ᠮᠤᠷᠢᠳᠠᠨ ᠬᠠᠮᠳᠤᠯᠢᠬ — 《ᠮᠤᠷᠢᠳᠠᠨ 》 ᠬᠠᠮᠲᠤᠯᠢᠭ 2021 ᠤᠨ᠎ᠳᠤ ᠪᠠᠢᠭᠤᠯᠤᠭᠳᠠᠵᠠᠢ᠃ ᠥᠪᠥᠷ ᠮᠤᠩᠭᠤᠯ᠎ᠤᠨ ᠰᠢᠨ᠎ᠡ ᠴᠠᠭ ᠦᠶ᠎ᠡ ᠵᠢᠨ ᠬᠢᠫ ᠬᠤᠫ ᠬᠠᠮᠳᠤᠯᠢᠬ᠃ ᠬᠦᠰᠡᠯ᠂ ᠦᠷᠯᠦᠭ᠂ ᠤᠯᠵᠠᠪᠠᠢ᠂ ᠡᠡᠭᠭᠡᠮᠠᠡᠭᠯᠠᠢ ᠭᠡᠬᠦ ᠲᠦᠷᠪᠡᠨ ᠵᠠᠯᠠᠭᠤ ᠲᠠᠭᠤᠴᠢᠨ ᠲᠠᠢ᠃ 《and more》᠂ 《ᠬᠠᠢᠴᠢ᠎ᠵᠢᠨ ᠭᠤᠤᠯ᠎ᠤᠨ ᠭᠤᠷᠪᠠᠨ ᠭᠠᠯᠠᠭᠤ》᠂ 《ᠨᠠᠮᠲᠠᠷ 》 ᠂ 《 ᠵᠢᠷ᠎ᠤᠨ ᠨᠢᠭᠡ 》᠂ 《ᠬᠠᠷ᠎ᠠ ᠴᠠᠭᠠᠨ ᠶᠢᠷᠲᠢᠨᠴᠦ 》᠂ 《Bontoo》 ᠵᠡᠷᠭᠡ ᠳᠥᠴᠢᠭᠡᠳ ᠳᠠᠭᠤᠤ᠎ᠶᠢ ᠪᠠᠭᠲᠠᠭᠠᠭᠰᠠᠨ 12 ᠴᠤᠮᠤᠭ ᠭᠠᠷᠭᠠᠵᠦ᠂ 7 ᠳᠠᠭᠤᠤ ᠵᠢᠨ ᠺᠢᠯᠢᠫᠲᠠᠢ᠃
ᠠᠳᠠᠯᠢ ᠪᠤᠰᠤ ᠨᠤᠲᠤᠭ᠎ᠤᠨ ᠵᠠᠯᠠᠭᠤᠴᠤᠳᠵᠢᠡᠷ ᠪᠦᠷᠢᠯᠳᠦᠭᠰᠡᠨ《ᠮᠤᠷᠢᠲᠠᠨ》 ᠬᠠᠮᠲᠤᠯᠢᠭ᠎ᠤᠨ ᠬᠢᠨ ᠰᠢᠨ᠎ᠡ ᠴᠠᠭ᠎ᠤᠨ ᠮᠠᠯᠵᠢᠬᠤ ᠠᠮᠢᠳᠤᠷᠠᠯ᠂ ᠮᠠᠯᠵᠢᠬᠤ ᠰᠤᠶᠤᠯᠳᠦ ᠰᠠᠭᠤᠷᠢᠯᠠᠨ ᠰᠡᠳᠦᠪ ᠰᠤᠩᠭᠤᠯᠲᠠ᠎ᠪᠡᠨ ᠬᠢᠵᠦ᠂ ᠬᠢᠫ ᠬᠤᠫ ᠳᠠᠭᠤᠤ ᠤᠷᠠᠨ ᠪᠥᠲᠥᠭᠡᠯᠵᠢᠡᠨ ᠵᠤᠬᠢᠶᠠᠨ ᠪᠥᠲᠥᠭᠡᠭᠰᠡᠨ ᠪᠠᠢᠨ᠎ᠠ᠃ ᠳᠠᠭᠤᠤ ᠤᠷᠠᠨ ᠪᠥᠲᠥᠭᠡᠯᠵᠢᠡᠨ ᠵᠤᠬᠢᠶᠠᠨ ᠪᠥᠲᠥᠭᠡᠬᠦ ᠶᠠᠪᠤᠴᠠ᠎ᠳᠦ ᠤᠯᠠᠨ ᠬᠦᠴᠢᠷ ᠲᠥᠪᠡᠭ ᠲᠤᠬᠢᠶᠠᠯᠳᠤᠭᠰᠠᠨᠴᠤ ᠳᠥᠴᠢᠭᠡᠳ ᠳᠠᠭᠤᠤ ᠂ ᠠᠷᠪᠠ ᠭᠠᠷᠤᠢ ᠳᠠᠭᠤᠤ ᠵᠢᠨ ᠴᠤᠮᠤᠭ ᠭᠠᠷᠭᠠᠭᠰᠠᠨ ᠨᠢ ᠲᠡᠳᠡᠨ᠎ᠤ ᠴᠢᠷᠮᠠᠢᠯᠭ᠎ᠠ᠎ᠵᠢᠨ ᠦᠷ᠎ᠡ ᠪᠥᠲᠥᠭᠡᠯ ᠲᠡᠳᠦᠢ ᠦᠭᠡᠢ ᠂ ᠵᠠᠯᠠᠭᠤ ᠨᠢᠭᠡᠨ ᠦᠶ᠎ᠡ᠎ᠵᠢᠨ ᠬᠢᠨ᠎ᠤ ᠦᠯᠢᠭᠡᠷ ᠳᠠᠭᠤᠷᠢᠶᠠᠯ ᠪᠤᠯᠬᠤ ᠶᠤᠮ᠃
ᠲᠡᠳᠡ ᠳᠠᠭᠤᠤ ᠤᠷᠠᠯᠢᠭ ᠲᠠᠭᠠᠨ ᠪᠤᠳᠠᠳᠠᠢ ᠠᠵᠢᠯ ᠠᠮᠢᠳᠤᠷᠠᠯ᠂ ᠨᠡᠢᠭᠡᠮ᠎ᠤᠨ ᠬᠥᠭᠵᠢᠯᠲᠡ᠎ᠶᠢ ᠰᠢᠭᠤᠳ ᠳᠤᠰᠬᠠᠨ ᠢᠯᠡᠳᠭᠡᠵᠦ ᠴᠢᠳᠠᠭᠰᠠᠨ ᠨᠢ ᠵᠠᠯᠠᠭᠤᠴᠤᠳ᠎ᠤᠨ ᠬᠠᠯᠠᠭᠤᠨ ᠬᠦᠷᠢᠶᠡᠯᠡᠯ᠎ᠢ ᠤᠯᠤᠭᠰᠠᠨ ᠰᠢᠯᠲᠠᠭᠠᠨ ᠪᠤᠯᠤᠨ᠎ᠠ᠃《ᠬᠠᠢᠴᠢ᠎ᠵᠢᠨ ᠭᠤᠤᠯ᠎ᠤᠨ ᠭᠤᠷᠪᠠᠨ ᠭᠠᠯᠠᠭᠤ》 ᠭᠡᠬᠦ ᠳᠠᠭᠤᠤ᠎ᠪᠡᠷ ᠨᠢ ᠵᠢᠱ᠌ᠢᠶᠡᠯᠡᠪᠡᠯ᠂ ᠠᠷᠠᠳ᠎ᠤᠨ ᠳᠠᠭᠤᠤ᠎ᠵᠢᠨ ᠬᠡᠪ ᠨᠠᠮᠪᠠ᠂ ᠠᠢᠵᠠᠮ ᠴᠤᠬᠢᠯᠭ᠎ᠠ᠎ᠪᠡᠷ ᠡᠬᠢ ᠦᠨᠳᠦᠰᠦ ᠪᠤᠯᠭᠠᠵᠤ᠂ ᠰᠢᠨ᠎ᠠ ᠮᠠᠶᠢᠭᠵᠢᠡᠷ ᠵᠤᠬᠢᠶᠠᠨ ᠳᠠᠭᠤᠯᠠᠵᠤ ᠤᠯᠠᠨ᠎ᠤ ᠰᠤᠨᠤᠷ᠎ᠢ ᠪᠠᠶᠠᠰᠬᠠᠵᠤ ᠴᠢᠳᠠᠵᠠᠢ᠃ ᠳᠠᠭᠤᠤ ᠬᠥᠭᠵᠢᠮ ᠭᠡᠭᠴᠢ ᠥᠪᠡᠷ᠎ᠤᠨ ᠦᠨᠳᠦᠰᠦ ᠰᠠᠭᠤᠷᠢ ᠲᠠᠢ ᠪᠠᠢᠳᠠᠭ᠂ ᠬᠠᠷᠢᠨ ᠡᠭᠦᠨᠤᠰᠠᠭᠤᠷᠢ ᠳᠡᠭᠡᠷ᠎ᠡ ᠥᠭᠡᠷᠡᠴᠢᠯᠡᠯᠲᠡ ᠰᠢᠨᠡᠴᠢᠯᠡᠯᠲᠡ ᠬᠢᠬᠦ ᠨᠢ ᠰᠢᠨ᠎ᠡ ᠴᠠᠭ᠎ᠤᠨ ᠬᠥᠭ ᠠᠢᠵᠠᠮ᠎ᠢ ᠬᠠᠷᠠᠭᠤᠯᠵᠤ ᠴᠢᠳᠠᠳᠠᠭ᠃ ᠡᠨᠡᠬᠦ ᠳᠠᠭᠤᠤ᠎ᠵᠢᠨ ᠵᠤᠬᠢᠶᠠᠨ ᠪᠥᠲᠥᠭᠡᠯᠭᠡ ᠨᠢ ᠬᠠᠮᠲᠤᠯᠢᠭ᠎ᠤᠨ ᠬᠡᠰᠢᠭᠦᠳ᠎ᠤᠨ ᠠᠷᠠᠳ᠎ᠤᠨ ᠳᠠᠭᠤᠤ᠎ᠵᠢᠨ ᠲᠤᠬᠠᠢ ᠮᠡᠳᠡᠷᠡᠬᠦᠢ ᠰᠡᠷᠡᠬᠦᠢ ᠵᠤᠬᠢᠶᠠᠬᠤᠢᠵᠢᠨ ᠲᠠᠯ᠎ᠡ᠎ᠪᠡᠷ ᠨᠡᠯᠢᠶᠡᠳ ᠰᠠᠢᠨ ᠮᠡᠳᠡᠷᠡᠮᠵᠢ ᠲᠠᠢ ᠭᠡᠳᠡᠭ᠎ᠢ ᠢᠯᠡᠬᠡᠨ ᠬᠠᠷᠠᠭᠤᠯᠵᠠᠢ᠃
ᠳᠠᠭᠤᠤ ᠤᠷᠠᠯᠢᠭ᠎ᠤᠨ ᠬᠤᠪᠢ᠎ᠳᠦ ᠤᠯᠠᠨ ᠤᠷᠤᠰᠬᠠᠯ ᠪᠥᠯᠥᠭ ᠪᠤᠢ᠃ ᠢᠵᠠᠭᠤᠷ ᠤᠷᠠᠯᠢᠭ᠎ᠤᠨ ᠰᠠᠭᠤᠷᠢᠨᠳᠡᠭᠡᠷᠡ ᠰᠢᠨ᠎ᠡ ᠳᠠᠭᠤᠤ ᠵᠢᠨ ᠬᠡᠪ ᠮᠠᠶᠢᠭ᠎ᠢ ᠪᠦᠷᠢᠳᠦᠭᠦᠯᠦᠭᠰᠡᠨ ᠨᠢ ᠲᠤᠰ ᠬᠠᠮᠲᠤᠯᠢᠭ᠎ᠤᠨ ᠤᠨᠴᠠᠯᠢᠭ ᠪᠤᠯᠤᠨ᠎ᠠ᠃ ᠬᠡᠳᠦᠢᠪᠡᠷ ᠠᠬᠠᠮᠠᠳ ᠰᠤᠨᠤᠰᠤᠭᠴᠢᠳ᠎ᠤᠨ ᠠᠩᠬᠠᠷᠤᠯ᠎ᠢ ᠤᠳᠤᠬᠠᠨ᠎ᠳᠦ ᠬᠠᠷᠠᠬᠠᠨ ᠲᠠᠲᠠᠵᠤ ᠴᠢᠳᠠᠬᠤ ᠦᠭᠡᠢ ᠪᠠᠢᠬᠤ ᠪᠤᠯᠤᠮᠵᠢᠲᠠᠢᠴᠤ ᠢᠷᠡᠭᠡᠳᠦᠢ᠎ᠳᠦ ᠰᠢᠨ᠎ᠡ ᠬᠡᠪ ᠮᠠᠶᠢᠭ᠂ ᠲᠠᠢᠰᠠᠨ ᠤᠷᠠᠯᠢᠭᠵᠢᠡᠷᠵᠢᠡᠨ ᠳᠠᠭᠤᠤ᠎ᠵᠢᠨ ᠰᠢᠨ᠎ᠡ ᠤᠷᠤᠰᠬᠠᠯ᠎ᠢ ᠬᠥᠭᠵᠢᠭᠦᠯᠵᠦ᠂ ᠨᠡᠩ ᠤᠯᠠᠨ ᠬᠦᠷᠢᠶᠡᠯᠡᠯ ᠲᠠᠢ ᠪᠤᠯᠵᠤ ᠴᠢᠳᠠᠨ᠎ᠠ ᠭᠡᠳᠡᠭ᠎ᠲᠦ ᠢᠲᠡᠭᠡᠵᠦ ᠪᠤᠢ᠃
《ᠮᠤᠷᠢᠲᠠᠨ》 ᠭᠡᠬᠦ ᠬᠠᠮᠳᠤᠯᠢᠭ᠎ᠤᠨ ᠨᠡᠷᠡᠢᠳᠦᠯ ᠨᠢ ᠮᠤᠩᠭᠤᠯ ᠠᠮᠢᠳᠤᠷᠠᠯ ᠲᠠᠢ ᠭᠦᠨ᠎ᠡ ᠬᠤᠯᠪᠤᠭᠳᠠᠨ᠎ᠠ᠂ ᠡᠨᠡᠬᠦ ᠨᠡᠷᠡᠵᠢᠨᠵᠢᠡᠨ ᠬᠦᠴᠦᠨ ᠳᠤᠤᠷ᠎ᠠ ᠵᠠᠯᠠᠭᠤᠰ ᠨᠢᠭᠡᠨ ᠳᠤᠤᠷ᠎ᠠ ᠴᠤᠭᠯᠠᠷᠠᠨ ᠰᠡᠳᠬᠢᠯ ᠨᠢᠭᠡᠳᠦᠨ ᠳᠠᠭᠤᠤ ᠬᠥᠭᠵᠢᠮ ᠵᠤᠬᠢᠶᠠᠨ ᠪᠥᠲᠥᠭᠡᠵᠤ ᠳᠠᠭᠤᠯᠠᠬᠤ ᠬᠦᠰᠡᠯ ᠮᠥᠷᠥᠭᠡᠳᠦᠯᠵᠢᠡᠨ ᠪᠡᠶᠡᠯᠡᠭᠦᠯᠵᠦ ᠶᠠᠪᠤᠭ᠎ᠠ ᠨᠢ ᠮᠢᠨᠤ ᠬᠤᠪᠢ᠎ᠳᠦ ᠮᠠᠰᠢ ᠶᠡᠬᠡ ᠳᠠᠢᠳᠬᠤᠷᠠᠭᠤᠯᠤᠯ ᠪᠤᠯᠵᠤ ᠪᠤᠢ᠃ ᠢᠷᠡᠭᠡᠳᠦᠢ᠎ᠳᠦ ᠠᠶ᠎ᠠ ᠵᠤᠬᠢᠶᠠᠯᠭᠠ᠂ ᠵᠤᠬᠢᠶᠠᠨ ᠪᠥᠲᠥᠭᠡᠯᠭᠡᠵᠢᠨ ᠤᠨᠤᠯ ᠮᠡᠷᠭᠡᠵᠢᠯ᠂ ᠢᠵᠠᠭᠤᠷ ᠤᠷᠠᠯᠢᠭ᠎ᠤᠨ ᠲᠠᠯ᠎ᠠ ᠪᠡᠷ ᠬᠢ ᠮᠡᠳᠡᠯᠭᠡ ᠪᠤᠯᠪᠠᠰᠤᠷᠠᠯᠵᠢᠡᠨ ᠨᠡᠩ ᠭᠦᠨᠵᠡᠭᠡᠢᠷᠡᠭᠦᠯᠵᠦ᠂ ᠢᠵᠠᠭᠤᠷ ᠤᠷᠠᠯᠢᠭ ᠪᠠ ᠰᠢᠨ᠎ᠠ ᠬᠡᠪ ᠮᠠᠶᠢᠭ᠎ᠤᠨ ᠳᠠᠭᠤᠤ᠎ᠶᠢ ᠤᠶᠠᠯᠳᠤᠭᠤᠯᠵᠤ ᠥᠪᠡᠷ᠎ᠤᠨ ᠬᠡᠰᠡᠨ ᠳᠠᠭᠤᠤ ᠵᠢᠨ ᠬᠡᠪ ᠮᠠᠶᠢᠭᠵᠢᠡᠨ ᠦᠷᠭᠦᠯᠵᠢᠯᠡᠨ ᠰᠥᠪᠡᠭᠴᠢᠯᠡᠬᠦ ᠨᠢ ᠲᠡᠳᠡᠨ᠎ᠤ ᠰᠤᠷᠤᠯᠴᠠᠭᠤᠰᠢᠲᠠᠢ ᠵᠦᠢᠯ ᠪᠤᠯᠤᠨ᠎ᠠ ᠃
《ᠮᠤᠷᠢᠲᠠᠨ》 ᠬᠠᠮᠲᠤᠯᠢᠭ᠎ᠤᠨ ᠤᠷᠠᠯᠢᠭ᠎ᠤᠨ ᠲᠠᠢᠰᠠᠨ᠎ᠳᠡᠬᠢ ᠢᠷᠡᠭᠡᠳᠦᠢ ᠭᠡᠭᠡᠨ ᠰᠠᠷᠠᠭᠤᠯ᠂ ᠬᠥᠭᠵᠢᠯᠲᠡ᠎ᠵᠢᠨ ᠤᠷᠤᠨ ᠵᠠᠢ ᠥᠷᠭᠡᠨ ᠳᠡᠯᠭᠡᠷ ᠪᠢᠯᠡ᠃ 《ᠮᠤᠷᠢᠲᠠᠨ》 ᠨᠡᠷᠡᠵᠢᠨᠵᠢᠡᠨ ᠰᠠᠭᠤᠷᠢᠨ ᠳᠡᠭᠡᠷ᠎ᠡ ᠦᠨᠳᠦᠰᠦᠲᠡᠨ᠎ᠤ ᠪᠡᠨ ᠰᠤᠶᠤᠯ ᠪᠤᠯᠪᠠᠰᠤᠷᠠᠯ ᠲᠠᠢ ᠤᠶᠠᠯᠳᠤᠭᠤᠯᠤᠨ《ᠮᠤᠷᠢ》 ᠭᠡᠬᠦ ᠵᠡᠷᠭᠡ ᠰᠡᠳᠦᠪ ᠰᠠᠨᠠᠭ᠎ᠠ᠎ᠶᠢ ᠳᠠᠭᠤᠤ ᠤᠷᠠᠯᠢᠭ ᠲᠠᠢ᠎ᠪᠡᠨ ᠨᠡᠩ ᠭᠦᠨᠵᠡᠭᠡᠢ ᠠᠭᠤᠰᠤᠯᠴᠠᠭᠤᠯᠪᠠᠯ ᠢᠷᠡᠭᠡᠳᠦᠢ᠎ᠵᠢᠨ ᠬᠥᠭᠵᠢᠯᠲᠡ᠎ᠵᠢᠨ ᠵᠠᠮ ᠨᠢ ᠨᠡᠩ ᠥᠷᠭᠡᠨ ᠳᠠᠷᠳᠠᠩ ᠭᠡᠳᠡᠭ᠎ᠲᠦ ᠢᠲᠡᠭᠡᠯᠲᠡᠢ ᠪᠠᠢᠨ᠎ᠠ᠃