ᠬᠦᠬᠡᠬᠤᠳᠠ ᠵᠢᠨ ᠬᠤᠳᠠ ᠵᠢᠨ ᠲᠦᠪ ᠡᠴᠡ 22 ᠭᠠᠵᠠᠷ ᠵᠠᠢᠳᠠᠢ ᠰᠠᠢᠬᠠᠨ ᠲᠤᠭᠤᠷᠢᠭ ᠤ᠋ᠨ ᠡᠮᠤᠨ᠎ᠠ ᠪᠤᠳᠠᠴᠢ ᠲᠤᠰᠬᠤᠨ ᠳ᠋ᠤ ᠰᠢᠷᠭᠠᠯ ᠦᠡᠭᠭᠡ ᠪᠡᠷ ᠪᠤᠳᠤᠬᠯᠠᠬᠰᠠᠨ ᠬᠤᠶᠠᠷ ᠲᠠᠪᠬᠤᠷ ᠠᠰᠠᠷ ᠵᠢᠭᠳᠡᠷᠡᠵᠤ᠂ ᠤᠨᠴᠠ ᠵᠢᠨ ᠢᠯᠡ ᠲᠠᠢ ᠬᠠᠷᠠᠬᠳᠠᠨ᠎ᠠ᠃ ᠡᠨᠡ ᠪᠤᠯ 《ᠬᠦᠯᠦᠭ》 ᠦᠨᠳᠤᠰᠤᠳᠡᠨ ᠤ᠋ ᠬᠦᠭᠵᠢᠮ ᠤ᠋ᠨ ᠬᠢᠵᠠᠭᠠᠷᠳᠤ ᠺᠤᠮᠫᠠᠨᠢ ᠵᠢᠨ ᠦᠢᠯᠡᠳᠪᠤᠷᠢ ᠵᠢᠨ ᠲᠠᠰᠤᠭ ᠪᠤᠯᠤᠨ᠎ᠠ᠃
ᠦᠢᠯᠡᠳᠪᠤᠷᠢ ᠵᠢᠨ ᠲᠠᠰᠤᠭ ᠤ᠋ᠨ ᠡᠬᠦᠳᠡ ᠪᠡᠷ ᠨᠢ ᠲᠤᠳᠤᠬᠰᠢᠯᠠᠪᠠᠯ ᠡᠯᠳᠡᠪ ᠵᠦᠢᠯ ᠤ᠋ᠨ ᠮᠠᠰᠢᠨ ᠲᠤᠨᠤᠬᠯᠠᠯ᠂ ᠮᠤᠳᠤᠨ ᠬᠠᠪᠳᠠᠰᠤ ᠵᠢᠴᠢ ᠤᠷᠠᠯᠠᠵᠤ ᠲᠠᠭᠤᠰᠤᠭᠰᠠᠨ ᠭᠤᠢᠳᠠ ᠰᠠᠢᠬᠠᠨ ᠮᠤᠷᠢᠨ ᠬᠤᠭᠤᠷ ᠪᠠ ᠬᠤᠪᠢᠰ ᠵᠡᠷᠭᠡ ᠬᠦᠭᠵᠢᠮ ᠤ᠋ᠨ ᠵᠢᠮᠰᠡᠭ ᠤ᠋ᠳ ᠬᠠᠷᠠᠭᠠᠨ ᠳ᠋ᠤ ᠡᠬᠡᠯᠢᠳᠠᠢ ᠲᠤᠰᠤᠨ᠎ᠠ᠃ 《ᠡᠳᠡᠭᠡᠷ ᠬᠢᠵᠤ ᠲᠠᠭᠤᠰᠤᠬᠰᠠᠨ ᠮᠤᠷᠢᠨ ᠬᠤᠭᠤᠷ ᠪᠤᠯ ᠬᠤᠷᠴᠢᠨ ᠵᠡᠬᠦᠨ ᠭᠠᠷᠤᠨ ᠬᠤᠢᠳᠤ ᠬᠤᠰᠢᠭᠤᠨ ᠤ᠋ ᠤᠯᠠᠭᠠᠨᠮᠦ᠋ᠴᠢᠷ ᠦ᠋ᠨ ᠲᠤᠭᠯᠠᠭᠴᠢᠳ ᠤ᠋ᠨ ᠵᠠᠬᠢᠶᠠᠯᠠᠬᠰᠠᠨ ᠡᠳ᠋᠂ ᠡᠨᠡ ᠬᠤᠶᠠᠷ ᠡᠳᠤᠷ ᠲᠠᠷᠤᠢ ᠢᠯᠡᠭᠡᠵᠦ ᠦᠭᠬᠦ ᠪᠤᠯᠤᠨ᠎ᠠ》 ᠬᠡᠵᠤ ᠡᠬᠦᠳᠡᠨ ᠬᠠᠵᠠᠭᠤ ᠳ᠋ᠤ ᠲᠠᠯᠪᠢᠵᠤ ᠪᠠᠢᠭ᠎ᠠ 7 ᠮᠤᠷᠢᠨ ᠬᠤᠭᠤᠷ ᠵᠢᠡᠨ ᠵᠢᠭᠠᠨ ᠲᠠᠨᠢᠯᠴᠠᠭᠤᠯᠵᠤ ᠪᠠᠢᠭ᠎ᠠ ᠡᠨᠡ ᠬᠦᠮᠤᠨ ᠪᠤᠯ ᠲᠠᠷᠤᠢ ᠪᠢᠳᠡᠨ ᠤ᠋ ᠰᠤᠷᠪᠤᠯᠵᠢᠯᠠᠬᠤ ᠪᠡᠷ ᠵᠤᠷᠢᠵᠤ ᠢᠷᠡᠭᠰᠡᠨ 《ᠬᠦᠯᠦᠭ》 ᠦᠨᠳᠤᠰᠤᠳᠡᠨ ᠤ᠋ ᠬᠦᠭᠵᠢᠮ ᠤ᠋ᠨ ᠬᠢᠵᠠᠭᠠᠷᠳᠤ ᠺᠤᠮᠫᠠᠨᠢ ᠵᠢᠨ ᠡᠬᠦᠰᠭᠡᠨ ᠪᠠᠢᠭᠤᠯᠤᠬᠴᠢ᠂ ᠮᠤᠷᠢᠨ ᠬᠤᠭᠤᠷ ᠦᠢᠯᠡᠳᠬᠦ ᠤᠷ᠎ᠠ ᠮᠡᠷᠭᠡᠵᠢᠯ ᠤ᠋ᠨ ᠦᠪᠡᠷᠳᠡᠬᠡᠨ ᠵᠠᠰᠠᠬᠤ ᠤᠷᠤᠨ ᠤ᠋ ᠲᠡᠰ ᠤ᠋ᠨ ᠪᠤᠳᠠᠰ ᠤ᠋ᠨ ᠪᠤᠰᠤ ᠰᠤᠶᠤᠯ ᠤ᠋ᠨ ᠦᠪ ᠤ᠋ᠨ ᠴᠤᠷ ᠤ᠋ᠨ ᠭᠠᠬᠴᠠ ᠤᠯᠠᠮᠵᠢᠯᠠᠬᠴᠢ ᠦᠯᠵᠠᠢ ᠭᠤᠸᠠᠢ ᠪᠤᠯᠬᠤ ᠶᠤᠮ᠃

ᠮᠠᠯᠴᠢᠨ ᠦᠯᠵᠠᠢ
ᠦᠯᠵᠡᠢ ᠪᠤᠯ ᠤᠯᠠᠭᠠᠨᠬᠠᠳᠠ ᠬᠤᠳᠠ ᠵᠢᠨ ᠠᠷᠤ ᠬᠤᠷᠴᠢᠨ ᠬᠤᠰᠢᠭᠤᠨ ᠤ᠋ ᠤᠤᠭᠠᠯ᠃ ᠪᠠᠭ᠎ᠠ ᠳ᠋ᠤᠨᠢ ᠠᠷᠤ ᠬᠡᠷ ᠤ᠋ᠨ ᠬᠢᠨᠢ ᠲᠦᠰᠢᠭ ᠲᠤᠯᠭᠠᠭᠤᠷᠢ ᠪᠠᠢᠬᠰᠠᠨ ᠠᠪᠤ ᠨᠢ ᠡᠨᠳᠡᠯ ᠵᠢᠡᠷ ᠬᠠᠷᠠᠭ᠎ᠠ ᠪᠠᠨ ᠠᠯᠳᠠᠭᠰᠠᠨ ᠡᠴᠡ 7 ᠨᠠᠰᠤᠳᠠᠢ ᠦᠯᠵᠠᠢ ᠪᠦᠬᠦ ᠬᠡᠷ ᠤ᠋ᠨ ᠵᠢᠡᠨ 8 ᠠᠮᠠᠨ ᠲᠤᠭ᠎ᠠ ᠵᠢᠨ ᠠᠮᠤ ᠬᠦᠨᠡᠰᠤ ᠵᠢ ᠤᠯᠬᠤ ᠬᠡᠵᠤ ᠨᠢᠭᠡᠳᠤᠯ ᠤ᠋ᠨ ᠬᠤᠴᠠ ᠵᠢ 5 ᠵᠢᠯ ᠬᠢᠷᠢᠲᠠᠢ ᠬᠠᠷᠢᠭᠤᠯᠵᠠᠢ᠃ ᠬᠤᠵᠢᠮ ᠨᠢ ᠠᠢᠯ ᠬᠡᠷ ᠪᠤᠯᠵᠤ᠂ ᠮᠠᠯ ᠤᠨᠤᠭ᠎ᠠ᠂ ᠲᠠᠷᠢᠶ᠎ᠠ ᠲᠦᠮᠤᠰᠤ ᠲᠠᠢ ᠪᠡᠨ ᠦᠷᠯᠤᠭᠡ ᠦᠳᠡᠰᠢ ᠦᠬᠡᠢ ᠨᠤᠴᠤᠯᠳᠤᠭᠰᠠᠭᠠᠷ ᠪᠠᠢᠵᠤ ᠠᠮᠢᠳᠤᠷᠠᠯ ᠨᠢ ᠠᠷᠠᠢ ᠬᠡᠵᠤ ᠵᠦᠭᠡᠷ ᠪᠤᠯᠪᠠ᠃ ᠲᠡᠭᠡᠬᠦ ᠳ᠋ᠤ ᠬᠡᠷᠭᠡᠢ ᠨᠢ ᠡᠪᠡᠳᠤᠬᠡᠳ ᠶᠠᠪᠤᠵᠤ ᠰᠠᠭᠤᠬᠤ ᠳ᠋ᠤ ᠲᠦᠬᠦᠮ ᠦᠬᠡᠢ ᠪᠤᠯᠤᠬᠰᠠᠨ ᠤ᠋ ᠲᠡᠭᠡᠷ᠎ᠠ 2 ᠬᠦᠤ ᠨᠢ ᠨᠢᠷᠠᠢ ᠨᠢᠯᠬ᠎ᠠ ᠪᠠᠢᠵᠤ ᠬᠦᠮᠤᠨ ᠤ᠋ ᠭᠠᠷ ᠡᠴᠡ ᠰᠠᠯᠵᠤ ᠴᠢᠳᠠᠬᠤ ᠦᠬᠡᠢ ᠪᠠᠢᠭᠰᠠᠨ ᠶ᠋ᠢᠡᠷ ᠠᠮᠢᠳᠤᠷᠠᠯ ᠤ᠋ᠨ ᠪᠦᠬᠦ ᠲᠠᠷᠤᠭᠠᠰᠤ ᠨᠢ ᠠᠬᠢᠭᠠᠳ ᠦᠯᠵᠠᠢ ᠵᠢᠨ ᠮᠦᠷᠤᠨ ᠲᠡᠭᠡᠷ᠎ᠠ ᠲᠠᠯᠪᠢᠬᠳᠠᠵᠤ ᠪᠢᠯᠡ᠃ ᠡᠨᠡ ᠪᠠᠢᠳᠠᠯ ᠲᠤᠤᠷ᠎ᠠ ᠲᠡᠷᠡ ᠬᠡᠷ ᠡᠴᠡ ᠪᠡᠨ ᠬᠤᠯᠠ ᠶᠠᠪᠤᠵᠤ ᠲᠠᠷᠢᠶ᠎ᠠ ᠲᠦᠮᠤᠰᠤ ᠲᠠᠷᠢᠬᠤ ᠵᠢᠨ ᠠᠷᠭ᠎ᠠ ᠦᠬᠡᠢ ᠪᠤᠯᠬᠤ ᠳ᠋ᠠᠭᠠᠨ ᠨᠤᠳᠤᠭ ᠤ᠋ᠨ ᠤᠷᠠᠨ ᠲᠠᠷᠬᠠᠨ ᠷᠠᠰᠢᠳᠡᠯᠭᠡᠷ ᠭᠤᠸᠠᠢ ᠳ᠋ᠤ ᠱᠠᠪᠢᠯᠠᠵᠤ ᠮᠤᠳᠤᠨ ᠲᠠᠷᠬᠠᠨ ᠤ᠋ ᠠᠵᠢᠯ ᠢ᠋ ᠡᠬᠢᠯᠡᠨ ᠰᠤᠷᠤᠬᠰᠠᠨ ᠪᠠᠢᠯ᠎ᠠ᠃ ᠲᠡᠭᠡᠭᠡᠳ ᠲᠡᠷᠭᠡᠨ ᠠᠷᠠᠯ᠂ ᠠᠪᠳᠠᠷ᠎ᠠ ᠬᠤᠷᠭᠤ ᠬᠡᠳ ᠠᠭᠠᠵᠢᠮ ᠠᠭᠠᠵᠢᠮ ᠵᠢᠡᠷ ᠬᠢᠭᠰᠡᠭᠡᠷ ᠪᠠᠢᠵᠤ᠂ ᠦᠢᠷ᠎ᠠ ᠤᠷᠴᠢᠮ ᠳ᠋ᠠᠭᠠᠨ ᠨᠡᠯᠢᠶᠡᠳ ᠨᠡᠷ᠎ᠠ ᠨᠦᠯᠤᠭᠡ ᠲᠠᠢ ᠮᠤᠳᠤᠨ ᠲᠠᠷᠬᠠᠨ ᠪᠤᠯᠴᠢᠬᠠᠵᠠᠢ᠃
《ᠮᠤᠳᠤᠨ ᠲᠠᠷᠬᠠᠨ ᠤ᠋ ᠠᠵᠢᠯ ᠬᠢᠬᠦ ᠨᠢ ᠬᠡᠷ ᠵᠠᠭᠤᠷ᠎ᠠ ᠶ᠋ᠢᠨ ᠠᠷᠰᠠᠷ ᠠᠵᠢᠯ ᠵᠢᠡᠨ ᠲᠦᠪᠬᠢᠨᠡᠭᠦᠯᠴᠢᠬᠡᠬᠦ ᠵᠢᠨ ᠲᠠᠭᠠᠤ ᠪᠠᠰᠠ ᠵᠤᠭᠤᠰ ᠤᠯᠴᠢᠬᠠᠳᠠᠭ ᠪᠤᠯᠬᠤᠷ ᠲᠤᠬᠠᠢ ᠶ᠋ᠢᠨ ᠦᠶᠡᠰ ᠨᠠᠳᠠ ᠳ᠋ᠤ ᠬᠠᠮᠤᠭ ᠡᠴᠡ ᠲᠤᠬᠢᠷᠠᠬᠰᠠᠨ ᠠᠵᠢᠯ ᠶᠤᠮ》 ᠬᠡᠵᠤ ᠦᠯᠵᠡᠢ ᠲᠤᠬᠠᠢ ᠵᠢᠨ ᠦᠶ᠎ᠠ ᠵᠢᠨ ᠪᠠᠢᠳᠠᠯ ᠵᠢᠡᠨ ᠡᠷᠬᠢᠴᠡᠬᠦᠯᠤᠨᠠ᠃

ᠮᠤᠷᠢᠨ ᠬᠤᠭᠤᠷ ᠤᠷᠠᠯᠠᠨ᠎ᠠ
ᠡᠮ ᠲᠠᠡᠭ᠂ ᠰᠤᠷᠤᠯᠭ᠎ᠠ ᠵᠢᠨ ᠰᠦᠢᠳᠭᠡᠯ᠂ ᠡᠳᠤᠷ ᠲᠤᠳᠤᠮ ᠤ᠋ᠨ ᠵᠠᠷᠤᠳᠡᠯ ᠁ ᠦᠯᠵᠡᠢ ᠵᠢᠨ ᠤᠯᠤᠬᠰᠠᠨ ᠵᠤᠭᠤᠰ ᠬᠠᠮᠢᠭ᠎ᠠ ᠨᠢ ᠴᠸ᠋ ᠬᠦᠷᠬᠦ ᠦᠬᠡᠢ ᠰᠠᠨᠳᠤᠷᠭᠠᠨᠠ᠃ ᠡᠢᠨ ᠬᠦ᠌ ᠲᠡᠷᠡ ᠪᠡᠷ ᠠᠷᠭ᠎ᠠ ᠪᠤᠰᠤ ᠠᠮᠢᠨ ᠬᠠᠢᠷᠠᠳᠠᠢ ᠰᠠᠷᠠᠯ ᠮᠤᠷᠢ ᠪᠡᠨ ᠬᠠᠵᠠᠭᠤ ᠠᠢᠯ ᠤ᠋ᠨ ᠨᠢᠭᠡ ᠮᠠᠢᠮᠠᠢᠴᠢᠨ ᠳ᠋ᠤ 550 ᠲᠦᠬᠦᠷᠢᠭ ᠵᠢᠡᠷ ᠬᠤᠳᠠᠯᠳᠤᠵᠠᠢ᠃ ᠬᠡᠶ᠎ᠠ ᠮᠠᠢᠮᠠᠢᠴᠢᠨ ᠡᠴᠡ ᠮᠤᠷᠢ ᠵᠢ ᠨᠢ ᠬᠦᠲᠦᠯᠦᠭᠡᠳ ᠬᠤᠯᠠᠳᠠᠬᠤ ᠲᠤᠰᠤᠮ ᠦᠯᠵᠡᠢ ᠵᠢᠨ ᠰᠡᠳᠬᠢᠯ ᠨᠢᠭᠡ ᠯᠡ ᠬᠦᠨᠳᠤ ᠪᠤᠯᠵᠤ᠂ ᠴᠢᠬᠢᠨ ᠳ᠋ᠤᠨᠢ ᠬᠠᠢᠷᠠᠳᠠᠢ ᠮᠤᠷᠢ ᠵᠢᠨ ᠬᠢᠨᠢ ᠦᠤᠷᠰᠡᠬᠦ ᠲᠠᠭᠤᠨ ᠲᠠᠰᠤᠷᠠᠯᠳᠠ ᠦᠬᠡᠢ ᠰᠤᠨᠤᠰᠳᠠᠨ᠎ᠠ᠂ ᠲᠡᠷᠡ ᠲᠡᠰᠴᠤ ᠶᠠᠳᠠᠨ ᠬᠤᠢᠨ᠎ᠠ ᠡᠴᠡ ᠨᠢ ᠶᠠᠪᠠᠭᠠᠨ ᠵᠢᠡᠷ ᠬᠦᠭᠡᠭᠡᠵᠤ ᠭᠦᠢᠴᠡᠨ᠂ ᠰᠠᠷᠠᠯ ᠮᠤᠷᠢ ᠪᠡᠨ ᠡᠷᠬᠢᠬᠦᠯᠤᠨ ᠠᠪᠤᠭᠠᠳ ᠢᠷᠡᠵᠠᠢ᠃
ᠰᠠᠷᠠᠯ ᠮᠤᠷᠢ ᠪᠡᠨ ᠡᠷᠬᠢᠬᠦᠯᠤᠨ ᠠᠪᠴᠢᠷᠠᠬᠰᠠᠨ ᠦᠯᠵᠡᠢ ᠵᠢᠨ ᠰᠡᠳᠬᠢᠯ ᠬᠠᠡᠭᠬᠤᠯᠤᠭᠤᠨ ᠪᠤᠯᠤᠬᠰᠠᠨ ᠪᠤᠯᠪᠠᠴᠤ ᠨᠢᠳᠤᠨ ᠡᠮᠤᠨᠡᠬᠢ ᠭᠠᠴᠢᠭᠳᠠᠯᠳᠦ ᠪᠠᠢᠳᠠᠯ ᠨᠢ ᠲᠡᠬᠦᠨ ᠢ᠋ ᠠᠷᠭ᠎ᠠ ᠪᠠᠷᠠᠬᠳᠠᠭᠤᠯᠬᠤ ᠪᠡᠷ ᠬᠡᠳᠤᠨ ᠡᠳᠤᠷ ᠤ᠋ᠨ ᠲᠠᠷᠠᠭ᠎ᠠ ᠰᠠᠷᠠᠯ ᠮᠤᠷᠢ ᠪᠡᠨ ᠠᠬᠢᠭᠠᠳ ᠠᠯᠤᠰ ᠤ᠋ᠨ ᠮᠠᠢᠮᠠᠢᠴᠢᠨ ᠳ᠋ᠤ ᠬᠤᠳᠠᠯᠳᠤᠯ᠎ᠠ᠃ ᠲᠡᠭᠦᠨ ᠡᠴᠡ ᠬᠤᠢᠰᠢ ᠬᠠᠢᠷᠠᠳᠠᠢ ᠬᠦᠯᠦᠭ ᠨᠢ ᠪᠠᠢᠡᠭᠭᠤ ᠵᠡᠬᠦᠳᠤᠨ ᠳ᠋ᠤᠨᠢ ᠢᠷᠡᠵᠤ ᠢᠨᠴᠠᠭᠠᠬᠤ ᠪᠤᠯᠵᠤ᠂ ᠮᠤᠷᠢ ᠪᠡᠨ ᠲᠤᠷᠠᠰᠤᠨ ᠰᠠᠨᠠᠭᠠᠯᠵᠠᠬᠤ ᠪᠦᠷᠢ ᠰᠡᠳᠬᠢᠯ ᠨᠢ ᠶᠡᠬᠡ ᠰᠢᠨᠠᠯᠳᠠᠭ ᠡᠴᠡ ᠲᠡᠷᠡ ᠠᠭᠠᠵᠢᠮ ᠵᠢᠡᠷ ᠮᠤᠳᠤᠨ ᠲᠠᠷᠬᠠᠨ ᠤ᠋ ᠮᠡᠷᠭᠡᠵᠢᠯ ᠳ᠋ᠡᠭᠡᠨ ᠰᠠᠭᠤᠷᠢᠯᠠᠨ ᠠᠵᠢᠯ ᠤ᠋ᠨ ᠴᠢᠯᠤᠭᠡ ᠵᠠᠪ ᠶ᠋ᠢᠡᠷ ᠮᠤᠷᠢᠨ ᠬᠤᠭᠤᠷ ᠤᠷᠠᠯᠠᠬᠤ ᠮᠡᠷᠭᠡᠵᠢᠯ ᠢ᠋ ᠤᠷᠤᠯᠳᠤᠬᠤ ᠪᠤᠯᠵᠠᠢ᠃

《ᠲᠡᠷᠡ ᠦᠶ᠎ᠠ ᠵᠢᠨ ᠮᠠᠯᠵᠢᠬᠤ ᠤᠷᠤᠨ ᠶᠡᠬᠡ ᠬᠤᠴᠤᠷᠤᠡᠭᠭᠤᠢ ᠪᠠᠢᠬᠰᠠᠨ ᠪᠤᠯᠬᠤᠷ ᠬᠦᠭᠵᠢᠮᠳᠡᠬᠦᠷ ᠦᠢᠯᠡᠳᠬᠦ ᠪᠠᠢᠳᠤᠭᠠᠢ ᠬᠦᠭᠵᠢᠮᠳᠡᠵᠤ ᠴᠢᠳᠠᠬᠤ ᠨᠢ ᠴᠸ᠋ ᠲᠡᠮᠡᠢ ᠬᠡᠳᠤᠨ ᠬᠦᠮᠤᠨ ᠪᠠᠢᠬᠰᠠᠨ ᠦᠬᠡᠢ ᠶᠤᠮ᠃ ᠪᠢ ᠦᠪᠡᠷ ᠵᠢᠡᠨ ᠰᠦᠪᠡᠭᠴᠢᠯᠡᠵᠦ ᠤᠷᠤᠯᠳᠤᠭᠰᠠᠭᠠᠷ ᠪᠠᠢᠵᠤ 1985 ᠤᠨ ᠤ᠋ ᠰᠡᠬᠦᠯᠴᠢ ᠪᠡᠷ ᠠᠡᠭᠬᠠᠨ ᠤ᠋ ᠮᠤᠷᠢᠨ ᠬᠤᠭᠤᠷ ᠵᠢᠡᠨ ᠠᠮᠵᠢᠯᠳᠠ ᠲᠠᠢ ᠪᠦᠳᠤᠭᠡᠯᠠ》 ᠬᠡᠵᠤ ᠦᠯᠵᠡᠢ ᠬᠡᠯᠡᠨ᠎ᠠ᠃ ᠪᠦᠷ ᠰᠡᠬᠦᠯᠡᠷ ᠨᠢ ᠦᠯᠵᠠᠢ ᠭᠤᠸᠠᠢ ᠠᠮᠢᠳᠤᠷᠠᠯ ᠤ᠋ᠨ ᠡᠷᠭᠡ ᠪᠡᠷ ᠨᠤᠳᠤᠭ ᠡᠴᠡ ᠪᠡᠨ ᠰᠠᠯᠵᠤ ᠵᠡᠬᠦᠨ ᠦᠵᠤᠮᠤᠴᠢᠨ ᠬᠤᠰᠢᠭᠤᠨ ᠳ᠋ᠤ ᠬᠦᠷᠴᠤ ᠬᠡᠷ ᠵᠠᠰᠠᠬᠤ ᠂ ᠲᠠᠪᠢᠯᠭ᠎ᠠ ᠤᠷᠠᠯᠠᠬᠤ ᠠᠵᠢᠯ ᠢ᠋ ᠴᠤ᠌ ᠬᠢᠵᠤ ᠦᠵᠡᠵᠠᠢ᠃ ᠡᠨᠡ ᠬᠤᠭᠤᠷᠤᠨᠳᠤ ᠲᠡᠷᠡ ᠪᠠᠰᠠ ᠲᠤᠬᠠᠢ ᠵᠢᠨ ᠭᠠᠵᠠᠷ ᠤ᠋ᠨ ᠤᠷᠠᠨ ᠲᠠᠷᠬᠠᠳ ᠡᠴᠡ ᠰᠤᠷᠤᠯᠴᠠᠵᠤ᠂ ᠮᠤᠷᠢᠨ ᠬᠤᠭᠤᠷ ᠬᠢᠬᠦ ᠤᠷ᠎ᠠ ᠮᠡᠷᠭᠡᠵᠢᠯ ᠵᠢᠡᠨ ᠲᠡᠭᠡᠭᠰᠢᠯᠡᠬᠦᠯᠦᠭᠰᠡᠨ ᠠᠵᠢ᠃
2003 ᠤᠨ ᠳ᠋ᠤ᠂ ᠦᠯᠵᠡᠢ ᠨᠡᠡᠭ ᠦᠷᠭᠡᠨ ᠲᠠᠪᠴᠠᠡᠭ ᠢ᠋ ᠡᠷᠢᠯᠬᠢᠯᠡᠵᠤ᠂ 1700 ᠲᠦᠬᠦᠷᠢᠭ ᠡᠪᠤᠷᠳᠤᠯᠡᠨ ᠬᠦᠭᠡᠬᠤᠳᠠ ᠵᠢ ᠵᠤᠷᠢᠵᠤ ᠢᠷᠡᠵᠠᠢ᠃ ᠲᠤᠬᠠᠢ ᠵᠢᠨ ᠦᠶ᠎ᠠ ᠳ᠋ᠤ ᠶᠡᠭᠡ ᠬᠦᠤ ᠨᠢ ᠨᠢᠭᠡᠨᠳᠡ ᠮᠤᠷᠢᠨ ᠬᠤᠭᠤᠷ ᠤ᠋ᠨ ᠮᠡᠷᠭᠡᠵᠢᠯ ᠵᠢᠡᠷ ᠰᠤᠷᠤᠯᠭ᠎ᠠ ᠲᠡᠬᠦᠰᠴᠤ ᠬᠦᠬᠡᠬᠤᠳᠠ ᠳ᠋ᠤ ᠪᠠᠢᠬᠰᠠᠨ ᠲᠤᠯᠡ ᠬᠤᠳᠠ ᠵᠢᠨ ᠲᠡᠬᠦᠷᠭᠡ ᠡᠴᠡ ᠨᠢᠭᠡ ᠵᠢᠵᠢᠭ ᠬᠡᠷ ᠲᠦᠷᠢᠶᠡᠰᠤᠯᠡᠵᠤ᠂ ᠬᠡᠳᠤᠨ ᠮᠤᠷᠢᠨ ᠬᠤᠭᠤᠷ ᠤᠷᠠᠯᠠᠭᠠᠳ ᠬᠦᠬᠡᠬᠤᠳᠠ ᠵᠢᠨ ᠡᠯ᠎ᠠ ᠮᠤᠷᠢᠨ ᠬᠤᠭᠤᠷ ᠤ᠋ᠨ ᠪᠤᠯᠪᠠᠰᠤᠷᠠᠯ ᠤ᠋ᠨ ᠠᠡᠭᠭᠢ ᠪᠡᠷ ᠪᠤᠷᠤᠯᠠᠭᠤᠯᠬᠤ ᠬᠡᠵᠤ ᠡᠳᠤᠷᠵᠢᠨ ᠮᠤᠡᠭᠭᠠᠨᠢᠵᠤ ᠬᠦᠶᠤᠵᠠᠢ᠃ ᠲᠠᠷᠠᠭ᠎ᠠ ᠵᠢᠯ ᠨᠢ ᠲᠡᠷᠡ ᠬᠦᠳᠡᠬᠡ ᠵᠢᠨ ᠨᠤᠳᠤᠭ ᠪᠡᠯᠴᠢᠭᠡᠷ ᠶ᠋ᠢᠡᠨ ᠰᠡᠳᠤᠨ ᠲᠦᠷᠤᠯ ᠳ᠋ᠡᠭᠡᠨ ᠨᠠᠢᠳᠠᠵᠤ᠂ ᠬᠡᠷᠭᠡᠢ ᠬᠢᠭᠡᠳ ᠪᠠᠭ᠎ᠠ ᠬᠦᠤ ᠪᠡᠨ ᠲᠠᠭᠠᠭᠤᠯᠤᠨ ᠪᠦᠬᠦ ᠬᠡᠷ ᠵᠢᠡᠷ ᠵᠢᠡᠨ ᠬᠦᠬᠡᠬᠤᠳᠠ ᠳ᠋ᠤ ᠨᠡᠬᠦᠵᠤ ᠢᠷᠡᠭᠰᠡᠨ ᠶᠤᠮ᠃ ᠲᠡᠭᠡᠭᠡᠳ ᠬᠦᠤ ᠲᠠᠢ ᠪᠡᠨ ᠬᠠᠮᠳᠤ 《ᠲᠡᠭᠷᠢ ᠵᠢᠨ ᠤᠨᠠᠭ᠎ᠠ》 ᠦᠨᠳᠤᠰᠤᠳᠡᠨ ᠤ᠋ ᠬᠦᠭᠵᠢᠮ ᠤ᠋ᠨ ᠦᠢᠯᠡᠳᠪᠤᠷᠢ ᠶ᠋ᠢ ᠪᠠᠢᠭᠤᠯᠤᠨ ᠠᠵᠢᠯᠯᠠᠭᠤᠯᠵᠠᠢ᠃

《ᠲᠤᠬᠠᠢ ᠵᠢᠨ ᠦᠶᠡᠰ ᠬᠦᠬᠡᠬᠤᠳᠠ ᠳ᠋ᠤ ᠨᠡᠷ᠎ᠠ ᠨᠦᠯᠤᠭᠡ ᠲᠠᠢ᠂ ᠬᠡᠪᠴᠢᠶ᠎ᠠ ᠪᠡᠷ ᠶᠡᠬᠡ ᠦᠨᠳᠤᠰᠤᠳᠡᠨ ᠤ᠋ ᠬᠦᠭᠵᠢᠮ ᠤ᠋ᠨ ᠦᠢᠯᠡᠳᠪᠤᠷᠢ ᠤᠯᠠᠨ ᠪᠠᠢᠭᠰᠠᠨ᠃ ᠮᠠᠨᠤᠰ ᠰᠢᠭ᠋ ᠬᠦᠳᠡᠭᠡ ᠡᠴᠡ ᠢᠷᠡᠭᠰᠡᠨ ᠬᠦᠮᠤᠰ ᠶᠠᠭᠤ ᠴᠸ᠋ ᠮᠡᠳᠡᠬᠦ ᠦᠬᠡᠢ᠂ ᠨᠠᠭᠠᠳᠤ ᠵᠠᠬ᠎ᠠ ᠳ᠋ᠠᠭᠠᠨ ᠮᠤᠷᠢᠨ ᠬᠤᠭᠤᠷ ᠬᠢᠬᠦ ᠮᠤᠳᠤᠨ ᠮᠠᠲ᠋ᠸᠷᠢᠶᠠᠯ ᠵᠢᠡᠨ ᠬᠠᠮᠢᠭ᠎ᠠ ᠡᠴᠡ ᠤᠷᠤᠭᠤᠯᠬᠤ ᠪᠡᠨ ᠴᠸ᠋ ᠮᠡᠳᠡᠬᠦ ᠦᠬᠡᠢ ᠪᠠᠢᠬᠰᠠᠨ ᠰᠢᠤ᠃ ᠬᠡᠪᠡᠴᠤ ᠰᠠᠢᠨ ᠬᠦᠮᠤᠨ ᠤᠯᠠᠨ ᠪᠠᠢᠵᠤ᠂ ᠪᠢᠳᠡᠨ ᠳ᠋ᠤ ᠮᠠᠰᠢ ᠠᠷᠪᠢᠨ ᠰᠠᠨᠠᠯ ᠰᠠᠨᠠᠭᠤᠯᠭ᠎ᠠ᠂ ᠬᠠᠪᠰᠤᠷᠤᠯᠭ᠎ᠠ ᠲᠡᠮᠵᠢᠯᠭᠡ ᠦᠵᠡᠬᠦᠯᠦᠭᠰᠡᠨ》 ᠭᠡᠵᠤ ᠦᠯᠵᠠᠢ ᠠᠡᠭᠬ᠎ᠠ ᠬᠦᠬᠡᠬᠤᠳᠠ ᠳ᠋ᠤ ᠢᠷᠡᠭᠰᠡᠨ ᠪᠠᠢᠳᠠᠯ ᠵᠢᠡᠨ ᠡᠷᠬᠢᠴᠡᠬᠦᠯᠤᠨᠠ᠃
ᠮᠤᠷᠢᠨ ᠬᠤᠭᠤᠷ ᠤᠷᠠᠯᠠᠵᠤ ᠬᠢᠭᠡᠳ ᠤᠳᠠᠭᠠᠨ ᠵᠢᠯ ᠪᠤᠯᠤᠬᠰᠠᠨ ᠲᠡᠷᠡ ᠮᠤᠷᠢᠨ ᠬᠤᠭᠤᠷ ᠤ᠋ᠨ ᠶᠡᠭᠡ ᠪᠠᠬᠰᠢᠳᠠᠨ ᠴᠢ᠊·ᠪᠤᠯᠠᠭ ᠲᠠᠢ ᠠᠭᠤᠯᠵᠠᠵᠤ ᠦᠪᠡᠷ ᠤ᠋ᠨ ᠤᠷᠠᠯᠠᠬᠰᠠᠨ ᠮᠤᠷᠢᠨ ᠬᠤᠭᠤᠷ ᠵᠢᠡᠨ ᠵᠠᠪᠠᠯ ᠨᠢᠭᠡ ᠦᠵᠡᠬᠦᠯᠬᠦ ᠬᠡᠮᠡᠨ ᠤᠯᠠᠨ ᠬᠦᠮᠦᠨ ᠢ᠋ ᠡᠷᠢᠵᠤ ᠰᠤᠷᠠᠬᠰᠠᠭᠠᠷ ᠪᠠᠢᠵᠤ᠂ ᠨᠢᠭᠡᠨ ᠡᠳᠤᠷ ᠴᠢ᠊·ᠪᠤᠯᠠᠭ ᠪᠠᠬᠰᠢ ᠵᠢᠨ 《ᠲᠡᠬᠢ》 ᠮᠤᠷᠢᠨ ᠬᠤᠭᠤᠷ ᠤ᠋ᠨ ᠪᠦᠯᠬᠦᠮ ᠤ᠋ᠨ ᠨᠢᠭᠡ ᠬᠡᠰᠢᠬᠦᠨ ᠲᠠᠢ ᠲᠠᠨᠢᠯᠴᠠᠬᠤ ᠵᠢᠨ ᠤᠯᠠᠮ ᠵᠢᠡᠷ ᠴᠢ᠊·ᠪᠤᠯᠠᠭ ᠪᠠᠬᠰᠢ ᠲᠠᠢ ᠠᠭᠤᠯᠵᠠᠵᠤ ᠪᠢᠯᠡ᠃ ᠴᠢ᠊·ᠪᠤᠯᠠᠭ ᠪᠠᠬᠰᠢ ᠦᠯᠵᠠᠢ ᠵᠢᠨ ᠬᠢᠭᠰᠡᠨ ᠮᠤᠷᠢᠨ ᠬᠤᠭᠤᠷ ᠢ᠋ ᠲᠤᠰᠤᠨ ᠠᠪᠴᠤ ᠤᠳᠠᠳᠠᠯ᠎ᠠ ᠬᠤᠭᠤᠷᠳᠠᠬᠰᠠᠨ ᠵᠢᠡᠨ᠄ 《ᠵᠠᠯᠠᠭᠤ ᠵᠢᠨ ᠬᠢᠭᠰᠡᠨ ᠮᠤᠷᠢᠨ ᠬᠤᠭᠤᠷ ᠴᠢᠨᠢ ᠮᠠᠰᠢ ᠰᠠᠢᠨ ᠪᠠᠢᠨ᠎ᠠ᠂ ᠴᠢ ᠮᠠᠰᠢ ᠠᠪᠢᠶᠠᠰ ᠪᠢᠯᠢᠭ ᠲᠠᠢ ᠬᠦᠮᠦᠨ》 ᠬᠡᠵᠤ ᠦᠯᠵᠠᠢ ᠵᠢ ᠪᠦᠬᠦ ᠬᠡᠰᠢᠬᠦᠳ ᠤ᠋ᠨ ᠵᠢᠡᠨ ᠡᠮᠤᠨ᠎ᠠ ᠦᠨᠳᠤᠷ ᠦᠨᠠᠯᠠᠵᠠᠢ᠃ ᠡᠬᠦᠨ ᠢ᠋ ᠰᠤᠨᠤᠰᠤᠬᠰᠠᠨ ᠦᠯᠵᠡᠢ ᠬᠠᠭ᠎ᠠ ᠪᠠᠶᠠᠷᠯᠠᠪᠠ᠃ ᠡᠨᠡ ᠨᠢ ᠲᠡᠭᠦᠨ ᠤ᠋ ᠨᠡᠡᠭ ᠭᠤᠢᠳᠠ ᠰᠠᠢᠬᠠᠨ ᠬᠦᠭ ᠠᠶᠠᠰ ᠲᠠᠢ ᠮᠤᠷᠢᠨ ᠬᠤᠭᠤᠷ ᠢ᠋ ᠤᠷᠠᠯᠠᠵᠤ ᠭᠠᠷᠭᠠᠬᠤ ᠳ᠋ᠤᠨᠢ ᠰᠠᠭᠤᠷᠢ ᠪᠤᠯᠤᠬᠰᠠᠨ ᠪᠦᠭᠡᠳ ᠲᠡᠷᠡ ᠪᠡᠷ 《ᠴᠢ᠊·ᠪᠤᠯᠠᠭ ᠨᠡᠷᠡᠮᠵᠢᠳᠦ》 ᠲᠠᠸᠠᠷ ᠤ᠋ᠨ ᠲᠡᠮᠳᠡᠭ ᠢ᠋ ᠬᠡᠷᠡᠭᠯᠡᠵᠤ ᠪᠤᠯᠬᠤ ᠦᠪᠤᠷ ᠮᠤᠡᠭᠭᠤᠯ ᠤ᠋ᠨ ᠴᠤᠷ ᠤ᠋ᠨ ᠭᠠᠬᠴᠠ ᠦᠨᠳᠤᠰᠤᠳᠡᠨ ᠤ᠋ ᠬᠦᠭᠵᠢᠮᠳᠡᠬᠦᠷ ᠤᠷᠠᠯᠠᠬᠤ ᠤᠷᠠᠨ ᠲᠠᠷᠬᠠᠨ ᠪᠤᠯᠤᠬᠰᠠᠨ ᠶᠤᠮ᠃ 2008 ᠤᠨ ᠤ᠋ ᠪᠡᠭᠡᠵᠢᠡᠭ ᠤ᠋ᠨ ᠤᠯᠢᠮᠫᠢᠺ ᠤ᠋ᠨ ᠲᠠᠮᠢᠷ ᠤ᠋ᠨ ᠴᠤᠬᠯᠠᠭᠠᠨ ᠤ᠋ ᠡᠬᠢᠯᠡᠯᠳᠡ ᠵᠢᠨ ᠶᠤᠰᠤᠯᠠᠯ ᠳ᠋ᠤ ᠴᠢ᠊·ᠪᠤᠯᠠᠭ ᠪᠠᠭᠰᠢ ᠱᠠᠪᠢ ᠨᠡᠷ ᠲᠠᠢ ᠪᠡᠨ ᠬᠠᠮᠳᠤ 《ᠲᠦᠮᠡᠨ ᠠᠬᠳᠠ ᠵᠢᠨ ᠲᠦᠪᠡᠷᠭᠡᠨ》 ᠢ᠋ ᠬᠤᠭᠤᠷᠳᠠᠬᠤ ᠳ᠋ᠤ ᠦᠯᠵᠡᠢ ᠵᠢᠨ ᠤᠷᠠᠯᠠᠬᠰᠠᠨ 120 ᠮᠤᠷᠢᠨ ᠬᠤᠭᠤᠷ ᠢ᠋ ᠰᠤᠡᠭᠭᠤᠵᠤ ᠬᠡᠷᠡᠭᠯᠡᠭᠰᠡᠨ ᠶᠤᠮ᠃

ᠦᠯᠵᠡᠢ ᠪᠤᠰᠤᠳ ᠮᠤᠷᠢᠨ ᠬᠤᠭᠤᠷ ᠤᠷᠠᠯᠠᠬᠤ ᠤᠷᠠᠨ ᠲᠠᠷᠬᠠᠳ ᠲᠠᠢ ᠠᠳᠠᠯᠢ ᠦᠬᠡᠢ᠂ ᠤᠯᠠᠨ ᠵᠢᠯ ᠤ᠋ᠨ ᠲᠤᠷᠰᠢ ᠲᠡᠷᠡ ᠨᠡᠢᠳᠡᠮ ᠦᠪᠡᠷ ᠤ᠋ᠨ ᠬᠦᠳᠡᠯᠮᠤᠷᠢᠴᠢ ᠬᠤᠶᠠᠷ ᠭᠠᠷ ᠲᠠᠭᠠᠨ ᠲᠦᠰᠢᠭᠯᠡᠨ ᠮᠤᠷᠢᠨ ᠬᠤᠭᠤᠷ ᠵᠢᠡᠨ ᠤᠷᠠᠯᠠᠬᠤ ᠵᠢ ᠪᠠᠷᠢᠮᠳᠠᠯᠠᠬᠰᠠᠭᠠᠷ ᠢᠷᠡᠵᠠᠢ᠃
《ᠮᠤᠷᠢᠨ ᠬᠤᠭᠤᠷ ᠬᠢᠬᠦ ᠮᠤᠳᠤ ᠵᠢ ᠰᠤᠡᠭᠭᠤᠬᠤ ᠳ᠋ᠤ ᠤᠨᠴᠠᠭᠠᠢ ᠠᠩᠬᠠᠷᠬᠤ ᠬᠡᠷᠡᠭ ᠳᠠᠢ᠂ ᠮᠤᠳᠤ ᠴᠸ᠋ ᠬᠡᠰᠡᠨ ᠦᠪᠡᠷ ᠤ᠋ᠨ ᠰᠦᠭ ᠰᠦᠨᠡᠰᠤ ᠲᠠᠢ ᠪᠠᠢᠳᠠᠭ᠃ ᠬᠡᠷᠪᠡ ᠮᠡᠰᠢᠨ ᠵᠢᠡᠷ ᠡᠳ᠋ᠰᠢᠬᠦᠯᠵᠤ ᠦᠷᠤᠬᠦ ᠶᠤᠮ ᠪᠤᠯ ᠮᠤᠳᠤᠨ ᠮᠠᠲ᠋ᠸᠷᠢᠶᠠᠯ ᠤ᠋ᠨ ᠲᠤᠰ ᠪᠡᠶ᠎ᠠ ᠵᠢᠨ ᠰᠦᠭ ᠰᠦᠨᠡᠰᠤ ᠨᠢ ᠠᠷᠢᠯᠵᠤ᠂ ᠮᠤᠳᠤᠨ ᠮᠠᠲ᠋ᠸᠷᠢᠶᠠᠯ ᠤ᠋ᠨ ᠲᠤᠰ ᠪᠡᠶ᠎ᠠ ᠵᠢᠨ ᠲᠤᠷᠬᠢᠯᠳᠠ ᠵᠢ ᠨᠦᠯᠤᠭᠡᠯᠡᠨ᠂ ᠬᠦᠭᠵᠢᠮ ᠤ᠋ᠨ ᠦᠡᠭᠭᠡ ᠵᠢ ᠨᠦᠯᠤᠭᠡᠯᠡᠳᠡᠭ᠃ ᠬᠠᠷᠢᠨ ᠭᠠᠷ ᠵᠢᠡᠷ ᠤᠷᠠᠯᠠᠬᠰᠠᠨ ᠮᠤᠷᠢᠨ ᠬᠤᠭᠤᠷ ᠪᠤᠯ ᠰᠠᠶᠢ ᠠᠮᠢ ᠲᠠᠢ ᠪᠤᠯᠵᠤ᠂ ᠬᠠᠮᠤᠭ ᠤ᠋ᠨ ᠲᠡᠬᠦᠰ ᠰᠠᠢᠬᠠᠨ ᠲᠠᠭᠤ ᠭᠠᠷᠴᠤ ᠴᠢᠳᠠᠨ᠎ᠠ》 ᠬᠡᠵᠤ ᠦᠯᠵᠡᠢ ᠦᠪᠡᠷ ᠤ᠋ᠨ ᠤᠳᠠᠭᠠᠨ ᠵᠢᠯ ᠤ᠋ᠨ ᠲᠤᠷᠰᠢᠯᠭ᠎ᠠ ᠪᠡᠨ ᠬᠤᠪᠢᠶᠠᠯᠴᠠᠨ᠎ᠠ᠃
ᠡᠢᠨ ᠬᠦ᠌ ᠲᠡᠷᠡ ᠪᠡᠷ ᠮᠤᠷᠢᠨ ᠬᠤᠭᠤᠷ ᠬᠢᠬᠦ ᠮᠠᠲᠸᠷᠢᠶᠠᠯ ᠢ᠋ ᠰᠤᠡᠭᠭᠤᠬᠤ᠂ ᠰᠡᠢᠯᠬᠦ᠂ ᠰᠢᠷᠳᠡᠬᠦ ᠁ ᠵᠡᠷᠭᠡ ᠬᠡᠳᠤᠨ ᠠᠷᠪᠠᠨ ᠵᠦᠢᠯ ᠤ᠋ᠨ ᠶᠠᠷᠰᠢᠭ ᠲᠦᠪᠡᠭᠳᠠᠢ ᠪᠦᠭᠡᠳ ᠨᠠᠷᠢᠯᠢᠭ ᠠᠵᠢᠯ ᠢ᠋ ᠪᠦᠷ ᠦᠪᠡᠷ ᠵᠢᠡᠨ ᠪᠠᠶᠠᠴᠢᠯᠠᠨ ᠬᠢᠬᠦ ᠵᠢ ᠪᠠᠷᠢᠮᠳᠠᠯᠠᠳᠠᠭ ᠡᠴᠡ ᠶᠠᠰᠤ ᠴᠢᠨᠡᠷ ᠤ᠋ᠨ ᠬᠤᠪᠢ ᠳ᠋ᠤ ᠦᠷᠭᠡᠨ ᠤᠯᠠᠨ ᠬᠡᠷᠡᠭᠯᠡᠭᠴᠢ ᠵᠢᠨ ᠵᠢᠡᠨ ᠰᠠᠢᠨ ᠦᠨᠠᠯᠠᠯᠳᠠ ᠵᠢ ᠤᠯᠤᠬᠰᠠᠭᠠᠷ ᠢᠷᠡᠵᠠᠢ᠃
2015 ᠤᠨ ᠳ᠋ᠤ ᠲᠡᠷᠡ 《ᠬᠦᠯᠦᠭ》 ᠦᠨᠳᠤᠰᠤᠳᠡᠨ ᠤ᠋ ᠬᠦᠭᠵᠢᠮ ᠤ᠋ᠨ ᠬᠢᠵᠠᠭᠠᠷᠳᠤ ᠺᠤᠮᠫᠠᠨᠢ ᠪᠡᠨ ᠲᠠᠡᠭᠰᠠᠯᠠᠭᠤᠯᠵᠤ᠂ ᠮᠤᠷᠢᠨ ᠬᠤᠭᠤᠷ ᠤᠷᠠᠯᠠᠨ ᠬᠢᠬᠦ ᠡᠴᠡ ᠭᠠᠳᠠᠨ᠎ᠠ ᠮᠤᠡᠭᠭᠤᠯ ᠦᠨᠳᠤᠰᠤᠳᠡᠨ ᠤ᠋ ᠤᠰᠠᠳᠤᠨ ᠬᠡᠬᠡᠭᠳᠡᠭᠰᠡᠨ 160 ᠭᠠᠷᠤᠢ ᠲᠦᠷᠤᠯ ᠤ᠋ᠨ ᠬᠦᠭᠵᠢᠮᠳᠡᠭᠦᠷ ᠢ᠋ ᠰᠡᠷᠬᠦᠭᠡᠨ ᠤᠷᠠᠯᠠᠬᠤ ᠠᠵᠢᠯ ᠢ᠋ ᠭᠠᠷᠳᠠᠨ ᠬᠢᠵᠦ᠂ ᠤᠳᠤᠬᠠᠨ ᠪᠤᠯᠳᠠᠯ᠎ᠠ ᠨᠢᠭᠡᠨᠳᠡ 35 ᠵᠦᠢᠯ ᠤ᠋ᠨ ᠬᠦᠭᠵᠢᠮᠳᠡᠭᠦᠷ ᠢ᠋ ᠠᠮᠵᠢᠯᠳᠠ ᠳᠠᠢ ᠰᠡᠷᠬᠦᠭᠡᠭᠰᠡᠨ ᠪᠠᠢᠨ᠎ᠠ᠃
ᠦᠯᠵᠠᠢ ᠦᠪᠡᠷ ᠤ᠋ᠨ ᠲᠦᠴᠢᠭᠡᠳ ᠵᠢᠯ ᠤ᠋ᠨ ᠰᠢᠷᠭᠠᠭᠤ ᠴᠢᠷᠮᠠᠢᠯᠭ᠎ᠠ᠂ ᠮᠤᠷᠢᠨ ᠬᠤᠭᠤᠷ ᠤᠷᠠᠯᠠᠨ ᠦᠢᠯᠡᠳᠬᠦ ᠪᠠᠶᠠᠯᠢᠭ ᠲᠤᠷᠰᠢᠯᠭ᠎ᠠ ᠪᠡ ᠬᠠᠢᠨ ᠰᠦᠪᠡᠭᠴᠢᠯᠡᠯᠳᠡ ᠪᠡᠷ ᠵᠢᠡᠨ ᠤᠳᠤᠬᠠᠨ ᠪᠤᠯᠳᠠᠯ᠎ᠠ ᠨᠢᠭᠡᠨᠳᠡ ᠨᠠᠶᠠᠭᠠᠳ ᠱᠠᠪᠢ ᠬᠦᠮᠤᠵᠢᠬᠦᠯᠵᠤ᠂ ᠨᠠᠯᠢᠶᠠᠳ ᠨᠢ ᠬᠤᠪᠢᠨ ᠤ᠋ ᠦᠢᠯᠡᠳᠭᠡᠯ ᠤ᠋ᠨ ᠭᠠᠵᠠᠷ ᠲᠠᠢ ᠪᠤᠯᠵᠤ᠂ ᠦᠡᠭᠭᠡ ᠲᠠᠢ ᠦᠭᠡᠳᠡ ᠲᠠᠢ ᠶᠠᠪᠤᠵᠤ ᠪᠠᠢᠨ᠎ᠠ᠃ ᠲᠡᠷᠡ ᠪᠡᠰᠠ ᠠᠡᠭᠬ᠎ᠠ ᠤᠳᠠᠭ᠎ᠠ ᠬᠢᠬᠢᠯᠢᠴᠢᠯᠡᠭᠰᠡᠨ ᠮᠠᠶᠢᠭ ᠤ᠋ᠨ ᠮᠤᠷᠢᠨ ᠬᠤᠭᠤᠷ ᠢ᠋ ᠰᠢᠨᠡᠴᠢᠯᠡᠨ ᠲᠡᠬᠦᠯᠳᠡᠷᠵᠢᠬᠦᠯᠦᠭᠰᠡᠨ ᠵᠢᠡᠷ ᠦᠨᠳᠤᠰᠤᠳᠡᠨ ᠤ᠋ ᠤᠯᠠᠮᠵᠢᠯᠠᠯᠳᠤ ᠬᠦᠭᠵᠢᠮ ᠤ᠋ᠨ ᠬᠦᠭᠵᠢᠯᠳᠡ ᠶ᠋ᠢ ᠴᠢᠨᠠᠭᠰᠢᠳᠠ ᠠᠬᠢᠭᠤᠯᠪᠠ᠃ ᠲᠡᠭᠦᠨᠴᠢᠯᠡᠨ 2019 ᠤᠨ ᠳ᠋ᠤ ᠬᠦᠬᠡᠬᠤᠳᠠ ᠵᠢᠨ ᠠᠵᠢᠯᠴᠢᠨ ᠤ᠋ ᠶᠡᠷᠤᠡᠭᠭᠡᠢ ᠡᠪᠯᠡᠯ ᠡᠴᠡ 《ᠦᠯᠵᠡᠢ ᠵᠢᠨ ᠰᠢᠨ᠎ᠠ ᠵᠢ ᠡᠬᠦᠳᠬᠦ ᠠᠵᠢᠯᠯᠠᠬᠤ ᠦᠷᠤᠭᠡ》 ᠶ᠋ᠢ ᠪᠠᠢᠭᠤᠯᠵᠤ ᠦᠭᠴᠠᠢ᠃
ᠦᠯᠵᠠᠢ ᠤᠷᠢᠳ ᠬᠤᠵᠢᠳ ᠦᠪᠡᠷᠳᠡᠬᠡᠨ ᠵᠠᠰᠠᠬᠤ ᠤᠷᠤᠨ ᠤ᠋ 《5·1》 ᠤ᠋ ᠬᠦᠳᠡᠯᠮᠤᠷᠢ ᠵᠢᠨ ᠵᠢᠱ᠌ᠢᠶᠡᠴᠢ᠂ ᠦᠪᠡᠷᠳᠡᠭᠡᠨ ᠵᠠᠰᠠᠬᠤ ᠤᠷᠤᠨ ᠤ᠋ 《ᠤᠮᠠᠷᠠᠳᠤ ᠬᠢᠯᠢ ᠵᠢᠨ ᠤᠷᠠᠨ ᠲᠠᠷᠬᠠᠨ》᠂ 《ᠲᠤᠮᠳᠠᠳᠤ ᠤᠯᠤᠰ ᠤ᠋ᠨ ᠮᠤᠷᠢᠨ ᠬᠤᠭᠤᠷ ᠤᠷᠠᠯᠠᠬᠤ ᠦᠢᠯᠡᠰ ᠤ᠋ᠨ ᠵᠢᠳᠬᠦᠯᠳᠡᠨ》 ᠵᠡᠷᠭᠡ ᠠᠯᠢ ᠤᠯᠠᠨ ᠢᠷᠠᠭᠤ ᠠᠯᠳᠠᠷ ᠢ᠋ ᠬᠦᠷᠳᠡᠵᠤ᠂ 2019 ᠤᠨ ᠳ᠋ᠤ ᠦᠪᠡᠷᠳᠡᠭᠡᠨ ᠵᠠᠰᠠᠬᠤ ᠤᠷᠤᠨ ᠤ᠋ ᠪᠤᠳᠠᠰ ᠤ᠋ᠨ ᠪᠤᠰᠤ ᠰᠤᠶᠤᠯ ᠤ᠋ᠨ ᠦᠪ ᠤ᠋ᠨ ᠮᠤᠷᠢᠨ ᠬᠤᠭᠤᠷ ᠬᠢᠬᠦ ᠤᠷ᠎ᠠ ᠮᠡᠷᠭᠡᠵᠢᠯ ᠤ᠋ᠨ ᠤᠯᠠᠮᠵᠢᠯᠠᠬᠴᠢ ᠪᠡᠷ ᠨᠡᠷᠡᠢᠳᠦᠭᠳᠡᠪᠡ᠃
ᠨᠠᠷᠠᠨ ᠤ᠋ ᠪᠤᠷᠤ ᠮᠠᠯᠴᠢᠨ ᠡᠴᠡ ᠮᠤᠷᠢᠨ ᠬᠤᠭᠤᠷ ᠬᠢᠬᠦ ᠤᠷ᠎ᠠ ᠮᠡᠷᠭᠡᠵᠢᠯ ᠤ᠋ᠨ ᠤᠷᠤᠨ ᠤ᠋ ᠲᠡᠰ ᠤ᠋ᠨ ᠪᠤᠳᠠᠰ ᠤ᠋ᠨ ᠪᠤᠰᠤ ᠰᠤᠶᠤᠯ ᠤ᠋ᠨ ᠦᠪ ᠤ᠋ᠨ ᠴᠤᠷ ᠤ᠋ᠨ ᠭᠠᠬᠴᠠ ᠤᠯᠠᠮᠵᠢᠯᠠᠬᠴᠢ ᠪᠤᠯᠤᠭᠰᠠᠨ ᠲᠦᠴᠢᠭᠡᠳ ᠵᠢᠯ ᠤ᠋ᠨ ᠲᠤᠷᠰᠢ᠂ ᠮᠤᠷᠢᠨ ᠬᠤᠭᠤᠷ ᠤᠷᠠᠯᠠᠬᠤ ᠨᠢ ᠨᠢᠭᠡᠨᠳᠡ ᠦᠯᠵᠡᠢ ᠶ᠋ᠢᠨ ᠪᠦᠬᠦᠢᠯᠡ ᠠᠮᠢᠳᠤᠷᠠᠯ ᠤ᠋ᠨ ᠴᠢᠬᠤᠯᠠ ᠨᠢᠭᠡ ᠬᠡᠰᠡᠭ ᠪᠤᠯᠵᠠᠢ᠃