ᠮᠠᠯᠵᠢᠬᠤ ᠡᠷᠦᠬᠡ ᠪᠤᠯᠤᠨ ᠰᠤᠳᠤᠯᠭᠠᠨ ᠤ᠋ ᠪᠠᠢᠭᠤᠯᠤᠮᠵᠢ ᠵᠢᠨ ᠬᠠᠮᠳᠤᠷᠠᠯᠴᠠᠭᠠᠨ ᠤ᠋ ᠰᠢᠨ᠎ᠠ ᠦᠷ᠎ᠠ ᠪᠦᠳᠦᠮᠵᠢ — ᠲᠠᠴᠢᠷ ᠨᠢᠮᠬᠡᠨ ᠲᠠᠮᠤᠴᠢ ᠵᠢᠨ ᠲᠠᠯ᠎ᠠ ᠳ᠋ᠤ ᠰᠦᠯ ᠰᠠᠢᠳᠠᠢ ᠡᠪᠡᠰᠤ ᠲᠠᠷᠢᠭᠠᠳ ᠠᠮᠵᠢᠯᠳᠠ ᠤᠯᠪᠠ
2026-06-22 09:12:29
ᠵᠣᠬᠢᠶᠠᠭ᠍ᠴᠢ᠄
ᠨᠠᠮᠤᠭ ᠴᠤᠪᠤᠭᠤ
ᠣᠩᠱᠢᠭ᠍ᠰᠠᠨ ᠣᠳᠠᠭ᠎ᠠ᠄
★★★☆☆

5 ᠰᠠᠷ᠎ᠠ ᠵᠢᠨ 24 ᠤ᠋ ᠡᠳᠦᠷ᠂ ᠪᠢᠳᠡ ᠲᠠᠮᠤᠴᠢ ᠵᠢᠨ ᠲᠠᠯ᠎ᠠ ᠳ᠋ᠤ ᠰᠠᠭᠤᠷᠢᠰᠢᠭ᠎ᠠ ᠮᠠᠯᠴᠢᠨ ᠦᠯᠵᠡᠢᠨᠠᠷᠠᠨ ᠤ᠋ ᠳ᠋ᠤ ᠬᠦᠷᠴᠠᠢ᠃ ᠬᠦᠷᠢᠶᠡᠨ ᠳ᠋ᠤᠨᠢ ᠠᠷᠪᠠᠭᠠᠳ ᠲᠤᠮᠤ ᠪᠦᠭᠡᠷᠡᠩᠬᠡᠢ ᠪᠤᠭᠤᠯᠲᠠ ᠲᠠᠢ ᠡᠪᠡᠰᠤ ᠬᠠᠷᠠᠭᠳᠠᠬᠤ ᠪᠡᠷ ᠨᠢ ᠰᠠᠶᠢᠬᠠᠨ ᠳᠠᠭᠤᠰᠤᠭᠰᠠᠨ ᠬᠠᠪᠤᠷ ᠤ᠋ᠨ ᠤᠯᠠᠷᠢᠯ ᠤ᠋ᠨ ᠨᠤᠳᠤᠭ ᠪᠡᠯᠴᠢᠭᠡᠷ ᠢ᠋ ᠠᠮᠠᠷᠠᠭᠤᠯᠬᠤ ᠬᠤᠭᠤᠴᠠᠭᠠᠨ ᠳ᠋ᠤ ᠨᠦᠭᠡᠴᠡᠯᠡᠭᠰᠡᠨ ᠲᠠᠵᠢᠬᠡᠯ ᠡᠪᠡᠰᠤᠨ ᠤ᠋ ᠬᠢᠨᠢ ᠦᠯᠡᠳᠡᠪᠦᠷᠢ ᠪᠠᠢᠬ᠎ᠠ ᠭᠡᠵᠤ ᠪᠤᠳᠤᠭᠠᠳ 《ᠡᠨᠡ ᠵᠢᠯ ᠤ᠋ᠨ ᠬᠠᠰᠢᠶᠠᠯᠠᠭ᠎ᠠ ᠵᠢᠨ ᠬᠤᠭᠤᠴᠠᠭᠠᠨ ᠳ᠋ᠤ ᠬᠡᠳᠦᠢ ᠡᠪᠡᠰᠤ ᠬᠤᠳᠠᠯᠳᠤᠵᠤ ᠠᠪᠤᠭᠰᠠᠨ ᠪᠤᠢ?》 ᠬᠡᠵᠤ ᠠᠰᠠᠭᠤᠬᠤ ᠳ᠋ᠤ᠄ 《ᠮᠠᠨ ᠤ᠋ ᠬᠢ ᠡᠨᠡ ᠬᠠᠪᠤᠷ ᠡᠪᠡᠰᠤ ᠬᠤᠳᠠᠯᠳᠤᠵᠤ ᠠᠪᠤᠭᠰᠠᠨ ᠦᠭᠡᠢ᠂ ᠨᠢᠳᠦᠨᠤᠨ ᠤ᠋ ᠲᠠᠷᠢᠵᠤ ᠬᠤᠷᠢᠶᠠᠭᠰᠠᠨ ᠡᠪᠡᠰᠤᠨ ᠤ᠋ ᠦᠯᠡᠳᠡᠪᠦᠷᠢ ᠨᠢ ᠡᠨᠡ ᠪᠠᠢᠨ᠎ᠠ》 ᠭᠡᠵᠤ ᠦᠯᠵᠡᠢᠨᠠᠷᠠᠨ ᠪᠤᠭᠤᠯᠲᠠ ᠲᠠᠢ ᠡᠪᠡᠰᠤ ᠪᠠᠨ ᠵᠢᠭᠠᠵᠤ ᠬᠡᠯᠡᠨ᠎ᠡ᠃


90a668c6-514e-4faa-aad7-c12b2afaf607.png


ᠦᠯᠵᠡᠢᠨᠠᠷᠠᠨ ᠪᠤᠯ ᠰᠢᠯᠢ ᠵᠢᠨ ᠭᠤᠤᠯ ᠠᠢᠮᠠᠭ ᠤ᠋ᠨ ᠰᠦᠨᠢᠳ ᠵᠡᠭᠦᠨ ᠬᠤᠰᠢᠭᠤᠨ ᠤ᠋ ᠮᠠᠨᠳᠠᠯᠲᠤ ᠪᠠᠯᠭᠠᠰᠤ ᠵᠢᠨ ᠳᠠᠷᠬᠠᠨᠰᠢᠯᠢ ᠭᠠᠴᠠᠭᠠᠨ ᠤ᠋ ᠮᠠᠯᠴᠢᠨ ᠶᠤᠮ᠃ ᠲᠡᠷᠡ ᠦᠪᠦᠷ ᠮᠤᠩᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠲᠠᠷᠢᠶᠠᠯᠠᠩ ᠮᠠᠯ ᠠᠵᠤ ᠠᠬᠤᠢ ᠵᠢᠨ ᠰᠢᠨᠵᠢᠯᠡᠬᠦ ᠤᠬᠠᠭᠠᠨ ᠤ᠋ ᠬᠦᠷᠢᠶᠡᠯᠡᠩ ᠲᠠᠢ ᠬᠠᠮᠳᠤᠷᠠᠨ ᠲᠠᠴᠢᠷ ᠨᠢᠮᠬᠡᠨ ᠲᠠᠮᠤᠴᠢ ᠵᠢᠨ ᠲᠠᠯ᠎ᠠ ᠳ᠋ᠤ ᠰᠦᠯ ᠰᠠᠢᠲᠠᠢ ᠡᠪᠡᠰᠦ ᠲᠠᠷᠢᠭᠠᠳ ᠠᠮᠵᠢᠯᠳᠠ ᠤᠯᠪᠠ᠃ 《ᠲᠦᠷᠦᠭᠦᠭᠡᠨ ᠦᠪᠡᠷᠲᠡᠭᠡᠨ ᠵᠠᠰᠠᠬᠤ ᠤᠷᠤᠨ ᠤ᠋ ᠲᠠᠷᠢᠶᠠᠯᠠᠩ ᠮᠠᠯ ᠠᠵᠤ ᠠᠬᠤᠢ ᠵᠢᠨ ᠰᠢᠨᠵᠢᠯᠡᠬᠦ ᠤᠬᠠᠭᠠᠨ ᠤ᠋ ᠬᠦᠷᠢᠶᠡᠯᠡᠩ ᠤ᠋ᠨ ᠡᠷᠳᠡᠮᠲᠠᠨ ᠪᠠᠭᠰᠢ ᠨᠠᠷ ᠮᠠᠨ ᠤ᠋ ᠭᠤᠴᠢᠭᠠᠳ ᠮᠤ᠌ ᠭᠠᠵᠠᠷ ᠲᠤ᠌ ᠬᠠᠷᠭᠠᠨ᠎ᠠ᠂ ᠲᠡᠰᠬᠢ ᠬᠤᠶᠠᠷ ᠵᠦᠢᠯ ᠤ᠋ᠨ ᠭᠠᠩ ᠲᠠᠴᠢᠷ ᠲᠦ᠍ ᠲᠠᠭᠠᠭᠠᠴᠠᠳᠠᠢ ᠡᠪᠡᠰᠤ ᠲᠠᠷᠢᠵᠤ᠂ ᠰᠤᠳᠤᠯᠭᠠᠨ ᠵᠢᠡᠨ ᠦᠷᠭᠦᠯᠵᠢᠯᠡᠭᠦᠯᠵᠦ ᠪᠠᠢᠨ᠎ᠠ》 ᠭᠡᠵᠤ ᠦᠯᠵᠡᠢᠨᠠᠷᠠᠨ ᠲᠠᠨᠢᠯᠴᠠᠭᠤᠯᠤᠨ᠎ᠠ᠃

ᠦᠯᠵᠡᠢᠨᠠᠷᠠᠨ ᠤ᠋ ᠬᠢ 6500 ᠮᠤ᠌ ᠪᠡᠯᠴᠢᠭᠡᠷ ᠲᠡᠭᠡᠨ 200 ᠭᠠᠷᠤᠢ ᠬᠤᠨᠢ᠂ 100 ᠰᠢᠬᠠᠮ ᠦᠬᠡᠷ ᠮᠠᠯᠵᠢᠳᠠᠭ᠃ ᠮᠠᠯᠴᠢᠨ ᠬᠦᠮᠦᠨ ᠳ᠋ᠤ ᠠᠪᠴᠤ ᠬᠡᠯᠡᠪᠡᠯ ᠡᠪᠡᠰᠤ ᠪᠤᠷᠳᠤᠭ᠎ᠠ ᠬᠤᠳᠠᠯᠳᠤᠵᠤ ᠠᠪᠤᠨ᠎ᠠ ᠭᠡᠵᠤ ᠵᠢᠯ ᠳ᠋ᠡᠭᠡᠨ ᠪᠠᠭ᠎ᠠ ᠪᠤᠰᠤ ᠵᠠᠷᠤᠳᠠᠯ ᠭᠠᠷᠬᠤ ᠨᠢ ᠶᠠᠷᠢᠶᠠᠨ ᠦᠬᠡᠢ᠃ 《ᠠᠩᠬ᠎ᠠ ᠡᠬᠢᠯᠡᠬᠦ ᠦᠶᠡᠰ ᠭᠡᠷ ᠤ᠋ᠨ ᠵᠢᠡᠨ ᠬᠠᠵᠠᠭᠤ ᠬᠠᠪᠢ ᠵᠢᠨ ᠬᠠᠲᠠᠭᠤ ᠬᠠᠯᠴᠠᠭᠠᠢ ᠭᠠᠵᠠᠷ ᠳᠡᠭᠡᠷ᠎ᠡ ᠡᠪᠡᠰᠤ ᠲᠠᠷᠢᠬᠤ ᠶ᠋ᠢ ᠤᠷᠤᠯᠳᠤᠭᠰᠠᠨ᠃ ᠢᠩᠭᠢᠪᠡᠯ ᠨᠢᠭᠡ ᠲᠠᠯ᠎ᠠ ᠪᠡᠷ ᠭᠠᠵᠠᠷ ᠬᠠᠯᠴᠠᠭᠠᠢᠷᠠᠵᠤ ᠬᠠᠷᠠᠭᠳᠠᠬᠤ ᠦᠭᠡᠢ᠂ ᠬᠦᠮᠦᠨ ᠠᠮᠢᠲᠠᠨ ᠶᠠᠪᠤᠵᠤ ᠰᠠᠭᠤᠬᠤ ᠳ᠋ᠤ ᠰᠡᠳᠭᠢᠯ ᠲᠡᠨᠢᠭᠦᠨ᠂ ᠨᠦᠭᠦᠭᠡ ᠲᠠᠯ᠎ᠠ ᠪᠡᠷ ᠡᠪᠡᠰᠤ ᠲᠠᠷᠢᠪᠠᠯ ᠮᠠᠯ ᠤ᠋ᠨ ᠵᠢᠡᠨ ᠲᠡᠵᠢᠭᠡᠯ ᠡᠪᠡᠰᠤᠨ ᠤ᠋ ᠵᠠᠷᠤᠯᠭ᠎ᠠ ᠵᠢ ᠠᠷᠪᠢᠯᠠᠴᠢᠬᠠᠬᠤ ᠮᠦᠷᠳᠡᠬᠡᠨ ᠮᠠᠯ ᠤᠨᠤᠭ᠎ᠠ ᠵᠢᠡ ᠵᠢᠡᠨ ᠲᠠᠷᠭᠤ ᠬᠦᠴᠦ ᠵᠢ ᠪᠠᠳᠤᠯᠠᠵᠤ᠂ ᠬᠤᠳᠠᠯᠳᠤᠬᠤ ᠦᠶᠡᠰ ᠢᠯᠡᠭᠦᠦ ᠵᠤᠭᠤᠰ ᠤᠯᠴᠢᠬᠠᠨ᠎ᠠ》 ᠭᠡᠵᠤ ᠦᠯᠵᠡᠢᠨᠠᠷᠠᠨ ᠡᠪᠡᠰᠤ ᠲᠠᠷᠢᠬᠤ ᠪᠤᠳᠤᠯ ᠤᠷᠭᠤᠭᠰᠠᠨ ᠵᠤᠷᠢᠯᠳᠠ ᠪᠠᠨ ᠲᠠᠯᠬᠡᠯ᠎ᠠ᠃

《ᠵᠦᠭᠡᠷ ᠰᠠᠭᠤᠬᠤ ᠪᠡᠷ ᠵᠦᠯᠭᠦᠵᠤ ᠰᠠᠭᠤ》 ᠭᠡᠳᠡᠭᠴᠢᠯᠡᠨ᠂ ᠦᠯᠵᠡᠢᠨᠠᠷᠠᠨ 2020 ᠤᠨ ᠳ᠋ᠤ ᠦᠪᠡᠷ ᠤ᠋ᠨ ᠨᠤᠲᠤᠭ ᠳᠡᠭᠡᠷ᠎ᠡ ᠪᠡᠨ 50 ᠮᠤ᠌ ᠴᠠᠷᠭᠠᠰᠤ ᠲᠠᠷᠢᠵᠤ᠂ 30 ᠰᠢᠬᠠᠮ ᠮᠤ᠌ ᠶ᠋ᠢ ᠨᠢ ᠬᠠᠳᠤᠭᠠᠳ 53 ᠪᠤᠭᠤᠯᠲᠠ ᠡᠪᠡᠰᠤ ᠬᠤᠷᠢᠶᠠᠵᠠᠢ᠃ ᠲᠡᠷᠡ ᠬᠠᠮᠤᠭ ᠤ᠋ᠨ ᠠᠩᠬᠠᠨ ᠳ᠋ᠤ ᠬᠤᠨᠢᠨ ᠤ᠋ ᠬᠤᠷᠭᠤᠯ ᠬᠤᠭ ᠢ᠋ ᠨᠢᠭᠡ ᠳᠠᠪᠬᠤᠷ ᠳᠡᠪᠢᠰᠤᠬᠡᠳ ᠡᠪᠡᠰᠤᠨ ᠦᠷ᠎ᠡ ᠪᠡᠨ ᠰᠢᠭᠤᠳ ᠰᠠᠴᠤᠵᠤ᠂ ᠬᠤᠨᠢᠨ ᠤ᠋ ᠬᠤᠷᠭᠤᠯ ᠬᠤᠭ ᠨᠢ ᠢᠯᠡ ᠭᠠᠷᠴᠤ ᠰᠢᠮ᠎ᠠ ᠬᠦᠴᠦ ᠨᠢ ᠬᠦᠷᠦᠰᠦ ᠰᠢᠷᠤᠢ ᠳ᠋ᠤ ᠰᠠᠭᠤᠵᠤ ᠲᠠᠢᠯᠬᠦ ᠦᠬᠡᠢ ᠪᠤᠯᠬᠤᠷ ᠲᠠᠷᠢᠭᠰᠠᠨ ᠡᠪᠡᠰᠤᠨ ᠤ᠋ ᠤᠷᠭᠤᠯᠲᠠ ᠨᠢ ᠲᠡᠮᠠᠢ ᠰᠠᠢᠨ ᠪᠢᠰᠢ ᠪᠠᠢᠪᠠ᠃ ᠡᠨᠡ ᠬᠦ᠌ ᠠᠰᠠᠭᠤᠳᠠᠯ ᠢ᠋ ᠰᠢᠢᠳᠪᠦᠷᠢᠯᠡᠬᠦ ᠵᠢᠨ ᠲᠦᠯᠦᠭᠡ ᠲᠡᠷᠡ ᠳᠠᠷᠠᠭ᠎ᠠ ᠵᠢᠯ ᠡᠴᠡ ᠨᠢ ᠬᠤᠨᠢᠨ ᠤ᠋ ᠬᠤᠷᠭᠤᠯ ᠬᠤᠭ ᠲᠡᠭᠡᠷ᠎ᠡ ᠤᠰᠤ ᠰᠠᠴᠤᠵᠦ᠂ ᠬᠡᠰᠡᠭ ᠬᠤᠭᠤᠴᠠᠭ᠎ᠠ ᠢᠰᠭᠡᠭᠰᠡᠨ ᠤ᠋ ᠳᠠᠷᠠᠭ᠎ᠠ ᠲᠡᠮᠤᠷ ᠰᠠᠪᠠᠷ ᠵᠢᠡᠷ ᠬᠦᠷᠤᠰᠤᠨ ᠤ᠋ ᠦᠩᠭᠡᠨ ᠲᠠᠯ᠎ᠠ ᠶ᠋ᠢ ᠬᠤᠪᠬᠤᠯᠤᠨ ᠡᠪᠡᠰᠤᠨ ᠦᠷ᠎ᠡ᠂ ᠬᠤᠨᠢᠨ ᠤ᠋ ᠬᠤᠷᠭᠤᠯ ᠬᠤᠭ᠂ ᠬᠦᠷᠦᠰᠤ ᠰᠢᠷᠤᠢ ᠶ᠋ᠢ ᠰᠠᠢᠲᠤᠷ ᠬᠤᠯᠢᠵᠤ ᠲᠠᠯᠪᠢᠭᠰᠠᠨ ᠤ᠋ ᠳᠠᠷᠠᠭ᠎ᠠ ᠰᠦᠷᠴᠢᠭᠦᠷ ᠵᠢᠡᠷ ᠤᠰᠤᠯᠠᠬᠰᠠᠨ ᠳ᠋ᠤ ᠡᠪᠡᠰᠤᠨ ᠤ᠋ ᠤᠷᠭᠤᠯᠲᠠ ᠨᠢ ᠮᠡᠳᠡᠭᠳᠡᠮ᠎ᠡ ᠰᠠᠢᠵᠢᠷᠠᠭᠰᠠᠨ ᠪᠤᠯᠪᠠᠴᠤ ᠪᠠᠰᠠ ᠨᠢᠭᠡᠨ ᠠᠰᠠᠭᠤᠳᠠᠯ ᠳ᠋ᠤ ᠲᠤᠯᠭᠠᠷᠠᠯ᠎ᠠ᠃ ᠲᠠᠮᠤᠴᠢ ᠵᠢᠨ ᠲᠠᠯ᠎ᠠ ᠳ᠋ᠤ ᠬᠤᠷ᠎ᠠ ᠲᠤᠨᠳᠠᠰᠤ ᠬᠠᠷᠢᠴᠠᠩᠭᠤᠢ ᠴᠦᠬᠡᠨ ᠪᠤᠯᠬᠤᠷ ᠡᠨᠳᠡ ᠡᠪᠡᠰᠤ ᠲᠠᠷᠢᠬᠤ ᠳ᠋ᠤ ᠤᠰᠤ ᠠᠷᠪᠢᠯᠠᠬᠤ ᠶ᠋ᠢ ᠵᠠᠪᠠᠯ ᠪᠤᠳᠤᠯᠬᠢᠯᠠᠬᠤ ᠴᠢᠬᠤᠯᠠ ᠲᠠᠢ ᠶᠤᠮ᠂ ᠰᠦᠷᠴᠢᠭᠦᠷ ᠵᠢᠡᠷ ᠤᠰᠤᠯᠠᠬᠤ ᠨᠢ ᠨᠡᠯᠦᠢᠯᠭᠡᠵᠤ ᠤᠰᠤᠯᠠᠬᠤ ᠶ᠋ᠢ ᠪᠤᠳᠤᠪᠠᠯ ᠤᠰᠤᠨ ᠳ᠋ᠤ ᠠᠷᠪᠢᠳᠠᠢ ᠴᠦ᠍ ᠰᠦᠷᠴᠢᠬᠦ ᠶᠠᠪᠤᠴᠠ ᠳ᠋ᠤ ᠪᠠᠷᠤᠭ 20% ᠵᠢᠨ ᠤᠰᠤ ᠨᠢ ᠠᠭᠤᠷᠰᠢᠴᠢᠬᠠᠳᠠᠭ᠃ ᠦᠯᠵᠡᠢᠨᠠᠷᠠᠨ ᠪᠤᠳᠤᠵᠤ ᠪᠤᠳᠤᠭᠠᠳ ᠭᠠᠵᠠᠷ ᠲᠠᠭᠠᠨ ᠭᠤᠤᠷᠰᠤ ᠳᠡᠪᠢᠰᠴᠤ᠂ ᠭᠤᠤᠯ ᠭᠤᠤᠷᠰᠤ ᠲᠠᠢ ᠪᠠᠨ ᠵᠠᠯᠭᠠᠯᠳᠤᠭᠤᠯᠤᠨ ᠨᠠᠷᠢᠬᠠᠨ ᠰᠠᠯᠪᠤᠷᠢ ᠭᠤᠤᠷᠰᠤ ᠭᠠᠷᠭᠠᠨ 10 ᠰᠡᠨᠲ᠋ᠢᠮᠸᠲᠷ ᠤᠷᠴᠢᠮ ᠪᠤᠯᠠᠵᠤ ᠲᠠᠯᠪᠢᠭᠠᠳ ᠬᠡᠷᠡᠯᠴᠢ ᠴᠡᠨᠡᠭ ᠤ᠋ᠨ ᠬᠠᠪᠳᠠᠰᠤ ᠪᠡᠷ ᠴᠠᠬᠢᠯᠭᠠᠨ ᠭᠠᠷᠭᠠᠵᠤ ᠤᠰᠤ ᠲᠠᠲᠠᠨ᠂ ᠲᠠᠷᠢᠭᠰᠠᠨ ᠡᠪᠡᠰᠤ ᠪᠡᠨ ᠬᠤᠭᠤᠯᠠᠢ ᠪᠡᠷ ᠳᠠᠮᠵᠢᠨ ᠳᠤᠰᠤᠯᠭᠠᠨ ᠤᠰᠤᠯᠠᠪᠠ᠃ ᠢᠩᠭᠢᠭᠰᠡᠨ ᠵᠢᠡᠷ ᠤᠰᠤ ᠨᠢ ᠬᠦᠷᠦᠰᠦᠨ ᠳᠤᠤᠷᠠᠬᠢ ᠬᠤᠭᠤᠯᠠᠢ ᠵᠢᠨ ᠵᠢᠵᠢᠭ ᠰᠦᠪᠡ ᠪᠡᠷ ᠰᠢᠭᠤᠳ ᠡᠪᠡᠰᠤᠨ ᠤ᠋ ᠦᠨᠳᠦᠰᠦ ᠳ᠋ᠤ ᠬᠦᠷᠳᠡᠭ ᠪᠤᠯᠬᠤᠷ ᠬᠡᠮᠵᠢᠶ᠎ᠠ ᠬᠢᠵᠠᠭᠠᠷ ᠲᠠᠢ ᠤᠰᠤᠨ ᠤ᠋ ᠡᠬᠢ ᠪᠠᠶᠠᠯᠢᠭ ᠵᠢᠡᠨ ᠨᠡᠩ ᠪᠦᠲᠦᠮᠵᠢᠲᠠᠢ ᠨᠡᠩ ᠠᠷᠪᠢᠳᠠᠢ ᠠᠰᠢᠭᠯᠠᠬᠤ ᠬᠠᠷᠠᠯᠲᠠ ᠳ᠋ᠠᠭᠠᠨ ᠬᠦᠷᠴᠠᠢ᠃

ᠵᠤᠷᠢᠭ ᠪᠠᠢᠪᠠᠯ ᠵᠤᠤ ᠳ᠋ᠤ ᠬᠦᠷᠳᠡᠭ᠂ ᠦᠯᠵᠡᠢᠨᠠᠷᠠᠨ ᠤ᠋ ᠭᠠᠩ ᠬᠠᠭᠤᠷᠠᠢ ᠲᠠᠴᠢᠷ ᠨᠢᠮᠬᠡᠨ ᠲᠠᠮᠤᠴᠢ ᠵᠢᠨ ᠲᠠᠯ᠎ᠠ ᠳ᠋ᠤ ᠡᠪᠡᠰᠤ ᠲᠠᠷᠢᠬᠤ ᠪᠡᠷ ᠵᠤᠷᠢᠭ ᠰᠢᠭᠤᠳᠤᠭᠰᠠᠨ ᠪᠦᠬᠡᠳ ᠤᠷᠤᠯᠳᠤᠯᠭ᠎ᠠ ᠰᠠᠢᠳᠠᠢ ᠪᠠᠢᠬᠤ ᠵᠢ ᠳᠤᠭᠤᠯᠤᠭᠰᠠᠨ ᠦᠪᠡᠷᠲᠡᠭᠡᠨ ᠵᠠᠰᠠᠬᠤ ᠤᠷᠤᠨ ᠤ᠋ ᠲᠠᠷᠢᠶᠠᠯᠠᠩ ᠮᠠᠯ ᠠᠵᠤ ᠠᠬᠤᠢ ᠵᠢᠨ ᠰᠢᠨᠵᠢᠯᠡᠬᠦ ᠤᠬᠠᠭᠠᠨ ᠤ᠋ ᠬᠦᠷᠢᠶᠡᠯᠡᠩ ᠤ᠋ᠨ ᠡᠷᠳᠡᠮᠲᠠᠨ ᠪᠠᠭᠰᠢ ᠨᠠᠷ ᠲᠡᠬᠦᠨ ᠢ᠋ ᠡᠷᠢᠵᠤ ᠤᠴᠢᠨ ᠬᠠᠮᠳᠤᠷᠠᠨ ᠠᠵᠢᠯᠯᠠᠬᠤ ᠪᠡᠷ ᠶᠠᠷᠢᠯᠴᠠᠵᠤ ᠲᠤᠭᠳᠠᠭᠰᠠᠨ ᠬᠤᠢᠨ᠎ᠠ ᠨᠤᠲᠤᠭ ᠲᠡᠭᠡᠷ᠎ᠡ ᠨᠢ ᠶᠦᠷᠬᠦᠭ᠂ ᠲᠤᠭᠲᠤᠷᠭᠠᠨ᠎ᠠ᠂ ᠰᠢᠷ᠎ᠠ ᠬᠢᠶᠠᠭ᠂ ᠬᠦᠮᠡᠯᠢ᠂ ᠴᠠᠷᠭᠠᠰᠤ ᠵᠡᠷᠭᠡ ᠭᠠᠩ ᠲᠠᠴᠢᠷ ᠲᠦ᠍ ᠲᠠᠭᠠᠭᠠᠴᠠᠳᠠᠢ ᠨᠤᠲᠤᠭ ᠤ᠋ᠨ ᠡᠪᠡᠰᠤ ᠵᠢ ᠬᠠᠮᠳᠤ ᠪᠡᠷ ᠲᠤᠷᠰᠢᠨ ᠲᠠᠷᠢᠵᠤ᠂ 50 ᠭᠠᠷᠤᠢ ᠮᠤ᠌ ᠲᠠᠴᠢᠷ ᠨᠢᠮᠬᠡᠨ ᠪᠡᠯᠴᠢᠭᠡᠷ ᠢ᠋ ᠵᠠᠰᠠᠵᠤ ᠰᠡᠷᠭᠦᠭᠡᠭᠰᠡᠨ ᠪᠦᠭᠡᠳ ᠪᠠᠰᠠ ᠮᠠᠯ ᠤᠨᠤᠭ᠎ᠠ ᠪᠠᠨ ᠡᠪᠤᠯᠵᠢᠬᠦᠯᠬᠦ ᠲᠡᠵᠢᠭᠡᠯ ᠡᠪᠡᠰᠤ ᠶ᠋ᠢᠨ ᠨᠦᠬᠡᠴᠡ ᠲᠠᠢ ᠪᠤᠯᠵᠠᠢ᠃

《ᠲᠠᠮᠤᠴᠢ ᠵᠢᠨ ᠲᠠᠯ᠎ᠠ ᠨᠡᠢᠲᠡᠯᠢᠭ ᠴᠦᠯᠯᠡᠷᠬᠡᠭ ᠲᠠᠯ᠎ᠠ ᠨᠤᠲᠤᠭ ᠲᠤ᠌ ᠬᠠᠷᠢᠶᠠᠯᠠᠭᠳᠠᠨ᠎ᠠ᠃ ᠪᠢᠳᠡ ᠡᠨᠳᠡᠬᠢ ᠵᠢᠨ ᠪᠤᠳᠠᠳᠤ ᠪᠠᠢᠳᠠᠯ ᠳ᠋ᠤ ᠴᠢᠭᠯᠡᠭᠦᠯᠦᠨ ᠡᠪᠡᠰᠤᠨ ᠤ᠋ ᠡᠬᠦᠯᠳᠡᠷ ᠢ᠋ ᠰᠢᠨᠵᠢᠯᠡᠬᠦ ᠤᠬᠠᠭᠠᠨᠴᠢ ᠪᠡᠷ ᠲᠤᠬᠢᠷᠠᠭᠤᠯᠬᠤ ᠪᠠ ᠤᠰᠤ ᠪᠤᠷᠳᠤᠭᠤᠷ ᠢ᠋ ᠨᠢᠭᠡ ᠴᠤᠭᠴᠠᠵᠢᠭᠤᠯᠬᠤ ᠮᠡᠷᠭᠡᠵᠢᠯ ᠪᠤᠯᠤᠨ ᠠᠮᠢ ᠠᠬᠤᠢ ᠶ᠋ᠢ ᠵᠠᠰᠠᠨ ᠰᠡᠷᠭᠦᠭᠡᠬᠦ ᠤᠳᠠᠭᠠᠨ ᠵᠢᠯ ᠤ᠋ᠨ ᠲᠤᠷᠰᠢᠯᠭ᠎ᠠ ᠳ᠋ᠠᠭᠠᠨ ᠰᠠᠭᠤᠷᠢᠯᠠᠨ ᠦᠯᠵᠡᠢᠨᠠᠷᠠᠨ ᠤ᠋ ᠨᠤᠳᠤᠭ ᠲᠠᠬᠡᠷ᠎ᠠ ᠠᠮᠢ ᠠᠬᠤᠢ ᠶ᠋ᠢ ᠵᠠᠰᠠᠵᠤ ᠰᠡᠷᠭᠦᠭᠡᠬᠦ ᠲᠤᠷᠰᠢᠯᠲᠠ ᠵᠢᠨ ᠲᠤᠭᠤᠷᠢᠭ ᠭᠠᠷᠭᠠᠵᠤ᠂ ᠲᠠᠴᠢᠷ ᠨᠢᠮᠬᠡᠨ ᠪᠡᠯᠴᠢᠬᠡᠷ ᠢ᠋ ᠵᠠᠰᠠᠨ ᠰᠡᠷᠭᠦᠭᠡᠬᠦ ᠶᠡᠷᠦᠩᠬᠡᠢᠯᠡᠭᠰᠡᠨ ᠠᠮᠢ ᠠᠬᠤᠢ ᠵᠢᠨ ᠴᠢᠳᠠᠮᠵᠢ ᠵᠢᠴᠢ ᠲᠡᠵᠢᠭᠡᠯ ᠡᠪᠡᠰᠤᠨ ᠤ᠋ ᠭᠠᠷᠤᠯᠲᠠ ᠶ᠋ᠢ ᠮᠡᠳᠡᠭᠳᠡᠮ᠎ᠠ ᠳᠡᠭᠡᠭᠰᠢᠯᠡᠭᠦᠯᠦᠭᠰᠡᠨ ᠵᠢᠡᠷ ᠪᠠᠷᠠᠬᠤ ᠦᠬᠡᠢ ᠤᠢᠷ᠎ᠠ ᠬᠠᠪᠢ ᠵᠢᠨ ᠠᠳᠠᠯᠢᠪᠳᠤᠷ ᠭᠠᠵᠠᠷ ᠲᠦ᠍ ᠬᠠᠭᠤᠯᠪᠤᠷᠢᠯᠠᠵᠤ ᠪᠤᠯᠬᠤ ᠳᠡᠯᠭᠡᠷᠡᠭᠦᠯᠵᠤ ᠪᠤᠯᠬᠤ ᠮᠡᠷᠭᠡᠵᠢᠯ ᠤ᠋ᠨ ᠵᠠᠭᠪᠤᠷ ᠢ᠋ ᠪᠦᠷᠢᠯᠳᠦᠭᠦᠯᠪᠠ》 ᠭᠡᠵᠤ ᠦᠪᠦᠷ ᠮᠤᠩᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠲᠠᠷᠢᠶᠠᠯᠠᠩ ᠮᠠᠯ ᠠᠵᠤ ᠠᠬᠤᠢ ᠵᠢᠨ ᠰᠢᠨᠵᠢᠯᠡᠬᠦ ᠤᠬᠠᠭᠠᠨ ᠤ᠋ ᠬᠦᠷᠢᠶᠡᠯᠡᠩ ᠤ᠋ᠨ ᠨᠤᠲᠤᠭ ᠪᠡᠯᠴᠢᠭᠡᠷ ᠤ᠋ᠨ ᠰᠤᠳᠤᠯᠭᠠᠨ ᠤ᠋ ᠭᠠᠵᠠᠷ ᠤ᠋ᠨ ᠨᠤᠲᠤᠭ ᠪᠡᠯᠴᠢᠭᠡᠷ ᠤ᠋ᠨ ᠠᠮᠢ ᠠᠬᠤᠢ ᠶ᠋ᠢ ᠵᠠᠰᠠᠨ ᠰᠡᠷᠭᠦᠭᠡᠬᠦ ᠪᠦᠯᠬᠦᠮ ᠤ᠋ᠨ ᠲᠤᠰᠠᠯᠠᠬᠤ ᠰᠤᠳᠤᠯᠤᠭᠴᠢ ᠰᠢᠶᠸ ᠢᠦᠢ ᠰᠤᠷᠪᠤᠯᠵᠢᠯᠠᠭᠴᠢ ᠳ᠋ᠤ ᠬᠡᠯᠡᠨ᠎ᠡ᠃ ᠡᠨᠡ ᠵᠢᠯ ᠦᠪᠡᠷᠲᠡᠭᠡᠨ ᠵᠠᠰᠠᠬᠤ ᠤᠷᠤᠨ ᠤ᠋ ᠲᠠᠷᠢᠶᠠᠯᠠᠩ ᠮᠠᠯ ᠠᠵᠤ ᠠᠬᠤᠢ ᠵᠢᠨ ᠰᠢᠨᠵᠢᠯᠡᠬᠦ ᠤᠬᠠᠭᠠᠨ ᠤ᠋ ᠬᠦᠷᠢᠶᠡᠯᠡᠩ ᠤ᠋ᠨ ᠬᠢᠨ ᠦᠯᠵᠡᠢᠨᠠᠷᠠᠨ ᠲᠠᠢ ᠬᠠᠮᠳᠤᠷᠠᠨ ᠬᠠᠷᠭᠠᠨ᠎ᠠ ᠪᠠ ᠲᠡᠰᠬᠢ ᠶ᠋ᠢ ᠲᠤᠷᠰᠢᠨ ᠲᠠᠷᠢᠵᠤ᠂ ᠲᠠᠴᠢᠷ ᠨᠢᠮᠬᠡᠨ ᠲᠠᠮᠤᠴᠢ ᠵᠢᠨ ᠲᠠᠯ᠎ᠠ ᠵᠢᠨ ᠤᠷᠭᠤᠮᠠᠯ ᠤ᠋ᠨ ᠬᠤᠴᠢᠯᠭ᠎ᠠ ᠵᠢᠨ ᠳᠦᠷᠰᠤ ᠵᠢᠨ ᠤᠯᠠᠨ ᠶᠠᠩᠵᠤᠲᠤ ᠴᠢᠨᠠᠷ ᠢ᠋ ᠡᠯᠪᠡᠭᠵᠢᠭᠦᠯᠦᠨ᠂ ᠨᠤᠲᠤᠭ ᠪᠡᠯᠴᠢᠭᠡᠷ ᠤ᠋ᠨ ᠬᠦᠢ ᠵᠢᠨ ᠪᠦᠲᠦᠴᠡ ᠪᠠ ᠠᠮᠢ ᠠᠬᠤᠢ ᠵᠢᠨ ᠴᠢᠳᠠᠮᠵᠢ ᠶ᠋ᠢ ᠰᠢᠯᠢᠳᠡᠭᠵᠢᠬᠦᠯᠬᠦ ᠰᠤᠳᠤᠯᠭᠠᠨ ᠵᠢᠡᠨ ᠦᠷᠭᠦᠯᠵᠢᠯᠡᠭᠦᠯᠵᠤ ᠪᠠᠢᠨ᠎ᠠ᠃

ᠦᠯᠵᠡᠢᠨᠠᠷᠠᠨ ᠰᠦᠯ ᠰᠠᠢᠳᠠᠢ ᠡᠪᠡᠰᠤ ᠲᠠᠷᠢᠭᠠᠳ ᠨᠢᠭᠡᠨᠲᠡ 6 ᠵᠢᠯ ᠤ᠋ᠨ ᠨᠢᠭᠤᠷ ᠢ᠋ ᠦᠵᠡᠴᠢᠬᠡᠵᠠᠢ᠃ ᠡᠨᠡ ᠬᠦ᠌ ᠶᠠᠪᠤᠴᠠ ᠳ᠋ᠤ ᠲᠡᠷᠡ ᠡᠪᠡᠰᠤ ᠬᠠᠳᠤᠬᠤ ᠮᠠᠰᠢᠨ᠂ ᠡᠪᠡᠰᠤ ᠪᠤᠭᠤᠳᠠᠯᠯᠠᠬᠤ ᠮᠠᠰᠢᠨ ᠵᠡᠷᠭᠡ ᠲᠤᠨᠤᠭ ᠲᠦᠬᠦᠭᠡᠷᠦᠮᠵᠢ ᠶ᠋ᠢ ᠢᠵᠢ ᠪᠦᠷᠢᠳᠦᠭᠦᠯᠬᠦ ᠵᠢᠨ ᠬᠠᠮᠳᠤ ᠦᠪᠡᠷᠳᠡᠬᠡᠨ ᠵᠠᠰᠠᠬᠤ ᠤᠷᠤᠨ ᠤ᠋ ᠲᠠᠷᠢᠶᠠᠯᠠᠩ ᠤ᠋ᠨ ᠰᠢᠨᠵᠢᠯᠡᠬᠦ ᠤᠬᠠᠭᠠᠨ ᠤ᠋ ᠬᠦᠷᠢᠶᠡᠯᠡᠩ ᠤ᠋ᠨ ᠰᠤᠳᠤᠯᠭᠠᠨ ᠤ᠋ ᠦᠷ᠎ᠡ ᠪᠦᠲᠦᠭᠡᠯ ᠢ᠋ ᠳᠡᠯᠭᠡᠷᠡᠭᠦᠯᠦᠨ ᠬᠡᠷᠡᠭᠯᠡᠵᠤ᠂ ᠴᠠᠷᠭᠠᠰᠤ᠂ ᠰᠢᠷ᠎ᠠ ᠬᠢᠶᠠᠭ᠂ ᠶᠦᠷᠬᠦᠭ ᠵᠡᠷᠭᠡ ᠭᠠᠩ ᠲᠠᠴᠢᠷ ᠲᠦ᠍ ᠲᠠᠭᠠᠭᠠᠴᠠᠳᠠᠢ ᠰᠦᠯ ᠰᠠᠢᠲᠠᠢ ᠡᠪᠡᠰᠤ ᠵᠢ ᠨᠡᠢᠳᠡ 320 ᠭᠠᠷᠤᠢ ᠮᠤ᠌ ᠲᠠᠷᠢᠪᠠ᠃ ᠦᠪᠡᠷ ᠵᠢᠡᠨ ᠡᠪᠡᠰᠤ ᠲᠠᠷᠢᠵᠤ ᠬᠤᠷᠢᠶᠠᠨ ᠦᠬᠡᠷ ᠬᠤᠨᠢᠳ ᠵᠢᠡᠨ ᠲᠠᠵᠢᠬᠡᠵᠤ ᠲᠠᠷᠭᠤ ᠬᠦᠴᠦ ᠵᠢ ᠨᠢ ᠪᠠᠳᠤᠯᠠᠭᠰᠠᠨ ᠡᠴᠡ ᠭᠠᠷᠭᠠᠯᠲᠠ ᠵᠢᠨ ᠦᠶ᠎ᠡ ᠪᠡᠷ ᠮᠠᠯ ᠤ᠋ᠨ ᠤᠷᠤᠯᠭ᠎ᠠ ᠨᠢ ᠢᠯᠡᠷᠬᠡᠢ ᠲᠡᠬᠡᠭᠰᠢᠯᠡᠭᠰᠡᠨ ᠵᠢᠡᠷ ᠪᠠᠷᠠᠬᠤ ᠦᠭᠡᠢ ᠭᠠᠳᠠᠨ᠎ᠠ ᠡᠴᠡ ᠡᠪᠡᠰᠤ ᠬᠤᠳᠠᠯᠳᠤᠨ ᠠᠪᠬᠤ ᠶ᠋ᠢ ᠪᠤᠳᠤᠪᠠᠯ ᠵᠢᠯ ᠳ᠋ᠡᠭᠡᠨ ᠪᠠᠷᠤᠭ 2.5 ᠲᠦᠮᠡᠡ ᠲᠦᠭᠦᠷᠢᠭ ᠤ᠋ᠨ ᠵᠠᠷᠤᠯᠭ᠎ᠠ ᠵᠢ ᠪᠠᠭᠠᠰᠬᠠᠭᠰᠠᠨ ᠪᠠᠢᠨ᠎ᠠ᠃ ᠦᠯᠵᠡᠢᠨᠠᠷᠠᠨ ᠤ᠋ ᠰᠦᠯ ᠰᠠᠢᠳᠠᠢ ᠡᠪᠡᠰᠤ ᠲᠠᠷᠢᠵᠤ ᠠᠮᠢ ᠠᠬᠤᠢ ᠶ᠋ᠢ ᠰᠠᠢᠵᠢᠷᠠᠭᠤᠯᠤᠭᠰᠠᠨ ᠪᠠ ᠮᠠᠯᠵᠢᠯ ᠤ᠋ᠨ ᠵᠠᠷᠤᠯᠭ᠎ᠠ ᠶ᠋ᠢ ᠪᠠᠭᠠᠰᠬᠠᠨ ᠤᠷᠤᠯᠭ᠎ᠠ ᠪᠠᠨ ᠨᠡᠮᠡᠭᠳᠡᠬᠦᠯᠦᠭᠰᠡᠨ ᠠᠷᠭ᠎ᠠ ᠲᠤᠷᠰᠢᠯᠭ᠎ᠠ ᠵᠢ ᠬᠠᠷᠠᠭᠠᠳ ᠤᠢᠷ᠎ᠠ ᠬᠠᠪᠢ ᠵᠢᠨ ᠮᠠᠯᠴᠢᠳ ᠴᠤ᠌ ᠲᠡᠬᠦᠨ ᠢ᠋ ᠲᠠᠭᠠᠨ ᠲᠠᠴᠢᠷ ᠨᠢᠮᠬᠡᠨ ᠲᠠᠮᠤᠴᠢ ᠵᠢᠨ ᠲᠠᠯ᠎ᠠ ᠳ᠋ᠤ ᠰᠦᠯ ᠰᠠᠢᠳᠠᠢ ᠡᠪᠡᠰᠤ ᠲᠠᠷᠢᠵᠤ ᠡᠬᠢᠯᠡᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号