ᠮᠢᠬᠠᠨ ᠤ᠋ ᠠᠵᠦ ᠦᠢᠯᠡᠰ ᠦ᠋ᠨ ᠬᠥᠭᠵᠢᠯᠲᠡ ᠶ᠋ᠢᠨ ᠰᠢᠨ᠎ᠡ ᠬᠠᠮᠳᠤᠷᠠᠯᠴᠠᠭ᠎ᠠ
2026-06-22 15:13:41
ᠵᠣᠬᠢᠶᠠᠭ᠍ᠴᠢ᠄
ᠳᠡᠯᠭᠡᠷᠬᠦᠦ
ᠣᠩᠱᠢᠭ᠍ᠰᠠᠨ ᠣᠳᠠᠭ᠎ᠠ᠄
★★★☆☆

ᠦᠪᠦᠷ ᠮᠤᠩᠭᠤᠯ ᠦ᠋ᠨ ᠥᠪᠡᠷᠲᠡᠭᠡᠨ ᠵᠠᠰᠠᠬᠤ ᠣᠷᠣᠨ ᠤ᠋ ᠦᠢᠯᠡᠳᠪᠦᠷᠢ ᠬᠤᠳᠠᠯᠳᠤᠭᠠᠨ ᠤ᠋ ᠬᠣᠯᠪᠣᠭ᠎ᠠ ᠤᠢᠷ᠎ᠠ ᠳ᠋ᠤ ᠪᠥᠬᠥ᠌ ᠤᠯᠤᠰ ᠦ᠋ᠨ ᠦᠢᠯᠡᠳᠪᠦᠷᠢ ᠬᠤᠳᠠᠯᠳᠤᠭᠠᠨ ᠤ᠋ ᠬᠣᠯᠪᠣᠭ᠎ᠠ ᠶ᠋ᠢᠨ ᠲᠠᠷᠢᠶᠠᠯᠠᠩ ᠤ᠋ᠨ ᠠᠵᠤ ᠦᠢᠯᠡᠰ ᠤ᠋ᠨ ᠬᠤᠳᠠᠯᠳᠤᠭᠠᠴᠢᠳ ᠤ᠋ᠨ ᠡᠪᠯᠡᠯ ᠲᠠᠢ ᠬᠠᠮᠳᠤᠷᠠᠨ ᠳ᠋ᠠ ᠪᠸᠢ ᠨᠦᠩ ᠪᠦᠯᠦᠭᠯᠡᠯ᠂ ᠴᠢᠶᠠᠨ ᠰᠢ ᠾᠧ ᠪᠦᠯᠦᠭᠯᠡᠯ᠂ ᠭᠤᠸᠠᠩᠳᠦ᠋ᠩ ᠦ᠋ᠨ ᠬᠣᠶ ᠹᠧᠩ ᠲᠠᠷᠢᠶᠠᠯᠠᠩ ᠤ᠋ᠨ ᠰᠢᠨᠵᠢᠯᠡᠬᠦ᠌ ᠤᠬᠠᠭᠠᠨ ᠲᠧᠭᠨᠢᠭ ᠮᠡᠷᠭᠡᠵᠢᠯ ᠦ᠋ᠨ ᠬᠢᠵᠠᠭᠠᠷᠳᠤ ᠺᠤᠮᠫᠠᠨᠢ᠂ ᠰᠧ ᠸᠧᠶ ᠠᠮᠢ ᠠᠬᠤᠶ ᠶ᠋ᠢᠨ ᠰᠢᠨᠵᠢᠯᠡᠬᠦ᠌ ᠤᠬᠠᠭᠠᠨ ᠲᠧᠭᠨᠢᠭ ᠮᠡᠷᠭᠡᠵᠢᠯ ᠦ᠋ᠨ ᠬᠢᠵᠠᠭᠠᠷᠳᠤ ᠺᠤᠮᠫᠠᠨᠢ᠂ ᠪᠡᠭᠡᠵᠢᠩ ᠦ᠋ᠨ ᠵᠥᠩ ᠨᠦᠩ ᠶᠢᠩ ᠯᠢᠶᠠᠨ ᠬᠠᠩᠭᠠᠯᠭ᠎ᠠ ᠶ᠋ᠢᠨ ᠬᠡᠯᠬᠢᠶ᠎ᠠ ᠶ᠋ᠢᠨ ᠬᠠᠮᠢᠶᠠᠷᠤᠯᠳᠡ ᠶ᠋ᠢᠨ ᠬᠢᠵᠠᠭᠠᠷᠳᠤ ᠺᠤᠮᠫᠠᠨᠢ ᠵᠡᠷᠭᠡ ᠪᠥᠬᠥ᠌ ᠤᠯᠤᠰ ᠦ᠋ᠨ ᠨᠠᠷᠠᠲᠤ᠌ ᠲᠠᠷᠢᠶᠠᠯᠠᠩ ᠤ᠋ᠨ ᠠᠵᠤ ᠠᠬᠤᠶ᠋ᠢᠯᠠᠯ ᠦ᠋ᠨ ᠬᠠᠷᠢᠭᠤᠴᠠᠯᠭᠠᠲᠠᠨ ᠢ᠋ ᠬᠥᠬᠡᠬᠣᠲᠠ ᠳ᠋ᠤ ᠤᠷᠢᠵᠤ ᠠᠪᠴᠢᠷᠠᠨ ᠵᠤᠯᠭᠠᠯᠴᠠᠭᠠᠨ ᠤ᠋ ᠬᠤᠷᠠᠯ ᠬᠢᠵᠦ᠂ ᠦᠪᠦᠷ ᠮᠤᠩᠭᠤᠯ ᠤ᠋ᠨ ᠦᠬᠡᠷ ᠬᠣᠨᠢᠨ ᠮᠢᠬᠠᠨ ᠤ᠋ ᠪᠥᠬᠥ᠌ ᠠᠵᠤ ᠦᠢᠯᠡᠰ ᠦ᠋ᠨ ᠬᠡᠯᠬᠢᠶ᠎ᠡ ᠶ᠋ᠢᠨ ᠬᠥᠭᠵᠢᠯᠲᠡ ᠶ᠋ᠢᠨ ᠲᠣᠭᠣᠷᠢᠨ ᠳ᠋ᠡᠬᠢ ᠰᠢᠨ᠎ᠠ ᠬᠠᠮᠲᠤᠷᠠᠯᠴᠠᠭ᠎ᠠ ᠵᠢ ᠬᠠᠶ᠋ᠢᠨ ᠰᠦᠪᠡᠭᠴᠢᠯᠡᠪᠡ᠃

ᠪᠥᠬᠥ᠌ ᠤᠯᠤᠰ ᠦ᠋ᠨ ᠦᠢᠯᠡᠳᠪᠦᠷᠢ ᠬᠤᠳᠠᠯᠳᠤᠭᠠᠨ ᠤ᠋ ᠬᠣᠯᠪᠣᠭ᠎ᠠ ᠶ᠋ᠢᠨ ᠬᠠᠮᠢᠶ᠎ᠠ ᠪᠦᠬᠦᠢ ᠬᠠᠷᠢᠭᠤᠴᠠᠯᠭᠠᠳᠠᠨ ᠵᠢᠴᠢ ᠡᠯ᠎ᠠ ᠠᠵᠤ ᠠᠬᠤᠢᠯᠠᠯ ᠤ᠋ᠨ ᠬᠢᠨ ᠤᠷᠢᠳ ᠬᠤᠵᠢᠳ ᠥᠪᠥᠷ ᠮᠣᠩᠭᠣᠯ ᠦ᠋ᠨ ᠹᠦ᠋ ᠹᠧᠩ ᠠᠮᠢᠳᠤ ᠪᠣᠳᠠᠰ ᠦ᠋ᠨ ᠰᠢᠨᠵᠢᠯᠡᠬᠦ᠌ ᠤᠬᠠᠭᠠᠨ ᠲᠧᠭᠨᠢᠭ ᠮᠡᠷᠭᠡᠵᠢᠯ ᠦ᠋ᠨ ᠬᠢᠵᠠᠭᠠᠷᠲᠤ᠌ ᠺᠣᠮᠫᠠᠨᠢ᠂ ᠢᠯᠢ ᠪᠦᠯᠦᠭᠯᠡᠯ᠂ ᠡᠷᠳᠡᠨᠢ ᠬᠣᠨᠢᠨ ᠤ᠋ ᠠᠵᠦ ᠦᠢᠯᠡᠰ᠂ ᠥᠪᠥᠷ ᠮᠣᠩᠭᠣᠯ ᠦ᠋ᠨ ᠴᠢᠨᠠᠷ ᠰᠠᠶ᠋ᠢᠲᠠᠶ ᠮᠠᠯ ᠦ᠋ᠨ ᠠᠰᠢᠭ ᠰᠢᠮ᠎ᠡ ᠲᠠᠷᠢᠶᠠᠯᠠᠩ ᠦ᠋ᠨ ᠪᠦᠲᠦᠭᠡᠭᠳᠡᠬᠦᠨ ᠢ᠋ ᠳᠡᠯᠭᠡᠨ ᠪᠣᠷᠣᠯᠠᠭᠤᠯᠬᠤ ᠲᠥᠪ ᠲᠦ᠍ ᠬᠦᠷᠴᠤ᠂ ᠦᠪᠦᠷ ᠮᠤᠩᠭᠤᠯ ᠦ᠋ᠨ ᠮᠠᠯ ᠠᠵᠤ ᠠᠬᠤᠶ ᠲᠠᠷᠢᠶᠠᠯᠠᠩ ᠦ᠋ᠨ ᠪᠥᠬᠥ᠌ ᠠᠵᠤ ᠦᠢᠯᠡᠰ ᠤ᠋ᠨ ᠬᠡᠯᠬᠢᠶ᠎ᠡ ᠶ᠋ᠢᠨ ᠬᠥᠭᠵᠢᠯᠲᠡ ᠶ᠋ᠢᠨ ᠪᠠᠶ᠋ᠢᠳᠠᠯ ᠢ᠋ ᠪᠥᠬᠥ᠌ ᠲᠠᠯ᠎ᠠ᠂ ᠣᠯᠠᠨ ᠬᠠᠷᠠᠭᠠᠰᠦ ᠡᠴᠡ ᠰᠢᠨᠵᠢᠯᠡᠨ ᠪᠠᠶ᠋ᠢᠴᠠᠭᠠᠵᠤ᠂ ᠠᠮᠢᠳᠤ ᠪᠣᠳᠠᠰ ᠦ᠋ᠨ ᠰᠢᠨᠵᠢᠯᠡᠬᠦ᠌ ᠤᠬᠠᠭᠠᠨ ᠲᠧᠭᠨᠢᠭ ᠮᠡᠷᠭᠡᠵᠢᠯ ᠤ᠋ᠨ ᠠᠰᠢᠭᠯᠠᠯᠳᠠ᠂ ᠣᠶᠤᠨᠳᠤ ᠦᠢᠯᠡᠳᠪᠦᠷᠢᠯᠡᠯ ᠤ᠋ᠨ ᠬᠠᠮᠢᠶᠠᠷᠤᠯᠳᠠ ᠡᠵᠡᠮᠳᠡᠯ᠂ ᠪᠠᠷᠢᠮᠵᠢᠶᠠᠵᠢᠭᠤᠯᠤᠨ ᠲᠡᠵᠢᠭᠡᠨ ᠦᠷᠡᠵᠢᠭᠦᠯᠬᠦ᠌᠂ ᠲᠥᠷᠥᠯ ᠲᠡᠮᠳᠡᠭᠵᠢᠭᠦᠯᠦᠨ ᠡᠵᠡᠩᠨᠡᠬᠦ᠌ ᠵᠡᠷᠭᠡ ᠭᠤᠤᠯ ᠡᠵᠡᠩᠨᠡᠯᠲᠡ ᠶ᠋ᠢᠨ ᠪᠠᠶ᠋ᠢᠳᠠᠯ ᠢ᠋ ᠨᠠᠷᠢᠨ ᠣᠶ᠋ᠢᠯᠠᠭᠠᠨ᠂ ᠥᠪᠥᠷ ᠮᠣᠩᠭᠣᠯ ᠦ᠋ᠨ ᠮᠠᠯ ᠠᠵᠤ ᠠᠬᠤᠶ ᠲᠠᠷᠢᠶᠠᠯᠠᠩ ᠦ᠋ᠨ ᠬᠡᠪᠴᠢᠶᠡᠵᠢᠭᠰᠡᠨ᠂ ᠪᠣᠬᠢᠷᠲᠤᠯ ᠥᠬᠡᠶ᠂ ᠲᠥᠷᠥᠯ ᠲᠡᠮᠳᠡᠭᠵᠢᠭᠰᠡᠨ ᠬᠥᠭᠵᠢᠯᠲᠡ ᠶ᠋ᠢᠨ ᠲᠠᠯ᠎ᠠ ᠪᠠᠷ ᠬᠢ ᠪᠠᠲᠤ᠌ ᠰᠠᠭᠤᠷᠢ ᠪᠣᠯᠤᠨ ᠢᠯᠡᠳᠲᠡ ᠦᠷ᠎ᠡ ᠪᠦᠲᠦᠮᠵᠢ ᠶ᠋ᠢ ᠳᠡᠭᠡᠳᠦ ᠬᠡᠮᠵᠢᠶ᠎ᠡ ᠪᠡᠷ ᠦᠨᠡᠯᠡᠭᠰᠡᠨ ᠪᠠᠢᠨ᠎ᠠ᠃

ᠲᠤᠰᠬᠠᠶ ᠰᠡᠳᠦᠪᠲᠦ᠍ ᠵᠤᠯᠭᠠᠯᠴᠠᠭᠠᠨ ᠤ᠋ ᠬᠤᠷᠠᠯ ᠲᠡᠬᠡᠷ᠎ᠠ ᠪᠥᠬᠥ᠌ ᠤᠯᠤᠰ ᠦ᠋ᠨ ᠦᠢᠯᠡᠳᠪᠦᠷᠢ ᠬᠤᠳᠠᠯᠳᠤᠭᠠᠨ ᠤ᠋ ᠬᠣᠯᠪᠣᠭ᠎ᠠ ᠶ᠋ᠢᠨ ᠲᠠᠷᠢᠶᠠᠯᠠᠩ ᠤ᠋ᠨ ᠠᠵᠤ ᠦᠢᠯᠡᠰ ᠤ᠋ᠨ ᠬᠤᠳᠠᠯᠳᠤᠭᠠᠴᠢᠳ ᠤ᠋ᠨ ᠡᠪᠯᠡᠯ ᠤ᠋ᠨ ᠨᠠᠷᠢᠨ ᠪᠢᠴᠢᠭᠡᠴᠢ ᠶ᠋ᠢᠨ ᠳᠠᠷᠤᠭ᠎ᠠ ᠭᠦᠧᠧ ᠱᠤ᠌ ᠯᠢ ᠪᠥᠬᠥ᠌ ᠤᠯᠤᠰ ᠦ᠋ᠨ ᠬᠠᠷᠠᠭᠠᠰᠤ ᠡᠴᠡ ᠥᠪᠥᠷ ᠮᠣᠩᠭᠣᠯ ᠦ᠋ᠨ ᠦᠬᠡᠷ ᠬᠣᠨᠢᠨ ᠮᠢᠬᠠᠨ ᠤ᠋ ᠠᠵᠦ ᠦᠢᠯᠡᠰ ᠦ᠋ᠨ ᠬᠥᠭᠵᠢᠯᠲᠡ ᠳ᠋ᠤ ᠬᠦᠴᠦᠨ ᠨᠡᠮᠡᠷᠢᠯᠡᠬᠦ ᠪᠣᠳᠠᠲᠠᠶ ᠠᠷᠭ᠎ᠠ ᠬᠡᠮᠵᠢᠶ᠎ᠡ ᠶ᠋ᠢ ᠬᠠᠨᠳᠤᠯᠭᠠᠲᠤ᠌ ᠴᠢᠨᠠᠷᠲᠠᠶ ᠪᠠᠷ ᠳᠤᠷᠠᠳᠪᠠ᠃ ᠲᠡᠷᠡ ᠪᠡᠷ᠂ ᠬᠤᠳᠠᠯᠳᠤᠭᠠᠴᠢᠳ ᠦ᠋ᠨ ᠡᠪᠯᠡᠯ ᠨᠢ ᠪᠡᠶ᠎ᠡ ᠪᠡᠨ ᠳᠠᠭᠠᠭᠠᠵᠤ ᠪᠠᠶ᠋ᠢᠭᠤᠯᠤᠭᠰᠠᠨ 《ᠪᠥᠬᠥ᠌ ᠤᠯᠤᠰ ᠦ᠋ᠨ ᠦᠢᠯᠡᠳᠪᠦᠷᠢ ᠬᠤᠳᠠᠯᠳᠤᠭᠠᠨ ᠤ᠋ ᠬᠣᠯᠪᠣᠭ᠎ᠠ ᠶ᠋ᠢᠨ ᠨᠦᠩ ᠱᠠᠩ ᠲᠦᠩ》 ᠠᠷᠠᠯᠵᠢᠶᠠᠴᠢᠨ ᠤᠷᠢᠬᠤ ᠲᠣᠮᠣ ᠳ᠋ᠠᠶ᠋ᠢᠲ᠋ᠠ ᠶ᠋ᠢᠨ ᠲᠠᠪᠴᠠᠩ ᠳ᠋ᠤ ᠲᠦᠰᠢᠭᠯᠡᠨ᠂ ᠪᠥᠬᠥ᠌ ᠤᠯᠤᠰ ᠦ᠋ᠨ ᠮᠠᠯ ᠠᠵᠤ ᠠᠬᠤᠶ ᠲᠠᠷᠢᠶᠠᠯᠠᠩ ᠦ᠋ᠨ ᠠᠵᠤ ᠦᠢᠯᠡᠰ ᠤ᠋ᠨ ᠬᠡᠯᠬᠢᠶ᠎ᠠ ᠶ᠋ᠢᠨ ᠡᠬᠢᠨ ᠤ᠋ ᠦᠢᠯᠡᠳᠭᠦᠨ ᠪᠠ ᠡᠴᠤᠰ ᠤ᠋ᠨ ᠦᠢᠯᠡᠳᠭᠦᠨ ᠤ᠋ ᠬᠡᠯᠬᠢᠶ᠎ᠠ ᠶ᠋ᠢᠨ ᠴᠢᠨᠠᠷ ᠰᠠᠶ᠋ᠢᠲᠠᠶ ᠡᠬᠢ ᠪᠠᠶᠠᠯᠢᠭ ᠢ᠋ ᠨᠡᠶ᠋ᠢᠳᠬᠡᠵᠦ᠍᠂ ᠥᠪᠥᠷ ᠮᠣᠩᠭᠣᠯ ᠦ᠋ᠨ ᠦᠬᠡᠷ ᠬᠣᠨᠢᠨ ᠮᠢᠬᠠᠨ ᠤ᠋ ᠠᠵᠤ ᠠᠬᠤᠶ᠋ᠢᠯᠠᠯ ᠳ᠋ᠤ ᠲᠣᠭᠠᠴᠢᠯᠠᠭᠰᠠᠨ ᠦᠢᠯᠡᠳᠪᠦᠷᠢᠯᠡᠯ ᠪᠣᠷᠣᠯᠠᠭᠤᠯᠭ᠎ᠠ ᠶ᠋ᠢ ᠵᠣᠯᠭᠠᠭᠤᠯᠬᠤ᠂ ᠵᠠᠬ᠎ᠠ ᠳᠡᠯᠭᠡᠭᠦᠷ ᠤ᠋ᠨ ᠮᠡᠳᠡᠭᠡ ᠵᠠᠩᠭᠢ ᠶ᠋ᠢ ᠬᠠᠮᠲᠤ ᠪᠠᠷ ᠡᠳ᠋ᠯᠡᠬᠦ᠌᠂ ᠲᠥᠷᠥᠯ ᠲᠡᠮᠳᠡᠭ ᠤ᠋ᠨ ᠠᠷᠭ᠎ᠠ ᠵᠠᠮ ᠢ᠋ ᠥᠷᠭᠡᠳᠬᠡᠬᠦ᠌ ᠵᠡᠷᠭᠡ ᠦᠢᠯᠡᠴᠢᠯᠡᠬᠡ ᠬᠠᠩᠭᠠᠨ᠎ᠠ᠃ ᠪᠠᠯᠠ ᠣᠷᠣᠭᠤᠯᠤᠨ ᠬᠠᠮᠲᠤᠷᠠᠯᠴᠠᠬᠤ ᠠᠵᠤ ᠠᠬᠤᠶ᠋ᠢᠯᠠᠯ ᠦ᠋ᠨ ᠨᠡᠷᠡᠰ ᠢ᠋ ᠨᠠᠷᠢᠨ ᠣᠨᠣᠴᠠᠲᠠᠶ ᠡᠮᠬᠢᠯᠡᠵᠦ᠍᠂ ᠪᠥᠬᠥ᠌ ᠤᠯᠤᠰ ᠦ᠋ᠨ ᠨᠠᠷᠠᠲᠤ᠌ ᠠᠷᠠᠳ ᠦ᠋ᠨ ᠡᠵᠡᠩᠨᠡᠯᠳᠡ ᠶ᠋ᠢᠨ ᠠᠵᠤ ᠠᠬᠤᠶ᠋ᠢᠯᠠᠯ ᠦ᠋ᠨ ᠥᠪᠥᠷ ᠮᠣᠩᠭᠣᠯ ᠦ᠋ᠨ ᠴᠢᠨᠠᠷ ᠰᠠᠶ᠋ᠢᠲᠠᠶ ᠬᠥᠭᠵᠢᠯᠲᠡ ᠳ᠋ᠤ ᠬᠦᠴᠦᠨ ᠨᠡᠮᠡᠷᠢᠯᠡᠬᠦ᠌ ᠦᠬᠡᠷ ᠬᠣᠨᠢᠨ ᠮᠢᠬᠠᠨ ᠤ᠋ ᠪᠥᠬᠥ᠌ ᠠᠵᠦ ᠦᠢᠯᠡᠰ ᠦ᠋ᠨ ᠬᠡᠯᠬᠢᠶ᠎ᠡ ᠶ᠋ᠢᠨ ᠲᠤᠰᠬᠠᠶ ᠠᠵᠢᠯᠯᠠᠭ᠎ᠠ ᠳ᠋ᠤ ᠴᠢᠨᠠᠷ ᠰᠠᠶ᠋ᠢᠲᠠᠶ ᠲᠥᠷᠥᠯ ᠵᠦᠢᠯ ᠢ᠋ ᠨᠥᠭᠡᠴᠡᠯᠡᠵᠦ᠍᠂ ᠴᠢᠨᠠᠷ ᠰᠠᠶ᠋ᠢᠲᠠᠶ ᠡᠬᠢ ᠪᠠᠶᠠᠯᠢᠭ ᠢ᠋ ᠬᠤᠷᠠᠮᠳᠤᠭᠤᠯᠤᠨ᠎ᠠ ᠬᠡᠵᠦ ᠢᠯᠡᠷᠬᠡᠢᠯᠡᠪᠠ᠃

ᠳᠠ ᠪᠸᠢ ᠨᠦᠩ ᠪᠦᠯᠦᠭᠯᠡᠯ᠂ ᠴᠢᠶᠠᠨ ᠰᠢ ᠡᡁᠸ ᠪᠦᠯᠦᠭᠯᠡᠯ ᠵᠡᠷᠭᠡ ᠣᠷᠣᠨ ᠤ᠋ ᠭᠠᠳᠠᠨᠠᠬᠢ ᠠᠵᠤ ᠠᠬᠤᠶ᠋ᠢᠯᠠᠯ ᠤ᠋ᠨ ᠬᠢᠨ ᠨᠠᠷᠢᠯᠢᠭ ᠪᠣᠯᠪᠠᠰᠤᠷᠠᠭᠤᠯᠬᠤ᠂ ᠬᠦᠢᠳᠡᠨ ᠬᠡᠯᠬᠢᠶᠡᠲᠦ᠍ ᠡᠳ᠋ ᠪᠠᠷᠠᠭᠠᠨ ᠤ᠋ ᠭᠦᠢᠯᠭᠡᠭᠡ ᠶ᠋ᠢᠨ ᠮᠡᠷᠭᠡᠵᠢᠯ ᠦ᠋ᠨ ᠳᠡᠮᠵᠢᠯᠭᠡ᠂ ᠲᠦᠷᠦᠯ ᠲᠡᠮᠳᠡᠭ ᠦ᠋ᠨ ᠡᠵᠡᠩᠨᠡᠯᠲᠡ᠂ ᠲᠣᠭᠠᠴᠢᠯᠠᠭᠰᠠᠨ ᠡᠨᠧᠷᠭᠢ ᠤᠯᠭᠤᠯᠳᠠ᠂ ᠬᠠᠮᠳᠤ ᠨᠢᠭᠡᠴᠢ ᠶ᠋ᠢᠨ ᠬᠤᠭᠤᠯᠠ ᠤᠮᠳᠠᠭᠠᠨ ᠤ᠋ ᠡᠵᠡᠩᠨᠡᠯᠳᠡ᠂ ᠲᠥᠮᠥᠰᠥ᠍ ᠪᠣᠶ᠋ᠢᠵᠢᠭᠤᠯᠬᠤ ᠵᠡᠷᠭᠡ ᠬᠦᠷᠢᠶᠡᠨ ᠳ᠋ᠡᠬᠢ ᠬᠠᠮᠲᠤᠷᠠᠯᠴᠠᠭᠠᠨ ᠤ᠋ ᠰᠡᠳᠬᠢᠮᠵᠢ ᠪᠠᠨ ᠳᠤᠷᠠᠳᠴᠠᠢ᠃

ᠢᠯᠢ ᠪᠦᠯᠦᠭᠯᠡᠯ᠂ ᠹᠦ᠋ ᠹᠧᠩ ᠠᠮᠢᠳᠤ ᠪᠣᠳᠠᠰ ᠦ᠋ᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠦ᠋ᠨ ᠬᠢᠵᠠᠭᠠᠷᠳᠤ ᠺᠤᠮᠫᠠᠨᠢ᠂ ᠡᠷᠳᠡᠨᠢ ᠪᠦᠯᠦᠭᠯᠡᠯ᠂ ᠬᠠᠭᠤᠴᠢᠨ ᠰᠦᠢᠶᠤᠸᠠᠨ ᠤ᠋ ᠢᠳᠡᠭᠡᠨ ᠤᠮᠳᠠᠭᠠᠨ ᠤ᠋ ᠬᠠᠮᠢᠶᠠᠷᠤᠯᠳᠡ ᠶ᠋ᠢᠨ ᠬᠢᠵᠠᠭᠠᠷᠳᠤ ᠺᠤᠮᠫᠠᠨᠢ᠂ ᠱᠧᠩ ᠵᠢᠶᠠᠨ ᠠᠮᠢᠳᠤ ᠪᠣᠳᠠᠰ ᠦ᠋ᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠦ᠋ᠨ ᠬᠢᠵᠠᠭᠠᠷᠳᠤ ᠺᠤᠮᠫᠠᠨᠢ᠂ ᠮᠧᠩ ᠳ᠋ᠦ᠋ ᠬᠣᠨᠢᠨ ᠤ᠋ ᠠᠵᠦ ᠦᠢᠯᠡᠰ ᠦ᠋ᠨ ᠬᠢᠵᠠᠭᠠᠷᠳᠤ ᠺᠤᠮᠫᠠᠨᠢ ᠵᠡᠷᠭᠡ ᠮᠠᠨ ᠤ᠋ ᠣᠷᠣᠨ ᠤ᠋ ᠳᠣᠲᠣᠷᠠᠬᠢ ᠭᠤᠤᠯᠳᠠᠯᠭ᠎ᠠ ᠲᠠᠶ ᠠᠵᠤ ᠠᠬᠤᠶ᠋ᠢᠯᠠᠯ ᠪᠤᠯᠤᠨ ᠥᠪᠥᠷ ᠮᠣᠩᠭᠣᠯ ᠦ᠋ᠨ ᠢᠳᠡᠭᠡᠨ ᠤ᠋ ᠵᠦᠢᠯ ᠤ᠋ᠨ ᠬᠤᠳᠠᠯᠳᠤᠭᠠᠴᠢᠳ ᠦ᠋ᠨ ᠡᠪᠯᠡᠯ᠂ ᠲᠠᠷᠢᠶᠠᠯᠠᠩ ᠮᠠᠯ ᠠᠵᠤ ᠠᠬᠤᠶ ᠶ᠋ᠢᠨ ᠠᠵᠤ ᠦᠢᠯᠡᠰᠵᠢᠯᠳᠠ ᠵᠢᠨ ᠳᠠᠭᠠᠭᠤᠯᠤᠬᠴᠢ ᠠᠵᠤ ᠠᠬᠤᠶ᠋ᠢᠯᠠᠯ ᠦ᠋ᠨ ᠨᠡᠶ᠋ᠢᠭᠡᠮᠯᠢᠭ᠂ ᠪᠣᠬᠢᠷᠲᠤᠯ ᠥᠬᠡᠶ ᠣᠷᠭᠠᠨᠢᠭ ᠢᠳᠡᠭᠡᠨ ᠤ᠋ ᠨᠡᠶ᠋ᠢᠭᠡᠮᠯᠢᠭ ᠵᠡᠷᠭᠡ ᠬᠤᠳᠠᠯᠳᠤᠭᠠᠴᠢᠳ ᠪᠠ ᠨᠡᠶ᠋ᠢᠭᠡᠮᠯᠢᠭ ᠦ᠋ᠨ ᠲᠥᠯᠥᠭᠡᠯᠡᠭᠴᠢᠳ ᠡᠴᠡ ᠡᠬᠢ ᠪᠠᠶᠠᠯᠢᠭ ᠦ᠋ᠨ ᠳᠠᠪᠠᠭᠤᠯᠢᠭ ᠪᠠ ᠠᠵᠤ ᠦᠢᠯᠡᠰ ᠤ᠋ᠨ ᠰᠠᠭᠤᠷᠢ ᠪᠡᠨ ᠦᠨᠳᠦᠰᠦᠯᠡᠨ᠂ ᠬᠠᠮᠲᠤᠷᠠᠯᠴᠠᠬᠤ ᠬᠦᠰᠡᠯ ᠶ᠋ᠢᠡᠨ ᠳᠤᠷᠠᠳᠴᠤ᠌᠂ ᠬᠠᠮᠲᠤᠷᠠᠯᠴᠠᠭ᠎ᠠ ᠪᠠᠷ ᠳᠠᠮᠵᠢᠨ ᠠᠵᠤ ᠦᠢᠯᠡᠰ ᠤ᠋ᠨ ᠬᠡᠯᠬᠢᠶ᠎ᠡ ᠶ᠋ᠢᠨ ᠳᠤᠲᠠᠭᠤᠳᠠᠯ ᠢ᠋ ᠨᠥᠬᠥᠪᠥᠷᠢᠯᠡᠵᠦ᠍᠂ ᠠᠵᠤ ᠦᠢᠯᠡᠰ ᠤ᠋ᠨ ᠨᠡᠮᠡᠯᠲᠡ ᠥᠷᠲᠡᠭ ᠢ᠋ ᠳᠡᠭᠡᠭᠰᠢᠯᠡᠭᠦᠯᠦᠨ᠂ ᠤᠯᠤᠰ ᠦ᠋ᠨ ᠳᠣᠲᠣᠭᠠᠳᠤ ᠭᠠᠳᠠᠭᠠᠳᠤ ᠶ᠋ᠢᠨ ᠵᠠᠬ᠎ᠠ ᠳᠡᠯᠭᠡᠭᠦᠷ ᠢ᠋ ᠥᠷᠭᠡᠳᠬᠡᠬᠦ ᠶ᠋ᠢ ᠵᠤᠷᠢᠪᠠ᠃ ᠬᠤᠷᠠᠯ ᠲᠠᠬᠡᠷ᠎ᠡ ᠨᠡᠯᠢᠶᠡᠳ ᠣᠯᠠᠨ ᠠᠵᠤ ᠠᠬᠤᠶ᠋ᠢᠯᠠᠯ ᠠᠩᠬ᠎ᠠ ᠠᠯᠬᠤᠮ ᠦ᠋ᠨ ᠬᠠᠮᠲᠤᠷᠠᠯᠴᠠᠭᠠᠨ ᠤ᠋ ᠰᠠᠨᠠᠮᠵᠢ ᠳᠤᠭᠳᠠᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号