯᠤᠭᠰᠠᠠ ᠪᠠᠢᠨ᠎ᠠ᠃

ᠡᠷᠡᠭᠦᠯ ᠮᠡᠨᠳᠦ᠎ᠶᠢᠨ ᠲᠠᠯ᠎ᠠ᠎ᠠᠴᠠ ᠠᠪᠴᠤ᠌ ᠬᠡᠯᠡᠪᠡᠯ᠂ ᠣᠯᠠᠨ ᠵᠢᠨᠷ ᠵᠢᠨᠨ ᠪᠢᠳᠡᠭᠡᠢ ᠤᠷᠲᠤ᠌ ᠬᠤᠭᠤᠴᠠᠭ᠎ᠠ᠎ᠪᠠᠷ ᠭᠤᠤᠷᠰᠤ᠎ᠪᠠᠷ ᠤᠰᠤ ᠤᠤᠭᠤᠭᠠᠷᠠᠢ᠃ ᠤᠷᠲᠤ᠌ ᠬᠤᠭᠤᠴᠠᠭ᠎ᠠ᠎ᠪᠠᠷ ᠭᠤᠤᠷᠰᠤ᠎ᠪᠠᠷ ᠤᠰᠤ ᠤᠤᠭᠤᠬᠤ᠎ᠨᠢ ᠡᠷᠡᠭᠦᠯ ᠮᠡᠨᠳᠦ᠎ᠳᠤ ᠶᠠᠮᠠᠷ ᠶᠠᠮᠠᠷ ᠨᠥᠯᠥᠭᠡ ᠪᠤᠯᠳᠠᠭ ᠪᠤᠢ?

1. ᠶᠡᠬᠡ ᠬᠡᠮᠵᠢᠶᠡᠨ᠎ᠤ ᠪᠠᠺᠲ᠋ᠧᠷᠢ ᠡᠭᠦᠰᠤᠨ᠎ᠡ᠃ ᠭᠤᠤᠷᠰᠤᠨ ᠲᠤᠳᠤᠷᠠᠬᠢ ᠵᠢ ᠴᠡᠪᠡᠷᠬᠡᠨ ᠤᠬᠢᠶᠠᠬᠤ᠎ᠳᠤ ᠬᠦᠴᠢᠷ ᠪᠤᠯᠬᠤᠷ ᠣᠯᠠᠨ ᠤᠳᠠᠭ᠎ᠠ ᠬᠡᠷᠡᠭᠯᠡᠪᠡᠯ ᠭᠤᠤᠷᠰᠤᠨ᠎ᠤ ᠳᠣᠲᠣᠷ ᠬᠠᠨ᠎ᠠ᠎ᠳᠤ ᠶᠡᠬᠡ ᠬᠡᠮᠵᠢᠶᠡᠨ᠎ᠤ ᠪᠠᠺᠲ᠋ᠧᠷᠢ ᠡᠭᠦᠰᠳᠡᠭ᠃

2. ᠠᠮᠠᠷᠬᠠᠨ ᠬᠡᠢ ᠲᠦᠭᠦᠷᠦᠨ᠎ᠡ᠃ ᠭᠤᠤᠷᠰᠤ᠎ᠪᠠᠷ ᠤᠰᠤ ᠤᠤᠭᠤᠬᠤ᠎ᠳᠤ ᠰᠠᠨᠠᠭᠠᠨ᠎ᠳᠤ ᠦᠬᠡᠢ ᠬᠡᠢ ᠵᠠᠯᠬᠢᠵᠤ ᠠᠮᠠᠷᠬᠠᠨ ᠰᠢᠩᠭᠡᠭᠡᠯᠲᠡ᠎ᠶᠢᠨ ᠵᠠᠮ᠎ᠳᠤ ᠰᠣᠷᠣᠵᠤ ᠣᠷᠣᠭᠤᠯᠳᠠᠭ ᠪᠤᠯᠬᠤᠷ ᠬᠡᠶ ᠳᠦᠭᠦᠷᠬᠦ᠌ ᠵᠡᠷᠭᠡ ᠪᠠᠢᠳᠠᠯ ᠢᠯᠡᠷᠡᠵᠤ᠂ ᠰᠢᠩᠭᠡᠭᠡᠯᠲᠡ ᠮᠠᠭᠤᠳᠠᠬᠤ ᠶᠠᠪᠤᠳᠠᠯ ᠵᠦᠩᠳᠡᠬᠡᠨ ᠭᠠᠷᠳᠠᠭ ᠪᠠᠢᠨ᠎ᠠ᠃

3. ᠬᠡᠳᠦ ᠤᠯᠠᠨ ᠰᠢᠬᠢᠷ᠎ᠢ ᠰᠢᠩᠭᠡᠭᠡᠨ ᠠᠪᠳᠠᠭ᠃ ᠬᠡᠷᠪᠡ ᠰᠢᠬᠢᠷ᠎ᠲᠠᠢ ᠤᠮᠳᠠᠭᠠᠨ ᠤᠤᠭᠤᠬᠤ ᠳ᠋ᠥ ᠬᠦᠷᠪᠡᠯ᠂ ᠭᠤᠤᠷᠰᠤ᠎ᠪᠠᠷ ᠪᠠᠶ᠋ᠢᠨ ᠲᠠᠬᠢᠨ ᠤᠤᠭᠤᠵᠤ᠂ ᠰᠢᠬᠢᠷ ᠲᠠᠢ ᠤᠮᠳᠠᠭᠠᠨ᠎ᠢ ᠦᠷᠭᠦᠯᠵᠢᠯᠡᠬᠦᠢᠴᠠ ᠴᠢᠨᠠᠷᠳᠡᠢ ᠪᠡᠷ ᠤᠤᠭᠤᠬᠤ ᠳᠤᠰᠤᠮ ᠤᠤᠭᠤᠶ᠎ᠠ ᠬᠡᠵᠤ ᠪᠤᠳᠤᠭᠤᠯᠤᠨ᠎ᠠ᠂ ᠡᠨᠡ᠎ᠨᠢ ᠵᠣᠬᠢᠬᠤ ᠬᠡᠮᠵᠢᠶᠡᠨ ᠳᠡᠭᠡᠷ᠎ᠡ ᠬᠦᠮᠤᠰ᠎ᠢ ᠨᠡᠩ ᠤᠯᠠᠨ ᠰᠢᠬᠢᠷᠳᠤ ᠤᠮᠳᠠᠭᠠᠨ᠎ᠢ ᠤᠣᠭᠤᠯᠭᠠᠬᠤ ᠪᠤᠯᠤᠨ᠎ᠠ᠃

4. ᠤᠷᠤᠭᠤᠯ᠎ᠤᠨ ᠠᠳᠤᠷᠢᠶ᠎ᠠ ᠵᠢ ᠭᠦᠨ ᠪᠣᠯᠭᠠᠨ᠎ᠠ᠃ ᠭᠤᠤᠷᠰᠤ᠎ᠪᠠᠷ ᠤᠰᠤ ᠤᠤᠭᠤᠬᠤ᠎ᠳᠤ ᠣᠯᠠᠩᠬᠢ᠎ᠳᠠᠭᠠᠨ ᠨᠢᠭᠤᠷ᠎ᠤᠨ ᠪᠤᠯᠴᠢᠩ ᠪᠠ ᠤᠷᠤᠭᠤᠯ᠎ᠤᠨ ᠬᠡᠰᠡᠭ᠎ᠤᠨ ᠪᠤᠯᠴᠢᠩ᠎ᠢ ᠨᠠᠩ ᠣᠯᠠᠨ ᠤᠳᠠᠭ᠎ᠠ ᠬᠥᠳᠡᠯᠭᠡᠳᠡᠭ ᠪᠤᠯᠬᠤᠷ ᠤᠷᠤᠭᠤᠯ᠎ᠤᠨ ᠬᠥᠪᠡᠭᠡ ᠪᠤᠯᠤᠨ ᠨᠢᠭᠤᠷ᠎ᠤᠨ ᠬᠡᠰᠡᠭ᠎ᠤᠨ ᠠᠳᠤᠷᠢᠶ᠎ᠠ ᠵᠢ ᠭᠦᠨ ᠪᠣᠯᠭᠠᠳᠠᠭ᠃

5. 65 ᠨᠠᠰᠤᠨ᠎ᠠᠴᠠ ᠳᠡᠭᠡᠭᠰᠢᠬᠢ ᠨᠠᠰᠤᠲᠠᠶ᠋ᠢᠴᠤᠳ᠂ ᠤᠳᠠᠭᠠᠨ ᠲᠦᠭᠵᠢᠷᠡᠬᠦ᠌ ᠴᠢᠨᠠᠷᠲᠠᠶ ᠠᠭᠤᠰᠬᠢᠨ᠎ᠤ ᠡᠪᠡᠳᠴᠢᠲᠡᠨ ᠠᠯᠢ ᠡᠰᠡᠬᠦᠯ᠎ᠠ ᠰᠢᠳᠦ ᠰᠣᠯᠢᠬᠤ ᠨᠠᠰᠤᠨ᠎ᠳᠤ ᠪᠠᠶ᠋ᠢᠭ᠎ᠠ ᠬᠡᠦᠬᠡᠳ ᠤᠷᠲᠤ᠌ ᠬᠤᠭᠤᠴᠠᠭ᠎ᠠ᠎ᠪᠠᠷ ᠭᠤᠤᠷᠰᠤ᠎ᠪᠠᠷ ᠤᠰᠤ ᠤᠤᠭᠤᠪᠠᠯ ᠠᠮᠠ᠎ᠨᠢ ᠲᠤᠷᠪᠤᠶ᠋ᠢᠵᠦ᠍ ᠮᠡᠳᠡᠨ᠎ᠡ᠃

ᠡᠢᠮᠤ ᠡᠴᠨ ᠪᠡᠨ ᠦᠷᠬᠦᠯᠵᠢ ᠵᠢᠨ ᠴᠢᠨᠠᠷᠳᠡᠢ ᠭᠤᠤᠷᠰᠤ᠎ᠪᠠᠷ ᠤᠰᠤ ᠤᠤᠭᠤᠬᠤ᠎ᠡᠴᠠ ᠵᠠᠶ᠋ᠢᠯᠠᠰᠬᠢᠬᠦ᠌ ᠵᠢ ᠠᠩᠬᠠᠷᠬᠤ ᠭᠡᠷᠡᠭᠳᠡᠢ᠃

(《ᠠᠷᠠᠳ᠎ᠤᠨ ᠰᠦᠯᠵᠢᠶ᠎ᠠ》 ᠡᠴᠨ ᠨᠠᠢᠷᠠᠭᠤᠯᠤᠨ ᠠᠪᠤᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号