ᠤᠨᠲᠠᠬᠤ ᠳᠠᠳᠬᠠᠯ ᠨᠢ ᠥᠲᠡᠯᠬᠦ᠌ᠶᠢ ᠤᠳᠠᠭᠠᠰᠢᠷᠠᠭᠤᠯᠬᠤ᠎ᠳᠤ ᠠᠰᠢᠭᠲᠠᠢ ᠪᠠᠢᠵᠤ᠂ ᠰᠠᠶ᠋ᠢᠨ ᠤᠨᠲᠠᠶ᠎ᠠ ᠭᠡᠪᠠᠯ ᠡᠨᠡ ᠬᠣᠶᠠᠷ ᠲᠠᠯ᠎ᠠ᠎ᠶᠢ ᠠᠩᠬᠠᠷᠬᠤ ᠬᠡᠷᠡᠭᠲᠡᠶ᠃
2023 ᠣᠨ᠎ᠤ 8 ᠰᠠᠷ᠎ᠠ᠎ᠳᠤ 《ᠤᠨᠲᠠᠬᠤᠶᠶᠢᠨ ᠡᠷᠡᠭᠦᠯ ᠮᠡᠨᠳᠦ》 ᠰᠡᠳᠬᠦᠯ᠎ᠳᠤ ᠨᠡᠶ᠋ᠢᠲᠡᠯᠡᠭᠰᠡᠨ ᠨᠢᠭᠡᠨ ᠰᠤᠳᠤᠯᠭᠠᠨ᠎ᠳᠤ ᠢᠯᠡᠷᠡᠭᠦᠯᠦᠭᠰᠡᠨ᠎ᠢᠶᠠᠷ᠂ ᠲᠣᠭᠲᠠᠭᠤᠨ ᠤᠨᠲᠠᠬᠤ ᠳᠠᠳᠬᠠᠯ ᠲᠠᠢ ᠪᠠᠶ᠋ᠢᠬᠤ᠎ᠨᠢ ᠠᠮᠢᠳᠤ ᠪᠣᠳᠠᠰ᠎ᠤᠨ ᠥᠲᠡᠯᠬᠦ᠌ ᠶᠠᠪᠤᠴᠠ᠎ᠶᠢ ᠤᠳᠠᠭᠠᠰᠢᠷᠠᠭᠤᠯᠬᠤ᠎ᠳᠤ ᠠᠰᠢᠭᠲᠠᠶ ᠪᠠᠶ᠋ᠢᠳᠠᠭ᠃ ᠤᠨᠲᠠᠬᠤ ᠴᠠᠭ᠎ᠤᠨ ᠵᠥᠷᠢᠶ᠎ᠡ᠎ᠨᠢ ᠨᠡᠯᠢᠶᠡᠳ ᠶᠡᠬᠡ᠂ ᠠᠵᠢᠯ᠎ᠤᠨ ᠡᠳᠦᠷ ᠪᠠ ᠭᠠᠷᠠᠭ᠎ᠤᠨ ᠰᠡᠭᠦᠯᠴᠢ᠎ᠶᠢᠨ ᠤᠨᠲᠠᠬᠤ ᠴᠠᠭ᠎ᠤᠨ ᠵᠥᠷᠢᠶ᠎ᠡ᠎ᠨᠢ ᠶᠡᠬᠡ ᠪᠠᠶ᠋ᠢᠲᠠᠭ ᠬᠦᠮᠦᠰ ᠢ᠋ ᠲᠣᠭᠲᠠᠭᠤᠨ ᠤᠨᠲᠠᠬᠤ ᠲᠠᠳᠬᠠᠯ ᠲᠠᠢ ᠬᠥᠮᠦᠨ᠎ᠲᠠᠢ ᠬᠠᠷᠢᠴᠠᠭᠤᠯᠪᠠᠯ ᠠᠮᠢᠳᠤ ᠪᠣᠳᠠᠰ᠎ᠤᠨ ᠨᠠᠰᠤᠨ ᠤ᠋ ᠥᠲᠡᠯᠬᠦ᠌ ᠶᠠᠪᠤᠴᠠ ᠲᠠᠢ 9 ᠰᠠᠷ᠎ᠠ ᠵᠦᠷᠢᠳᠡᠭ ᠪᠠᠢᠨ᠎ᠠ᠃ ᠲᠣᠭᠲᠠᠭᠤᠨ ᠰᠠᠶ᠋ᠢᠬᠠᠨ ᠤᠨᠲᠠᠬᠤ ᠳᠠᠳᠬᠠᠯ ᠲᠠᠢ᠂ ᠡᠳᠦᠷ ᠪᠦᠷᠢ ᠵᠢᠨ ᠤᠨᠲᠠᠬᠤ ᠴᠠᠭ᠂ ᠪᠣᠰᠬᠤ ᠴᠠᠭ ᠵᠢᠨᠨ ᠪᠠᠲᠤᠯᠠᠵᠤ ᠴᠢᠳᠠᠪᠠᠯ ᠠᠮᠢᠳᠤ ᠪᠣᠳᠠᠰ᠎ᠤᠨ ᠥᠲᠡᠯᠬᠦ᠌ ᠶᠠᠪᠤᠴᠠ᠎ᠶᠢ ᠤᠳᠠᠭᠠᠰᠢᠷᠠᠭᠤᠯᠬᠤ᠎ᠳᠤ ᠠᠰᠢᠭᠲᠠᠢ ᠶᠤᠮ᠃
ᠤᠨᠲᠠᠬᠤ᠎ᠶᠢ ᠨᠥᠯᠥᠭᠡᠯᠡᠬᠦ᠌ ᠬᠣᠶᠠᠷ ᠵᠠᠩᠭᠢᠯᠠᠭ᠎ᠠ᠎ᠶᠢᠨ ᠡᠯᠧᠮᠧᠨ᠋ᠲ ᠨᠢ ᠶᠠᠭᠤ ᠬᠡᠪᠡᠯ᠂《ᠵᠢᠮ᠎ᠡ ᠬᠠᠤᠯᠢ ᠲᠠᠢ ᠪᠠᠶ᠋ᠢᠬᠤ》 ᠪᠠ 《ᠬᠠᠨᠲᠠᠯ᠎ᠠ ᠤᠨᠲᠠᠬᠤ》 ᠪᠣᠯᠤᠨ᠎ᠠ᠃ ᠬᠥᠮᠦᠨ᠎ᠤ ᠪᠡᠶ᠎ᠡ᠎ᠶᠢᠨ ᠥᠪᠡᠷ᠎ᠢ᠎ᠪᠠᠨ ᠰᠡᠷᠭᠦᠭᠡᠬᠦ᠌ ᠠᠵᠢᠯᠯᠠᠭ᠎ᠠ ᠨᠢ ᠣᠯᠠᠩᠬᠢ᠎ᠳᠠᠭᠠᠨ ᠥᠷᠯᠥᠭᠡ᠎ᠶᠢᠨ 3 ᠴᠠᠭ᠎ᠠᠴᠠ ᠡᠮᠦᠨ᠎ᠡ ᠶᠠᠪᠤᠭᠳᠠᠳᠠᠭ᠂ ᠡᠶ᠋ᠢᠮᠦᠡᠴᠠ 23 ᠴᠠᠭᠡᠴᠠ 3 ᠴᠠᠭ᠎ᠤᠨ ᠬᠣᠭᠣᠷᠣᠨᠳᠤᠬᠢ ᠤᠨᠲᠠᠬᠤ ᠨᠤᠶ᠋ᠢᠷᠤᠨ ᠴᠢᠨᠠᠷ ᠪᠤᠯ ᠲᠤᠶ᠋ᠢᠯ᠎ᠤᠨ ᠴᠢᠬᠤᠯᠠ ᠪᠠᠶ᠋ᠢᠳᠠᠭ ᠶᠤᠮ᠃ ᠨᠠᠰᠤᠨ᠎ᠳᠤ ᠭᠦᠷᠦᠭᠰᠡᠳ᠎ᠨᠢ 7 ᠡᠴᠠ 8 ᠴᠠᠭ ᠤᠨᠳᠠᠪᠠᠯ ᠵᠤᠬᠢᠨ᠎ᠠ᠂ 6 ᠴᠠᠭ ᠤᠨᠳᠠᠬᠤ ᠨᠢ ᠡᠷᠡᠭᠦᠯ ᠮᠡᠨᠳᠦ᠎ᠶᠢᠨ ᠨᠠᠭᠠᠳᠤ ᠵᠠᠬ᠎ᠠ ᠵᠢᠨ ᠬᠢᠵᠠᠭᠠᠷ ᠱᠤᠭᠤᠮ ᠪᠤᠯᠤᠨ᠎ᠠ᠂ ᠬᠠᠮᠤᠭ᠎ᠤᠨ ᠤᠷᠳᠤ ᠳ᠋ᠠᠭᠠᠨ 9 ᠴᠠᠭᠡᠴᠠ ᠬᠡᠲᠦᠷᠡᠵᠦ᠍ ᠪᠣᠯᠬᠤ ᠥᠬᠡᠶ᠃ ᠵᠠᠷᠢᠮ ᠰᠤᠳᠤᠯᠭᠠᠨ᠎ᠤ ᠢᠯᠡᠷᠡᠭᠦᠯᠦᠭᠰᠡᠨ᠎ᠢᠶᠠᠷ᠂ 6 ᠴᠠᠭ ᠡᠴᠠ ᠪᠠᠭ᠎ᠠ ᠤᠨᠳᠠᠳᠠᠭ ᠬᠦᠮᠦᠰ ᠪᠠ 9 ᠴᠠᠭ ᠡᠴᠠ ᠲᠡᠭᠡᠭᠰᠢ ᠤᠨᠳᠠᠳᠠᠭ ᠬᠦᠮᠦᠰ ᠢ᠋ 6 ᠡᠴᠠ 9 ᠴᠠᠭ ᠤᠨᠳᠠᠳᠠᠭ ᠬᠦᠮᠦᠰ᠎ᠲᠠᠢ ᠬᠠᠷᠢᠴᠠᠭᠤᠯᠪᠠᠯ ᠵᠢᠷᠦᠬᠡᠨ ᠲᠦᠭᠵᠢᠷᠡᠯ ᠡᠭᠦᠰᠭᠦ᠌ ᠲᠦᠭᠰᠢᠭᠦᠷᠢ ᠨᠢ ᠲᠤᠰ ᠲᠤᠰ 20 % ᠪᠠ 34 % ᠪᠠᠷ ᠨᠡᠮᠡᠭᠳᠡᠳᠡᠭ᠃
(《ᠠᠷᠠᠳ᠎ᠤᠨ ᠰᠦᠯᠵᠢᠶ᠎ᠠ》 ᠡᠴᠨ ᠤᠷᠴᠢᠭᠤᠯᠤᠨ ᠠᠪᠤᠪᠠ)