— ᠠᠵᠢᠶ᠎ᠠ᠎ᠶᠢᠨ᠎ᠢᠶᠡᠨ ᠨᠠᠶᠠᠨ ᠲᠠᠪᠤᠨ ᠨᠠᠰᠤᠨ᠎ᠤ ᠪᠠᠶᠠᠷᠲᠤ᠌
ᠡᠴᠢᠭᠡ ᠡᠬᠡ᠂ ᠦᠷ᠎ᠡ ᠬᠡᠦᠬᠡᠳ ᠦᠨ ᠬᠠᠶ᠋ᠢᠷ᠎ᠠ ᠭᠡᠳᠡᠭ ᠪᠡᠶ᠎ᠡ ᠪᠡᠶ᠎ᠡ ᠵᠦᠭ᠎ᠢᠶᠡᠨ ᠲᠡᠮᠡᠦᠯᠦᠨ ᠵᠢᠳᠬᠦᠳᠡᠭ᠂ ᠪᠡᠶ᠎ᠡ ᠪᠡᠶ᠎ᠡ ᠳ᠋ᠡᠭᠡᠨ ᠠᠭᠤᠰᠤᠨ ᠰᠢᠩᠭᠡᠳᠡᠭ ᠥᠯᠥ᠍ ᠦᠵᠡᠭᠳᠡᠬᠦ᠌ ᠤᠷᠤᠰᠬᠠᠯ ᠶᠤᠮ᠃ ᠲᠡᠷᠡ ᠬᠦ᠌ ᠤᠷᠤᠰᠬᠠᠯ ᠤᠨ ᠵᠢᠮ᠎ᠡ ᠪᠡᠷ ᠦᠷ᠎ᠡ ᠬᠡᠦᠬᠡᠳ ᠨᠢ ᠠᠪᠤ ᠡᠵᠢᠳ᠋ᠡᠬᠡᠨ ᠬᠡᠵᠢᠶᠡᠳᠡ ᠪᠠᠭ᠎ᠠ ᠪᠠᠯᠴᠢᠷ ᠢᠶᠠᠷ᠎ᠢᠶᠠᠨ ᠪᠠᠶ᠋ᠢᠬᠤ᠎ᠳᠤ᠂ ᠠᠪᠤ ᠡᠵᠢ ᠨᠢ ᠦᠷ᠎ᠡ᠎ᠶᠢᠨ ᠵᠢᠷᠦᠬᠡᠨ ᠳᠦ ᠶᠢᠷᠲᠢᠨᠴᠦ ᠶᠢᠨ ᠬᠠᠮᠤᠭ ᠤᠨ ᠠᠭᠤᠤ ᠣᠷᠣᠰᠢᠬᠤᠢ ᠪᠣᠯᠵᠤ ᠰᠦᠨᠳᠡᠷᠯᠡᠳᠡᠭ ᠳ᠋ᠡ᠃
ᠤᠬᠠᠭ᠎ᠠ ᠣᠷᠣᠭᠠᠳ ᠠᠩᠬ᠎ᠠ ᠬᠠᠷᠠᠬᠤ᠎ᠳᠤ ᠠᠵᠢᠶ᠎ᠠ ᠮᠢᠨᠢ ᠣᠯᠠᠨ᠎ᠤ ᠳᠣᠲᠣᠷ᠎ᠠ᠎ᠠᠴᠠ ᠬᠠᠮᠤᠭ᠎ᠤᠨ ᠥᠨᠳᠥᠷ᠂ ᠬᠠᠮᠤᠭ᠎ᠤᠨ ᠰᠠᠶ᠋ᠢᠬᠠᠨ ᠡᠷ᠎ᠡ ᠬᠥᠮᠥᠨ᠎ᠢᠶᠠᠷ ᠲᠠᠨᠢᠭᠳᠠᠭᠰᠠᠨ ᠰᠠᠨ᠃ ᠠᠵᠢᠶ᠎ᠠ ᠮᠢᠨᠢ ᠦᠨᠡᠬᠡᠷ ᠴᠦ᠍ ᠭᠡᠷᠡᠯᠲᠦ᠍ ᠥᠷᠭᠥᠭᠡᠨᠦᠪᠡᠨ ᠲᠣᠭᠣᠨᠣ᠎ᠶᠢ ᠭᠡᠷᠭᠡᠢ ᠲᠠᠢ᠎ᠪᠠᠨ ᠡᠷᠭᠦᠭᠰᠡᠨ ᠬᠣᠣᠰ ᠪᠠᠭᠠᠨ᠎ᠠ᠎ᠶᠢᠨ ᠭᠤᠶ᠋ᠢᠪᠢᠰᠢ ᠦᠭᠡᠢ ᠨᠢᠭᠡ ᠨᠢ᠂ ᠭᠠᠷᠤᠨ ᠲᠠᠪᠤᠨ ᠬᠤᠷᠤᠭᠤ ᠰᠢᠭ᠋ ᠲᠠᠪᠤᠨ ᠦᠷ᠎ᠡ᠎ᠶᠢᠨ᠎ᠢᠶᠠᠨ ᠬᠠᠨ ᠠᠭᠤᠯᠠ ᠰᠢᠭ᠋ ᠬᠠᠶ᠋ᠢᠷ᠎ᠠ ᠶᠢᠨ ᠪᠠᠲᠤ᠌ ᠲᠦᠰᠢᠭ ᠳ᠋ᠡ᠃ ᠪᠢ ᠠᠬ᠎ᠠ ᠳᠡᠭᠦᠦ ᠳᠠᠪᠤᠭᠤᠯᠠᠶᠢᠨᠢᠶᠡᠨ ᠲᠣᠮᠣ ᠨᠢ᠃ ᠤᠤᠭᠠᠨ ᠦᠷ᠎ᠡ᠎ᠶᠢᠨ ᠵᠤᠯᠠᠢ ᠦᠨᠦᠷᠯᠡᠵᠦ᠍᠂ ᠴᠣᠯᠮᠣᠨ ᠣᠳᠣ ᠭᠠᠷᠴᠤ᠌ ᠪᠠᠶ᠋ᠢᠬᠤ᠎ᠳᠤ ᠲᠥᠷᠥᠭᠰᠡᠨ ᠪᠣᠯᠬᠣᠷ ᠠᠮᠢᠳᠤᠷᠠᠯ᠎ᠤᠨ ᠵᠠᠮ᠎ᠳᠠᠭᠠᠨ ᠭᠢᠯᠠᠯᠵᠠᠵᠤ ᠶᠠᠪᠤᠬᠤ᠎ᠶᠢ ᠪᠡᠯᠭᠡᠳᠡᠨ ᠠᠪᠤ ᠮᠢᠨᠢ ᠨᠠᠳᠠ᠎ᠳᠤ 《ᠦᠷ᠎ᠦᠨ ᠴᠣᠯᠮᠣᠨ》 ᠭᠡᠳᠡᠭ ᠨᠡᠷ᠎ᠡ ᠥᠭᠴᠡᠢ᠃ ᠨᠠᠰᠤᠨ᠎ᠳᠠᠭᠠᠨ ᠠᠷᠢᠬᠢ᠎ᠶᠢ ᠲᠣᠭ᠎ᠠ ᠲᠠᠢ ᠠᠮᠰᠠᠭᠰᠠᠨ ᠠᠵᠢᠶ᠎ᠠ ᠮᠢᠨᠢ ᠦᠷ᠎ᠡ ᠲᠠᠢ ᠪᠣᠯᠵᠤ ᠪᠠᠶᠠᠷᠯᠠᠭᠠᠳ ᠠᠶ᠋ᠢᠯ ᠤᠨ ᠵᠢᠨᠨ ᠬᠥᠮᠥᠨ ᠲᠠᠢ ᠵᠢᠭᠠᠬᠠᠨ ᠶᠠᠭᠤᠮ᠎ᠠ ᠲᠠᠲᠠᠴᠢᠬᠠᠭᠠᠳ ᠠᠩᠬ᠎ᠠ ᠰᠣᠭᠲᠣᠭᠰᠠᠨ᠎ᠢᠶᠠᠨ ᠨᠠᠳᠠ᠎ᠳᠤ ᠨᠢᠳᠤᠨᠤᠨ ᠰᠠᠶᠢ ᠶᠠᠷᠢᠭᠰᠠᠨ ᠶᠤᠮ᠃ ᠠᠶ᠋ᠢᠯ ᠭᠡᠷ᠂ ᠠᠮᠢᠳᠤᠷᠠᠯ᠎ᠢᠶᠠᠨ ᠤᠬᠠᠭᠠᠨ ᠬᠠᠶ᠋ᠢᠷ᠎ᠠ᠎ᠪᠠᠷ᠎ᠢᠶᠠᠨ ᠥᠭᠡᠳᠡ ᠨᠢ ᠲᠠᠲᠠᠵᠤ᠂ ᠦᠷ᠎ᠡ ᠬᠡᠦᠬᠡᠳ᠎ᠢᠶᠡᠨ ᠬᠥᠮᠥᠨ ᠤ ᠳᠤᠮᠳᠠ ᠥᠭᠡᠳᠡ ᠲᠠᠢ ᠶᠠᠪᠤᠭᠤᠯᠬᠤ ᠭᠡᠵᠦ᠍ ᠬᠠᠶ᠋ᠢᠷ᠎ᠠ᠎ᠶᠢᠨ ᠳᠡᠭᠡᠳᠦᠪᠠᠷᠢᠶᠠᠨ ᠢᠪᠡᠭᠡᠭᠰᠡᠨᠢ ᠨᠢ ᠬᠡᠦᠬᠡᠳ ᠨᠢ ᠪᠢᠳᠠ ᠡᠳᠦᠷ ᠤᠳᠠᠭᠠᠨ᠎ᠳᠤ ᠮᠡᠳᠡᠷᠡᠨ ᠲᠠᠨᠢᠵᠤ᠂ ᠠᠪᠤ ᠡᠵᠢ᠎ᠶᠢᠨ᠎ᠢᠶᠡᠨ ᠠᠴᠢ ᠡᠨᠡᠷᠢᠯ᠎ᠢ ᠠᠮᠢᠳᠤᠷᠠᠯ᠎ᠤᠨ᠎ᠢᠶᠠᠨ ᠬᠠᠯᠠᠭᠤᠨ ᠳᠤᠯᠠᠭᠠᠨ᠂ ᠠᠵᠢᠯ ᠦᠢᠯᠡᠰ᠎ᠦᠨ᠎ᠢᠶᠡᠨ ᠠᠯᠳᠠᠷ ᠭᠡᠷᠡᠯ᠎ᠢᠶᠡᠷ ᠬᠠᠷᠢᠭᠤᠯᠬᠤ ᠰᠠᠨ ᠭᠡᠵᠦ᠍ ᠵᠢᠳᠬᠦᠭᠰᠡᠭᠡᠷ ᠶᠠᠪᠤᠭ᠎ᠠ᠃
ᠬᠠᠷᠠᠴᠠᠨ᠎ᠠᠴᠠ ᠨᠢᠭᠡ ᠬᠥᠮᠥᠨ᠎ᠦ ᠳᠣᠲᠣᠭᠠᠳᠤ ᠶᠢᠷᠲᠢᠨᠴᠦ᠍ ᠮᠡᠳᠡᠷᠡᠭᠳᠡᠳᠡᠭ᠃ ᠠᠵᠢᠶ᠎ᠠ ᠶᠢᠨ ᠢᠶᠡᠨ ᠤᠬᠠᠭᠠᠨ ᠰᠡᠶ᠋ᠢᠯᠦᠭᠰᠡᠨ ᠬᠠᠷᠠᠴᠠᠨ᠎ᠠᠴᠠ ᠨᠢ ᠬᠠᠶ᠋ᠢᠷ᠎ᠠ᠎ᠶᠢᠨ ᠭᠦᠨ ᠢ ᠮᠡᠳᠡᠷᠡᠨ᠂ ᠤᠴᠢᠷᠯᠢᠭ ᠬᠡᠳᠦᠬᠡᠨ ᠦᠭᠡ᠎ᠡᠴᠡ ᠨᠢ ᠰᠡᠳᠬᠢᠯ᠎ᠦᠨ ᠬᠢᠨᠢ ᠳᠣᠲᠣᠭᠠᠳᠤ ᠲᠠᠮᠢᠷ᠎ᠢ ᠤᠬᠠᠭᠠᠷᠠᠨ ᠵᠣᠷᠢᠭᠵᠢᠵᠤ᠂ ᠲᠣᠮᠣᠭᠠᠵᠢᠭᠰᠠᠨ ᠮᠢᠨᠢ ᠮᠢᠨᠤ ᠠᠵᠠ᠃ ᠮᠣᠩᠭᠣᠯ ᠡᠷ᠎ᠡ᠎ᠶᠢᠨ ᠮᠣᠷᠢᠲᠠᠢ ᠬᠡᠶ᠋ᠢᠮᠣᠷᠢ᠎ᠪᠡᠷ ᠦᠷᠡᠰᠦᠨᠢᠶᠡᠨ ᠵᠢᠷᠦᠬᠡᠨ ᠳᠦ ᠬᠠᠨᠠᠶ᠋ᠢᠭᠰᠠᠨ ᠠᠵᠢᠶ᠎ᠠ ᠮᠢᠨᠢ ᠨᠡᠭᠡᠷᠡᠨ 《ᠠᠷᠳᠠᠭ ᠡᠮᠨᠢᠭ᠎ᠦᠨ ᠲᠣᠯᠣᠭᠠᠢ ᠶᠢᠨ ᠤᠷᠭ᠎ᠠ ᠠᠯᠳᠠᠵᠤ ᠦᠵᠡᠭᠡ ᠦᠭᠡᠢ \ ᠠᠭᠰᠤᠮ᠎ᠤᠨ ᠬᠥᠯᠥᠭ᠎ᠦᠨ ᠲᠤᠶ᠋ᠢᠯᠠᠭᠠᠨᠳᠤ ᠳᠥᠷᠥᠭᠡ ᠠᠯᠳᠠᠵᠤ ᠡᠨᠳᠡᠭᠡ ᠦᠭᠡᠢ \ ᠠᠯᠤᠰ ᠣᠶ᠋ᠢᠷ᠎ᠠ᠎ᠶᠢᠨ ᠠᠶᠠᠨ᠎ᠳᠤ ᠵᠠᠮ ᠠᠯᠳᠠᠵᠤ ᠭᠡᠨᠡᠳᠡᠭᠡ ᠦᠭᠡᠢ \ ᠠᠮᠢᠳᠤᠷᠠᠯ ᠦᠢᠯᠡᠰ᠎ᠦᠨ ᠵᠠᠮ᠎ᠳᠠᠭᠠᠨ ᠵᠦᠭ ᠠᠯᠳᠠᠵᠤ ᠲᠥᠭᠡᠷᠢᠭᠡ ᠦᠭᠡᠢ》ᠶᠠᠪᠤᠭᠰᠠᠨ᠃ ᠠᠵᠢᠶ᠎ᠠ ᠮᠢᠨᠢ ᠠᠭᠲᠠ ᠬᠥᠯᠥᠭ᠎ᠦᠨ ᠬᠡᠶ᠋ᠢᠮᠣᠷᠢᠯᠢ᠍ᠭ᠂ ᠣᠷᠣᠭ᠎ᠠ᠂ ᠲᠣᠭᠰᠢᠨᠢ ᠤᠨᠤᠳᠠᠭ ᠪᠠᠶ᠋ᠢᠭᠰᠠᠨ᠎ᠢ ᠨᠢ ᠪᠣᠳᠣᠬᠤ᠎ᠪᠠᠷ ᠥᠪᠡᠷ᠎ᠦᠨ ᠡᠷᠬᠡ ᠦᠭᠡᠢ ᠣᠮᠣᠭᠰᠢᠯ ᠲᠥᠷᠥᠳᠡᠭ᠃ ᠣᠷᠣᠭ᠎ᠠ᠂ ᠳᠣᠭᠰᠢᠨ ᠪᠥᠭᠡᠳ ᠤᠨᠤᠭᠠᠳ ᠴᠤᠴᠠᠳᠠᠭ ᠦᠭᠡᠢ ᠰᠢᠨᠳᠠᠰᠤ ᠲᠠᠢ ᠬᠣᠶᠠᠷ ᠰᠠᠶ᠋ᠢᠬᠠᠨ ᠬᠠᠯᠲᠠᠷ ᠮᠣᠷᠢ ᠪᠣᠯ ᠢᠲᠡᠭᠡᠯᠲᠦ᠍ ᠤᠨᠤᠭ᠎ᠠ ᠨᠢ ᠪᠠᠶ᠋ᠢᠭᠰᠠᠨ᠃ ᠳᠥᠷᠥᠭᠡᠨ ᠳᠠᠭᠤ᠎ᠪᠠᠷ ᠠᠳᠤᠭᠤᠨ ᠳᠣᠲᠣᠷ᠎ᠠ᠎ᠠᠴᠠ ᠲᠣᠯᠣᠭᠠᠢ ᠨᠢ ᠭᠣᠵᠤᠯᠵᠠᠭᠠᠳ ᠢᠷᠡᠳᠡᠭ᠂ ᠭᠠᠭᠴᠠ ᠳᠣᠬᠢᠭᠠᠳ ᠤᠷᠭᠠᠯᠠᠵᠤ ᠴᠢᠳᠠᠬᠤ ᠦᠭᠡᠢ ᠪᠣᠯ ᠡᠶ᠋ᠢᠯᠦᠭᠡᠳ᠂ ᠰᠠᠷ᠎ᠠ᠎ᠪᠠᠷ ᠠᠳᠤᠭᠤᠨ᠎ᠳᠤ ᠣᠷᠣᠵᠤ ᠢᠷᠡᠳᠡᠭ ᠦᠭᠡᠢ᠂ ᠤᠷᠭᠠᠯᠠᠭᠠᠳ ᠠᠪᠬᠤ ᠲᠠᠪᠠᠭᠯᠠᠭᠠᠳ ᠵᠢᠳᠬᠦᠨ᠎ᠡ ᠭᠡᠳᠡᠭ ᠨᠢ ᠪᠦᠷ ᠬᠡᠴᠡᠭᠦᠦ ᠪᠣᠯᠬᠣᠷ ᠤᠷᠭᠠᠴᠢᠳ ᠤᠷᠭᠠᠯᠠᠬᠤ ᠠᠴᠠ ᠪᠠᠨ ᠬᠠᠯᠢᠷᠠᠳᠠᠭ᠂ ᠭᠠᠳᠠᠭ᠎ᠠ ᠴᠢᠳᠦᠷᠯᠡᠭᠡᠳ ᠲᠠᠯᠪᠢᠴᠢᠬᠠᠬᠤ ᠳᠤ ᠬᠥᠮᠥᠨ᠎ᠡᠴᠡ ᠳᠠᠯᠳᠠ ᠣᠷᠣᠲᠠᠯ᠎ᠠ ᠲᠠᠭᠰᠢᠳᠠᠭ ᠲᠡᠷᠡ ᠮᠣᠷᠢᠳ ᠨᠢ ᠡᠵᠡᠨ᠎ᠦ᠎ᠪᠡᠨ ᠬᠡᠶ᠋ᠢᠮᠣᠷᠢ ᠵᠣᠯᠪᠣᠭ᠎ᠠ᠎ᠶᠢᠨ ᠪᠡᠯᠭᠡᠳᠡᠯ ᠪᠠᠶ᠋ᠢᠭᠰᠠᠨ ᠪᠠᠶ᠋ᠢᠬ᠎ᠠ ᠭᠡᠵᠦ᠍ ᠪᠢ ᠳᠣᠲᠣᠷ᠎ᠠ᠎ᠪᠠᠨ ᠪᠠᠬᠠᠷᠬᠠᠨ ᠰᠠᠨᠠᠳᠠᠭ᠃ ᠠᠵᠢᠶ᠎ᠠ ᠮᠢᠨᠢ ᠠᠳᠤᠭᠤ ᠤᠷᠭᠠᠯᠠᠵᠤ᠂ ᠡᠮᠨᠢᠭ᠎ᠢᠶᠡᠨ ᠰᠤᠷᠭᠠᠨ᠂ ᠨᠤᠲᠤᠭ᠎ᠤᠨ᠎ᠢᠶᠠᠨ ᠨᠠᠶ᠋ᠢᠷ ᠲᠤ᠌ ᠪᠠᠷᠢᠯᠳᠤᠵᠤ ᠶᠠᠪᠤᠭᠰᠠᠨ ᠵᠢᠩᠬᠢᠨᠢ ᠮᠣᠩᠭᠣᠯ ᠡᠷ᠎ᠡ ᠬᠥᠮᠥᠨ᠃ ᠨᠢᠭᠡ ᠤᠳᠠᠭ᠎ᠠ ᠲᠠᠤᠯᠠᠢ᠎ᠶᠢᠨ ᠵᠣ ᠲᠠᠢ ᠴᠢᠨᠳᠠᠭᠠᠨ ᠴᠠᠭᠠᠨ ᠮᠣᠷᠢ ᠲᠠᠢ ᠠᠳᠤᠭᠤ ᠤᠷᠭᠠᠯᠠᠨ᠂ ᠮᠣᠷᠢ᠎ᠪᠠᠨ ᠰᠠᠭᠤᠯᠭᠠᠭᠠᠳ ᠲᠠᠲᠠᠬᠤ᠎ᠶᠢ ᠨᠢ ᠬᠠᠷᠠᠬᠤ᠎ᠳᠤ ᠦᠯᠢᠭᠡᠷ ᠲᠣᠮᠣᠭᠲᠤ᠌ ᠭᠠᠷᠳᠠᠭ ᠪᠠᠭᠠᠲᠤᠷ ᠢᠳᠡᠲᠡᠨ ᠰᠢᠭ ᠭᠠᠶ᠋ᠢᠬᠠᠯᠲᠠᠢ ᠬᠠᠷᠠᠭᠳᠠᠭᠰᠠᠨ ᠰᠠᠨ᠃ ᠲᠡᠭᠡᠭᠡᠳ ᠯᠡ ᠪᠣᠳᠣᠯ ᠵᠡᠭᠦᠳᠦᠨᠳ᠋ᠡᠬᠡᠨ ᠠᠵᠢᠶ᠎ᠠ ᠰᠢᠭ᠋᠎ᠢᠶᠠᠨ ᠯᠠ ᠬᠥᠯᠥᠭ ᠦᠨ ᠰᠠᠶ᠋ᠢᠬᠠᠨ᠎ᠢ ᠤᠨᠤᠵᠤ᠂ ᠭᠢᠯᠠᠯᠵᠠᠭᠤᠯᠤᠭᠰᠠᠨ ᠡᠷ᠎ᠡ ᠬᠥᠮᠥᠨ ᠪᠣᠯᠬᠤ ᠰᠠᠨ ᠭᠡᠵᠦ ᠳᠣᠲᠣᠷ᠎ᠠ᠎ᠪᠠᠨ ᠪᠣᠳᠣᠵᠤ ᠮᠥᠷᠥᠭᠡᠳᠴᠦ᠍ ᠶᠠᠪᠤᠳᠠᠭ ᠪᠣᠯᠣᠭᠰᠠᠨ ᠶᠤᠮ᠃
ᠠᠵᠢᠶ᠎ᠠ᠎ᠶᠢᠨ ᠮᠢᠨᠢ ᠲᠣᠮᠣ ᠭᠠᠷ ᠶᠠᠭᠤᠮ᠎ᠠ ᠪᠦᠬᠦᠨ᠎ᠳᠦ ᠬᠦᠷᠬᠦ᠌᠎ᠳᠦ ᠡᠪᠲᠡᠢ ᠳᠡᠮ ᠲᠠᠢ ᠨᠢ ᠭᠠᠶ᠋ᠢᠬᠠᠯᠲᠠᠢ᠃ ᠰᠤᠷ ᠡᠯᠳᠡᠵᠦ᠍ ᠵᠦᠰᠦᠨ᠎ᠡ᠂ ᠬᠠᠵᠠᠭᠠᠷ ᠴᠢᠳᠦᠷ ᠢᠶᠡᠨ ᠵᠠᠩᠭᠢᠳᠤᠨ᠎ᠠ᠂ ᠡᠮᠡᠭᠡᠯ ᠲᠥᠬᠥᠭᠡᠷᠥᠨᠡ᠂ ᠠᠪᠳᠠᠷ᠎ᠠ ᠱᠦᠭᠦᠢ ᠪᠡᠨ ᠪᠣᠳᠣᠵᠤ ᠶᠠᠩᠵᠤᠯᠠᠨᠠ᠂ ᠪᠢᠳᠠᠨ᠎ᠤ ᠴᠣᠭᠣᠷᠬᠠᠢ ᠭᠤᠲᠤᠯ᠎ᠢ ᠲᠠᠬᠠᠯᠠᠨᠠ᠂ ᠦᠰᠦ ᠭᠡᠵᠢᠭᠡ᠎ᠶᠢ ᠰᠠᠶ᠋ᠢᠬᠠᠨ ᠵᠠᠰᠠᠵᠤ ᠥᠭᠭᠦᠨ᠎ᠡ᠃ ᠲᠡᠷᠡ ᠯᠡ ᠲᠣᠮᠣ ᠭᠠᠷᠤᠨ ᠬᠠᠶ᠋ᠢᠷ᠎ᠠ᠎ᠶᠢᠨ ᠵᠥᠭᠡᠯᠡᠨ ᠠᠯᠠᠭᠠᠨ ᠳᠡᠭᠡᠷ᠎ᠡ ᠦᠷᠡᠰ ᠬᠥᠮᠥᠨ ᠪᠣᠯᠭᠠᠵᠤ᠂ ᠡᠷᠴᠢ ᠰᠢᠷᠪᠦᠰᠦ ᠵᠠᠩᠭᠢᠷᠠᠭᠰᠠᠨ ᠲᠡᠷᠡ ᠯᠡ ᠲᠣᠮᠣ ᠭᠠᠷᠤᠨ ᠢᠳᠡ ᠬᠦᠴᠦ᠎ᠪᠡᠷ ᠠᠮᠢᠳᠤᠷᠠᠯ᠎ᠢᠶᠡᠨ ᠡᠷᠭᠦᠭᠰᠡᠨ ᠠᠶ᠋ᠢᠯ ᠭᠡᠷ᠎ᠦᠨ᠎ᠢᠶᠡᠨ ᠨᠣᠶᠠᠨ ᠨᠢᠷᠤᠭᠤ ᠪᠣᠯᠵᠤ ᠶᠠᠪᠤᠭᠰᠠᠨ ᠪᠢᠯᠡ᠃
ᠠᠵᠢᠶ᠎ᠠ ᠮᠢᠨᠢ ᠪᠠᠭ᠎ᠠ᠎ᠳᠠᠭᠠᠨ ᠨᠤᠲᠤᠭ᠎ᠤᠨ᠎ᠢᠶᠠᠨ ᠵᠠᠷᠠᠭ᠎ᠠ ᠰᠦᠮ᠎ᠡ᠎ᠶᠢᠨ ᠶᠣᠨᠳᠣᠨ ᠭᠡᠭᠴᠢ ᠡᠷᠳᠡᠮᠲᠦ᠍ ᠬᠥᠮᠥᠨ᠎ᠳᠦ ᠱᠠᠪᠢᠯᠠᠨ᠂ ᠮᠣᠩᠭᠣᠯ ᠲᠥᠪᠡᠳ ᠴᠠᠭᠠᠨ ᠲᠣᠯᠣᠭᠠᠢ ᠨᠢᠳᠦᠯᠡᠵᠦ᠍᠂ ᠮᠣᠩᠭᠣᠯ ᠠᠨᠠᠭᠠᠬᠤ ᠤᠬᠠᠭᠠᠨ᠎ᠤ ᠠᠩᠬᠠᠨ᠎ᠤ ᠮᠡᠳᠡᠯᠭᠡ᠎ᠶᠢ ᠰᠤᠷᠤᠭᠰᠠᠨᠢᠶᠠᠷᠢᠶᠠᠨ ᠪᠣᠶ᠋ᠢᠳᠠ ᠨᠤᠲᠤᠭ᠎ᠤᠨ ᠰᠣᠶᠣᠯ ᠲᠠᠢ ᠬᠥᠮᠥᠨ ᠪᠣᠯᠪᠠ᠃ ᠤᠳᠠᠯ ᠦᠭᠡᠢ ᠪᠠᠷᠢᠭᠠᠳᠠ᠎ᠶᠢᠨ᠎ᠢᠶᠡᠨ ᠵᠥᠪᠯᠡᠯ᠎ᠳᠦ ᠰᠢᠯᠢᠭᠳᠡᠨ ᠣᠷᠣᠵᠤ᠂ ᠨᠢᠭᠲᠠᠯᠠᠨ ᠪᠣᠳᠣᠭᠴᠢ᠂ ᠪᠠᠷᠢᠭᠠᠳᠠ᠎ᠶᠢᠨ ᠳᠡᠳ᠋ ᠳᠠᠷᠤᠭ᠎ᠠ᠂ ᠳᠠᠷᠤᠭ᠎ᠠ᠂ ᠱᠦᠵᠢ᠎ᠪᠠᠷ ᠣᠯᠠᠨ ᠵᠢᠯ ᠠᠵᠢᠯᠯᠠᠵᠤ᠂ ᠨᠤᠲᠤᠭ ᠤᠰᠤᠨ᠎ᠦ ᠪᠡᠨ ᠠᠷᠠᠳ ᠲᠦᠮᠡᠨ᠎ᠢ ᠤᠳᠤᠷᠢᠳᠤᠨ᠂ ᠪᠠᠶᠠᠵᠢᠯ ᠴᠢᠨᠡᠭᠡᠯᠢᠭᠵᠢᠯ᠎ᠦᠨ ᠵᠠᠮ᠎ᠢᠶᠠᠷ ᠬᠥᠲᠥᠯᠥᠭᠰᠡᠨ ᠳᠠᠭᠠᠭᠤᠯᠤᠭᠴᠢ᠃ ᠡᠵᠢ ᠮᠢᠨᠢ ᠠᠩᠬ᠎ᠠ ᠵᠡᠷᠭᠡ᠎ᠶᠢᠨ ᠳᠤᠮᠳᠠᠳᠤ ᠰᠤᠷᠭᠠᠭᠤᠯᠢ ᠲᠡᠭᠦᠰᠦᠭᠰᠡᠨ ᠨᠤᠲᠤᠭ᠎ᠤᠨ᠎ᠢᠶᠠᠨ ᠬᠠᠮᠤᠭ᠎ᠤᠨ ᠠᠩᠬᠠᠨ᠎ᠤ ᠬᠥᠮᠥᠨ᠂ ᠠ ᠦᠰᠦᠭ ᠨᠢᠳᠦᠯᠡᠭᠦᠯᠦᠨ᠂ ᠬᠡᠦᠬᠡᠳ᠎ᠢᠶᠡᠨ ᠡᠷᠳᠡᠮ᠎ᠦᠨ ᠴᠠᠭᠠᠨ ᠵᠠᠮ᠎ᠳᠤ ᠨᠢ ᠬᠥᠲᠥᠯᠥᠭᠰᠡᠨ ᠪᠠᠭᠰᠢ ᠬᠥᠮᠥᠨ᠃ ᠠᠪᠤ ᠡᠵᠢ ᠬᠣᠶᠠᠷ᠎ᠤᠨ ᠮᠢᠨᠢ ᠢᠲᠡᠭᠡᠯ ᠰᠡᠳᠬᠢᠯ᠎ᠢᠶᠡᠷ᠎ᠢᠶᠡᠨ ᠭᠣᠯᠣᠮᠲᠠ᠎ᠪᠠᠨ ᠪᠠᠳᠠᠷᠠᠭᠠᠭᠰᠠᠨ ᠥᠭᠡᠳᠡ ᠲᠠᠢ᠂ ᠥᠩᠭᠡ ᠲᠠᠢ᠂ ᠬᠡᠶ᠋ᠢᠮᠣᠷᠢ ᠲᠠᠢ᠂ ᠰᠣᠶᠣᠯ ᠲᠠᠢ ᠭᠡᠷ ᠪᠦᠯᠢ᠎ᠶᠢᠨ ᠠᠮᠢᠳᠤᠷᠠᠯ ᠦᠷ᠎ᠡ ᠬᠡᠦᠬᠡᠳ ᠪᠢᠳᠡᠨ᠎ᠦ᠎ᠪᠡᠨ ᠤᠬᠠᠭᠠᠵᠢᠯ᠂ ᠲᠣᠮᠣᠭᠠᠵᠢᠯᠤᠨ ᠲᠠᠭᠠᠲᠠᠢ ᠳᠤᠯᠠᠭᠠᠨ ᠥᠯᠥᠭᠡᠢ ᠪᠠᠶ᠋ᠢᠯ᠎ᠠ᠃ 1981 ᠣᠨ᠎ᠤ ᠨᠠᠮᠤᠷ ᠪᠢ ᠶᠡᠬᠡ ᠰᠤᠷᠭᠠᠭᠤᠯᠢ᠎ᠳᠤ᠂ ᠮᠢᠨᠤ ᠳᠡᠭᠦᠦ ᠭᠡᠷᠡᠯᠲᠦ᠍ ᠪᠠᠭᠰᠢ᠎ᠶᠢᠨ ᠲᠤᠰᠬᠠᠢ ᠮᠡᠷᠭᠡᠵᠢᠯ ᠦᠨ ᠰᠤᠷᠭᠠᠭᠤᠯᠢ ᠳ᠋ᠦ ᠰᠢᠯᠭᠠᠭᠳᠠᠨ ᠣᠷᠣᠭᠠᠳ᠂ ᠰᠥᠨᠢᠳ ᠦᠨ ᠤᠤᠭᠠᠯ ᠮᠠᠯᠴᠢᠨ᠎ᠤ ᠠᠶ᠋ᠢᠯ᠎ᠠᠴᠠ ᠨᠢᠭᠡ ᠵᠢᠯ ᠳᠦ ᠬᠣᠶᠠᠷ ᠬᠡᠦᠬᠡᠳ ᠨᠢ ᠰᠤᠷᠭᠠᠭᠤᠯᠢ᠎ᠳᠦ ᠶᠠᠪᠤᠭᠰᠠᠨ ᠪᠠᠶᠠᠷᠲᠤ᠌ ᠤᠴᠠᠷᠠᠯ ᠬᠣᠯᠠ ᠣᠶ᠋ᠢᠷ᠎ᠠ᠎ᠶᠢᠨ ᠬᠢᠨᠢ ᠪᠠᠬᠠᠷᠬᠠᠭᠤᠯᠤᠨ ᠱᠤᠤᠭᠢᠭᠤᠯᠤᠭᠰᠠᠨ ᠳ᠋ᠠ᠃
ᠠᠵᠢᠶ᠎ᠠ ᠮᠢᠨᠢ ᠬᠣᠰᠢᠭᠤ᠂ ᠠᠶ᠋ᠢᠮᠠᠭ᠂ ᠣᠷᠣᠨ᠂ ᠤᠯᠤᠰ᠎ᠤᠨ ᠬᠥᠳᠡᠯᠮᠦᠷᠢ᠎ᠶᠢᠨ ᠵᠢᠱ᠌ᠢᠶᠡᠴᠢ᠂ ᠰᠢᠯᠢᠳᠡᠭ ᠤᠳᠤᠷᠢᠳᠤᠯᠭ᠎ᠠ᠎ᠶᠢᠨ ᠬᠥᠬᠢᠭᠦᠯᠦᠯ ᠱᠠᠩᠨᠠᠯ᠎ᠢ ᠣᠯᠠᠨᠲᠠ ᠬᠦᠷᠲᠡᠨ᠂ ᠠᠯᠤᠰ ᠣᠶ᠋ᠢᠷ᠎ᠠ ᠤᠯᠤᠰ ᠣᠷᠣᠨ᠎ᠳᠤ ᠰᠠᠶ᠋ᠢᠬᠠᠨ ᠠᠯᠳᠠᠷ᠎ᠢᠶᠠᠨ ᠮᠠᠨᠳᠤᠭᠤᠯᠤᠭᠰᠠᠨ ᠨᠡᠷᠡᠲᠦ᠍ ᠬᠥᠮᠥᠨ᠂ ᠠᠮᠢ ᠨᠠᠰᠤᠨ᠎ᠤ᠎ᠪᠠᠨ ᠤᠳᠬ᠎ᠠ ᠴᠢᠨᠠᠷ᠎ᠢᠶᠠᠷ ᠨᠡᠶ᠋ᠢᠭᠡᠮ᠎ᠳᠦ ᠲᠠᠨᠢᠭᠳᠠᠭᠰᠠᠨ ᠵᠢᠩᠬᠢᠨᠢ 《ᠥᠨᠳᠥᠷ ᠬᠥᠮᠥᠨ》 ᠰᠠᠨ᠃
ᠪᠢᠳᠠᠨ᠎ᠢ ᠪᠠᠭ᠎ᠠ ᠪᠠᠶ᠋ᠢᠬᠤ᠎ᠳᠤ ᠠᠵᠢᠶ᠎ᠠ ᠮᠢᠨᠢ ᠲᠤᠵᠢ ᠯᠡ ᠭᠠᠳᠠᠭᠰᠢ ᠳᠣᠲᠣᠭᠰᠢ᠎ᠪᠠᠨ ᠶᠠᠪᠤᠨ᠎ᠠ᠂ ᠬᠠᠶᠠ ᠭᠡᠷ᠎ᠲᠦ᠍ ᠰᠠᠭᠤᠬᠤ᠎ᠪᠠᠷ ᠯᠠ ᠣᠶ᠋ᠢᠷ᠎ᠠ ᠵᠠᠭᠤᠷ᠎ᠠ ᠶᠢᠨ ᠠᠵᠢᠯ ᠢᠶᠠᠨ ᠭᠢᠯᠠᠯᠵᠠᠭᠤᠯᠤᠨ᠎ᠠ᠃ ᠪᠠᠷᠢᠭᠠᠳᠠ᠎ᠶᠢᠨ᠎ᠢᠶᠡᠨ ᠠᠶ᠋ᠢᠯ ᠤᠳ ᠢᠶᠠᠷ ᠲᠣᠭᠣᠷᠢᠵᠤ᠂ ᠮᠠᠯ᠎ᠤᠨ ᠲᠣᠭᠠᠯᠠᠯᠭ᠎ᠠ ᠬᠢᠨ᠎ᠡ᠂ ᠬᠥᠳᠡᠯᠮᠦᠷᠢ᠎ᠶᠢᠨ ᠬᠤᠪᠢ ᠪᠣᠳᠣᠨ᠎ᠠ᠂ ᠮᠠᠯᠵᠢᠬᠤ ᠦᠢᠯᠡᠳᠪᠦᠷᠢᠯᠡᠯ ᠪᠠᠶ᠋ᠢᠳᠠᠯ᠎ᠢ ᠣᠶ᠋ᠢᠯᠠᠭᠠᠨᠠ᠂ ᠬᠠᠮᠲᠤ᠌ ᠣᠯᠠᠨ ᠲᠠᠢ᠎ᠪᠠᠨ ᠦᠢᠯᠡᠳᠪᠦᠷᠢᠯᠡᠯ᠎ᠦᠨ ᠪᠦᠲᠦᠭᠡᠨ ᠪᠠᠶ᠋ᠢᠭᠤᠯᠤᠯᠲᠠ ᠬᠢᠨ᠎ᠡ᠂ ᠬᠣᠰᠢᠭᠤ ᠨᠢᠭᠡᠳᠦᠯ᠎ᠳᠦ ᠪᠠᠶ᠋ᠢᠩᠭᠤ ᠶᠠᠪᠤᠨ᠎ᠠ᠃ ᠠᠶ᠋ᠢᠮᠠᠭ᠂ ᠣᠷᠣᠨ᠂ ᠭᠠᠳᠠᠨ᠎ᠠ ᠮᠤᠵᠢ ᠬᠣᠲᠠ᠎ᠳᠤ ᠶᠠᠪᠤᠬᠤ ᠠᠵᠢᠯ ᠭᠠᠷᠪᠠᠯ ᠠᠵᠢᠶ᠎ᠠ ᠯᠠ ᠪᠠᠷᠤᠭ ᠶᠠᠪᠤᠨ᠎ᠠ᠃1963 ᠣᠨ᠎ᠠᠴᠠ1966 ᠣᠨ᠎ᠤ ᠬᠣᠭᠣᠷᠣᠨᠳᠤ ᠰᠥᠨᠢᠳᠲᠤ᠌ ᠪᠣᠯᠣᠭᠰᠠᠨ ᠭᠠᠩ ᠭᠠᠮᠰᠢᠭ᠂ 1977 ᠣᠨ᠎ᠤ 《ᠲᠡᠮᠦᠷ ᠵᠤᠳ》 ᠭᠡᠳ ᠠᠯᠢ ᠢᠵᠠᠭᠤᠷ ᠣᠯᠠᠨ ᠭᠠᠮᠰᠢᠭ ᠵᠤᠳ᠎ᠢ ᠨᠤᠲᠤᠭ᠎ᠤᠨ ᠲᠦᠮᠡᠨ᠎ᠢᠶᠡᠨ ᠤᠳᠤᠷᠢᠳᠤᠨ ᠲᠤᠭᠤᠯᠤᠭᠰᠠᠨ ᠶᠤᠮ᠃ ᠪᠠᠷᠢᠭᠠᠳᠠ᠎ᠶᠢᠨ ᠠᠯᠪᠠᠨ ᠭᠡᠷ᠂ ᠰᠤᠷᠭᠠᠭᠤᠯᠢ᠎ᠶᠢᠨ ᠮᠣᠳᠣ᠎ᠶᠢ ᠲᠡᠭᠡᠭᠡᠵᠦ᠍ ᠠᠪᠴᠢᠷᠠᠬᠤ᠎ᠪᠠᠷ ᠰᠢᠯᠤᠭᠤᠨ ᠬᠥᠬᠡ ᠬᠣᠰᠢᠭᠤ᠎ᠪᠠᠷ ᠶᠠᠪᠤᠬᠤ᠎ᠳᠠᠭᠠᠨ ᠬᠡᠳᠦᠨ ᠠᠷᠪᠠᠨ ᠭᠠᠵᠠᠷ᠎ᠤᠨ ᠵᠠᠮ᠎ᠢ ᠶᠠᠪᠠᠭᠠᠨ ᠲᠤᠭᠤᠯᠵᠤ ᠪᠠᠶ᠋ᠢᠭᠰᠠᠨ ᠭᠡᠳᠡᠭ᠃ 1983ᠣᠨ᠎ᠤ ᠬᠠᠪᠤᠷ᠂ ᠨᠠᠮᠠᠶ᠋ᠢ ᠣᠶᠤᠲᠠᠨ ᠪᠠᠶ᠋ᠢᠬᠤ᠎ᠳᠤ ᠶᠡᠬᠡ ᠰᠠᠯᠬᠢᠨ ᠲᠠᠢ ᠡᠳᠦᠷ ᠬᠥᠬᠡᠬᠣᠲᠠ ᠠᠴᠠ ᠪᠠᠷᠢᠭᠠᠳᠠ᠎ᠶᠢᠨ ᠨᠡᠶ᠋ᠢᠲᠡ᠎ᠶᠢᠨ ᠬᠦᠷᠢᠶᠡᠨ᠎ᠦ ᠲᠣᠣᠷ᠎ᠢ ᠲᠡᠭᠡᠭᠡᠵᠦ᠍ ᠶᠠᠪᠤᠭᠠᠳ᠂ ᠲᠡᠷᠭᠡ ᠨᠢ ᠬᠥᠷᠪᠡᠵᠦ᠍ ᠪᠠᠶ᠋ᠢᠭᠰᠠᠨ ᠤᠳᠠᠭ᠎ᠠ ᠲᠠᠢ᠃ ᠢᠩᠭᠢᠵᠦ᠍ ᠬᠠᠮᠲᠤ᠌ ᠨᠡᠶ᠋ᠢᠲᠡ᠎ᠶᠢᠨ ᠲᠥᠯᠥᠭᠡ ᠦᠨᠡᠨᠴᠢ ᠰᠢᠳᠤᠷᠭᠤ᠎ᠪᠠᠷ ᠵᠢᠳᠬᠦᠵᠦ᠍ ᠶᠠᠪᠤᠭᠰᠠᠨ ᠨᠢ ᠬᠡᠦᠬᠡᠳ ᠪᠢᠳᠠᠨ᠎ᠤ ᠣᠮᠣᠭᠰᠢᠯ᠂ ᠨᠤᠲᠤᠭ ᠤᠰᠤᠨ᠎ᠤ ᠪᠠᠬᠠᠷᠬᠠᠯ ᠶᠤᠮ᠃ ᠠᠵᠢᠶ᠎ᠠ᠎ᠶᠢᠨ ᠮᠢᠨᠢ ᠳᠠᠭᠠᠭᠤᠯᠭ᠎ᠠ᠎ᠪᠠᠷ ᠪᠠᠶᠠᠨᠲᠠᠯ᠎ᠠ ᠪᠠᠷᠢᠭᠠᠳᠠ᠎ᠶᠢᠨ ᠠᠶ᠋ᠢᠯ ᠪᠦᠭᠦᠳᠡ ᠢᠰᠡᠭᠡᠢ ᠭᠡᠷ᠎ᠲᠡᠬᠡᠨ ᠶᠠᠪᠠᠭᠠᠨ ᠮᠣᠳᠣᠨ ᠣᠷᠣ ᠲᠠᠢ᠂ ᠠᠶ᠋ᠢᠯ ᠪᠣᠯᠭᠠᠨ ᠲᠸᠯᠸᠢᠰ ᠲᠠᠢ᠂ ᠭᠠᠳᠠᠨ᠎ᠠ᠎ᠪᠠᠨ ᠰᠠᠯᠬᠢᠨ᠎ᠤ ᠬᠦᠴᠦ᠎ᠪᠡᠷ ᠴᠠᠬᠢᠯᠭᠠᠨ ᠭᠠᠷᠭᠠᠬᠤ ᠮᠠᠰᠢᠨ ᠲᠠᠢ᠂ ᠡᠷᠦᠬᠡ ᠪᠣᠯᠭᠠᠨ ᠹᠯᠤᠷᠢ ᠴᠡᠪᠡᠷᠰᠢᠭᠦᠯᠦᠭᠰᠡᠨ ᠤᠰᠤᠨ᠎ᠤ ᠮᠠᠰᠢᠨ ᠲᠠᠢ ᠪᠣᠯᠵᠤ᠂ ᠥᠪᠥᠷ ᠮᠣᠩᠭᠣᠯ᠎ᠤᠨ ᠮᠠᠯᠵᠢᠬᠤ ᠣᠷᠣᠨ᠎ᠤ ᠲᠡᠷᠢᠭᠦᠨ᠎ᠦ ᠦᠯᠢᠭᠡᠷ ᠳᠠᠭᠤᠷᠢᠶᠠᠯ᠂ ᠨᠡᠷᠡᠲᠦ᠍ ᠨᠤᠲᠤᠭ ᠪᠣᠯᠵᠤ ᠠᠯᠳᠠᠷᠰᠢᠭᠰᠠᠨ ᠳ᠋ᠠ᠃
ᠬᠠᠲᠠᠭᠤ ᠴᠠᠭ ᠤᠨ ᠰᠠᠭᠠᠳ᠂ ᠬᠣᠣᠷᠯᠠᠯᠢ ᠤᠬᠠᠭᠠᠨ ᠰᠠᠮᠪᠠᠭ᠎ᠠ᠂ ᠬᠥᠮᠥᠨ ᠴᠢᠨᠠᠷ᠂ ᠢᠲᠡᠭᠡᠯ ᠵᠣᠷᠢᠭ᠎ᠢᠶᠠᠷ᠎ᠢᠶᠠᠨ ᠲᠤᠭᠤᠯᠤᠭᠰᠠᠨ ᠠᠵᠢᠶ᠎ᠠ ᠮᠢᠨᠢ ᠰᠢᠨᠲᠠᠷᠠᠰᠢ ᠦᠭᠡᠢ ᠰᠡᠳᠬᠢᠯ᠎ᠦᠨ ᠲᠠᠮᠢᠷ᠎ᠢᠶᠠᠷ᠎ᠢᠶᠠᠨ ᠨᠤᠲᠤᠭ᠎ᠤᠨ᠎ᠢᠶᠠᠨ ᠵᠠᠯᠠᠭᠤᠰ ᠤᠨ ᠦᠢᠯᠡᠰ ᠦᠨ ᠢᠲᠡᠭᠡᠯ᠎ᠢ ᠬᠥᠪᠴᠢᠯᠡᠳᠡᠭ᠃ 1985 ᠣᠨ᠎ᠳᠤ ᠬᠣᠰᠢᠭᠤᠨ ᠤ ᠨᠠᠮ᠂ ᠵᠠᠰᠠᠭ᠎ᠤᠨ ᠳᠠᠭᠠᠭᠠᠯᠭᠠᠪᠤᠷᠢ ᠨᠠᠶ᠋ᠢᠳᠠᠯᠭ᠎ᠠ᠎ᠪᠠᠷ 《ᠮᠠᠯᠴᠢᠳ᠎ᠤᠨ ᠬᠦᠢᠲᠡᠨ ᠬᠥᠮᠥᠷᠭᠡ》 ᠪᠠᠶ᠋ᠢᠭᠤᠯᠵᠤ᠂ ᠶᠡᠷᠡᠭᠡᠳ ᠣᠨ᠎ᠳᠤ ᠰᠢᠶᠠᠮᠸᠨ ᠬᠣᠲᠠ᠎ᠶᠢᠨ ᠭᠦ᠋ ᠯᠠᠩ ᠢᠦᠢ ᠠᠷᠠᠯ ᠳᠡᠭᠡᠷ᠎ᠡ ᠢᠰᠡᠭᠡᠢ ᠭᠡᠷ ᠲᠠᠢ ᠮᠣᠩᠭᠣᠯ ᠵᠢᠭᠤᠯᠴᠢᠯᠠᠯ᠎ᠤᠨ ᠭᠠᠵᠠᠷ ᠭᠠᠷᠭᠠᠭᠰᠠᠨ ᠵᠡᠷᠭᠡ ᠦᠢᠯᠡ ᠠᠵᠢᠯᠯᠠᠭ᠎ᠠ ᠨᠢ ᠰᠢᠨ᠎ᠡ᠎ᠶᠢ ᠰᠦᠪᠡᠭᠴᠢᠯᠡᠵᠦ᠍᠂ ᠴᠠᠭ ᠡᠷᠢᠨᠦ ᠬᠠᠨᠳᠤᠯᠭ᠎ᠠ᠎ᠶᠢ ᠨᠠᠷᠢᠨ ᠰᠤᠪᠢᠳᠠᠭ ᠠᠵᠢᠶ᠎ᠠ᠎ᠶᠢᠨ ᠮᠢᠨᠢ ᠨᠤᠲᠤᠭ ᠤᠰᠤᠨ᠎ᠤ ᠠᠷᠠᠳ ᠲᠦᠮᠡᠨ᠎ᠦ ᠠᠮᠢᠳᠤᠷᠠᠯ᠎ᠤᠨ ᠳᠡᠭᠵᠢᠷᠡᠯ᠎ᠦᠨ ᠲᠥᠯᠥᠭᠡ ᠭᠡᠬᠦ᠌ ᠦᠨᠡᠨᠴᠢ᠂ ᠰᠡᠷᠭᠡᠭ ᠰᠦᠪᠡᠭᠴᠢᠯᠡᠯ ᠬᠠᠶ᠋ᠢᠯᠲᠠ᠎ᠶᠢᠨ ᠵᠣᠷᠢᠭ ᠰᠠᠨᠠᠭ᠎ᠠ᠎ᠶᠢ ᠬᠠᠷᠠᠭᠤᠯᠵᠤ᠂ ᠲᠦᠮᠡᠨ᠎ᠦ ᠳᠤᠮᠳᠠ ᠦᠯᠢᠭᠡᠷ ᠪᠣᠯᠣᠨ ᠶᠠᠷᠢᠭᠳᠠᠭᠰᠠᠭᠠᠷ ᠪᠤᠢ᠃
ᠥᠲᠡᠯᠦᠭᠡ ᠨᠠᠰᠤᠨ ᠤ ᠳᠠᠪᠠᠭᠠᠨ ᠳᠡᠭᠡᠷ᠎ᠡ ᠠᠵᠢᠶ᠎ᠠ ᠮᠢᠨᠢ ᠬᠥᠯᠢᠶᠡᠨ ᠬᠤᠮᠢᠨ᠂ ᠬᠡᠪ᠎ᠢᠶᠡᠨ ᠰᠠᠬᠢᠵᠤ ᠳᠤᠭᠤᠢ ᠰᠠᠭᠤᠯ ᠦᠭᠡᠢ᠂ ᠤᠳᠠᠭᠠᠨ ᠵᠢᠯ᠎ᠦᠨ ᠠᠵᠢᠯ ᠦᠢᠯᠡᠰ᠎ᠦᠨ ᠲᠤᠷᠰᠢᠯᠭ᠎ᠠ᠂ ᠰᠦᠪᠡᠭᠴᠢᠯᠡᠯ᠂ ᠪᠣᠳᠣᠯᠬᠢᠯᠠᠯ᠎ᠢᠶᠠᠨ ᠣᠯᠠᠨ᠎ᠤ ᠬᠦᠷᠲᠡᠭᠡᠯ ᠪᠣᠯᠭᠠᠬᠤ᠎ᠶᠢᠨ ᠲᠤᠰᠠᠳᠠ ᠨᠣᠮ ᠪᠦᠲᠦᠭᠡᠬᠦ᠌ ᠠᠶᠠᠨ᠎ᠢᠶᠠᠨ ᠡᠬᠢᠯᠡᠭᠦᠯᠪᠡ᠃ 2008ᠣᠨ᠎ᠳᠤ ᠪᠡᠭᠡᠵᠢᠩ᠎ᠳᠦ ᠮᠠᠯᠵᠢᠬᠤ ᠣᠷᠣᠨ ᠤ ᠲᠣᠭᠲᠠᠪᠤᠷᠢᠲᠠᠢ ᠬᠥᠭᠵᠢᠯ ᠦᠨ ᠰᠤᠳᠤᠯᠤᠨ ᠶᠠᠷᠢᠯᠴᠠᠬᠤ ᠬᠤᠷᠠᠯ ᠳᠤ ᠤᠷᠢᠭᠳᠠᠨ ᠣᠷᠣᠯᠴᠠᠵᠤ᠂ ᠥᠪᠡᠷ᠎ᠦᠨ ᠦᠨᠳᠦᠰᠦᠨ ᠱᠠᠲᠤᠨ ᠤ ᠠᠵᠢᠯ᠎ᠤᠨ ᠲᠤᠷᠰᠢᠯᠭ᠎ᠠ᠂ ᠮᠠᠯᠵᠢᠬᠤ ᠣᠷᠣᠨ᠎ᠤ ᠬᠤᠪᠢᠷᠠᠯᠲᠠ᠎ᠶᠢᠨ ᠦᠨᠡᠨ ᠪᠣᠳᠠᠲᠤ᠌ ᠪᠠᠶ᠋ᠢᠳᠠᠯ᠎ᠢ ᠶᠠᠷᠢᠬᠤ᠎ᠳᠤ ᠨᠢ ᠵᠠᠷᠢᠮ ᠡᠷᠳᠡᠮᠲᠡᠨ ᠡᠳᠡᠭᠡᠷ ᠵᠦᠢᠯ᠎ᠢᠶᠡᠨ ᠨᠣᠮ ᠪᠣᠯᠭᠠᠬᠤ᠎ᠶᠢ ᠨᠢ ᠨᠠᠶ᠋ᠢᠳᠠᠨ ᠬᠦᠰᠡᠵᠡᠢ᠃ ᠡᠶ᠋ᠢᠨ ᠬᠦ᠌ 《ᠪᠠᠶᠠᠨᠲᠠᠯ᠎ᠠ᠎ᠶᠢᠨ ᠲᠠᠯ᠎ᠠ ᠨᠤᠲᠤᠭ᠎ᠤᠨ ᠲᠡᠦᠬᠡᠨ ᠬᠤᠪᠢᠷᠠᠯᠲᠠ᠎ᠶᠢᠨ ᠲᠡᠮᠳᠡᠭᠯᠡᠯ》 ᠨᠣᠮ᠎ᠢᠶᠠᠨ ᠪᠢᠴᠢᠬᠦ᠌᠎ᠪᠡᠷ ᠪᠣᠯᠣᠭᠰᠠᠨ ᠶᠤᠮ᠃ ᠲᠡᠭᠡᠭᠡᠳ ᠪᠠᠶᠠᠨᠲᠠᠯ᠎ᠠ᠎ᠶᠢᠨ ᠠᠳᠠᠯᠢ ᠪᠤᠰᠤ ᠴᠠᠭ᠎ᠤᠨ ᠳᠠᠩᠰᠠ ᠲᠡᠮᠳᠡᠭᠯᠡᠯ᠂ ᠪᠣᠳᠣᠯ ᠰᠦᠪᠡᠭᠴᠢᠯᠡᠯ᠎ᠦᠨ ᠬᠡᠰᠡᠭ ᠪᠤᠰᠠᠭ ᠲᠡᠮᠳᠡᠭᠯᠡᠯ ᠵᠡᠷᠭᠡ᠎ᠪᠡᠨ ᠨᠠᠳᠠᠳᠦ ᠥᠭᠭᠦᠭᠰᠡᠨ ᠨᠢ ᠡᠨᠡ ᠬᠦ᠌ ᠨᠣᠮ᠎ᠤᠨ ᠦᠨᠳᠦᠰᠦᠨ ᠮᠠᠲ᠋ᠧᠷᠢᠶᠠᠯ ᠪᠠᠶ᠋ᠢᠪᠠ᠃ ᠲᠡᠷᠡ ᠪᠦᠬᠦᠨ᠎ᠢ ᠨᠢ ᠪᠢ ᠡᠮᠬᠢᠯᠡᠨ ᠨᠠᠶ᠋ᠢᠷᠠᠭᠤᠯᠵᠤ᠂ ᠠᠵᠢᠶ᠎ᠠ ᠲᠠᠢ᠎ᠪᠠᠨ ᠵᠥᠪᠯᠡᠨ᠂ ᠵᠠᠷᠢᠮ ᠴᠢᠬᠤᠯᠠ ᠮᠠᠲ᠋ᠧᠷᠢᠶᠠᠯ᠎ᠢ ᠣᠷᠴᠢᠭᠤᠯᠤᠨ ᠳᠠᠭᠠᠯᠳᠤᠭᠤᠯᠤᠯ ᠨᠡᠮᠡᠵᠦ᠍᠂ ᠪᠦᠷᠢᠨ ᠪᠦᠲᠦᠨ ᠡᠬᠡ ᠪᠣᠯᠭᠠᠭᠠᠳ᠂ ᠰᠤᠷᠭᠠᠨ ᠬᠥᠮᠥᠵᠢᠯ᠎ᠦᠨ ᠬᠡᠪᠯᠡᠯ᠎ᠦᠨ ᠬᠣᠷᠢᠶ᠎ᠠ᠎ᠶᠢᠨ ᠨᠠᠶ᠋ᠢᠷᠠᠭᠤᠯᠤᠭᠴᠢ ᠪᠠᠲᠤᠵᠢᠶᠠᠭᠠ ᠲᠠᠢ ᠬᠠᠷᠢᠯᠴᠠᠵᠤ ᠬᠡᠪᠯᠡᠭᠦᠯᠦᠭᠰᠡᠨ ᠶᠤᠮ᠃ ᠨᠡᠷᠡᠲᠦ᠍ ᠲᠡᠦᠬᠡ᠎ᠶᠢᠨ ᠡᠷᠳᠡᠮᠲᠡᠨ ᠬᠣᠤ ᠸᠸᠢ ᠮᠢᠨ ᠫᠷᠣᠹᠧᠰᠰᠣᠷ ᠠᠭᠰᠠᠨ ᠵᠢᠡᠷ ᠣᠷᠣᠰᠢᠯ ᠪᠢᠴᠢᠵᠦ᠍᠂ ᠲᠤᠰ ᠨᠣᠮ᠎ᠤᠨ ᠲᠡᠦᠬᠡᠨ ᠦᠨᠡᠨ᠎ᠦ ᠦᠨ᠎ᠡ ᠥᠷᠲᠡᠭ᠎ᠢ ᠥᠨᠳᠥᠷ ᠦᠨᠡᠯᠡᠬᠦ᠌᠎ᠶᠢᠨ ᠳᠠᠭᠠᠤ 《ᠵᠣᠬᠢᠶᠠᠭᠴᠢ ᠪᠣᠯ ᠡᠷᠬᠢᠮ ᠳᠡᠭᠡᠲᠦ ᠦᠵᠡᠯ ᠰᠠᠨᠠᠭ᠎ᠠ᠎ᠲᠠᠶ᠂ ᠡᠷᠡᠰ ᠪᠠᠲᠤ᠌ ᠵᠣᠷᠢᠭ ᠢᠲᠡᠭᠡᠯ ᠲᠠᠢ᠂ ᠨᠤᠭᠤᠷᠠᠰᠢ ᠦᠭᠡᠢ ᠲᠡᠮᠡᠴᠡᠭᠴᠢ ᠡᠪ ᠬᠠᠮᠲᠤ᠌ ᠨᠠᠮ᠎ᠤᠨ ᠭᠡᠰᠢᠭᠦᠨ᠂ ᠪᠠᠶᠠᠨᠲᠠᠯ᠎ᠠ᠎ᠶᠢᠨ ᠲᠡᠦᠬᠡᠨ ᠬᠤᠪᠢᠷᠠᠯ᠎ᠤᠨ ᠠᠶᠠᠨ ᠵᠠᠮ᠎ᠳᠤ ᠥᠪᠡᠷ᠎ᠦᠨ ᠬᠢᠨᠢ ᠮᠥᠷ ᠭᠢᠯᠠᠯᠵᠠᠨ᠎ᠠ᠃ ᠲᠡᠭᠦᠨ᠎ᠦ ᠠᠯᠳᠠᠷ ᠭᠡᠷᠡᠯ ᠰᠠᠴᠤᠷᠠᠭᠰᠠᠨ ᠨᠢᠭᠡ ᠨᠠᠰᠤ ᠪᠣᠯ ᠬᠠᠲᠠᠭᠤᠵᠢᠨ ᠲᠡᠮᠡᠴᠡᠭᠰᠡᠨ ᠣᠯᠠᠨ ᠰᠠᠶ᠋ᠢᠬᠠᠨ ᠦᠢᠯᠡ ᠠᠵᠢᠯᠯᠠᠭ᠎ᠠ᠂ ᠴᠠᠭ ᠦᠶ᠎ᠡ᠎ᠶᠢᠨ ᠵᠣᠯᠪᠣᠭ᠎ᠠ ᠰᠠᠴᠤᠷᠠᠭᠰᠠᠨ ᠦᠩᠭᠡ ᠭᠡᠷᠡᠯ᠎ᠢᠶᠡᠷ ᠴᠢᠮᠡᠭᠳᠡᠭᠰᠡᠨ ᠮᠠᠯᠵᠢᠬᠤ ᠣᠷᠣᠨ᠎ᠤ ᠰᠠᠶ᠋ᠢᠨ ᠰᠠᠶ᠋ᠢᠬᠠᠨ᠎ᠤ ᠲᠥᠯᠥᠭᠡ ᠬᠡᠮᠡᠬᠦ᠌ ᠬᠦᠰᠡᠯ ᠪᠢᠯᠬᠠᠭᠰᠠᠨ ᠲᠡᠮᠡᠦᠯᠦᠯ ᠶᠤᠮ》 ᠬᠡᠮᠡᠨ ᠪᠢᠴᠢᠭᠰᠡᠨ ᠪᠢᠯᠡ᠃ ᠨᠣᠮ ᠬᠡᠪᠯᠡᠭᠳᠡᠭᠰᠡᠨᠦ ᠳᠠᠷᠠᠭ᠎ᠠ ᠪᠢ ᠳᠤᠷᠠᠳᠤᠨ ᠰᠠᠨᠠᠭᠠᠴᠢᠯᠠᠵᠤ᠂ ᠬᠣᠯᠪᠣᠭᠳᠠᠬᠤ ᠪᠠᠶ᠋ᠢᠭᠤᠯᠭ᠎ᠠ ᠲᠠᠢ ᠬᠠᠷᠢᠴᠠᠨ᠂ 2011 ᠣᠨ᠎ᠤ11 ᠰᠠᠷ᠎ᠠ᠎ᠶᠢᠨ25 ᠤ᠋ ᠡᠳᠦᠷ ᠥᠪᠥᠷ ᠮᠣᠩᠭᠣᠯ᠎ᠤᠨ ᠪᠠᠭᠰᠢ᠎ᠶᠢᠨ ᠶᠡᠬᠡ ᠰᠤᠷᠭᠠᠭᠤᠯᠢ᠎ᠳᠤ ᠡᠷᠳᠡᠮᠲᠡᠳ᠎ᠢ ᠤᠷᠢᠨ᠂ ᠮᠠᠯᠴᠢᠨ ᠠᠪᠤ᠎ᠶᠢᠨ᠎ᠢᠶᠡᠨ ᠨᠣᠮ᠎ᠤᠨ ᠨᠡᠭᠡᠭᠡᠯᠲᠡ ᠪᠠ ᠡᠷᠳᠡᠮ ᠰᠢᠨᠵᠢᠯᠡᠭᠡᠨ᠎ᠤ ᠬᠤᠷᠠᠯ ᠡᠷᠬᠢᠯᠡᠨ ᠬᠢᠵᠡᠢ᠃ ᠠᠵᠢᠶ᠎ᠠ᠎ᠶᠢᠨ ᠮᠢᠨᠢ ᠨᠣᠮ ᠡᠷᠳᠡᠮᠲᠡᠳ᠎ᠦᠨ ᠦᠨᠡᠯᠡᠭᠡ᠎ᠶᠢ ᠣᠯᠵᠤ᠂ ᠤᠩᠰᠢᠭᠴᠢᠳ ᠤᠨ ᠠᠩᠬᠠᠷᠤᠯ᠎ᠳᠤ ᠣᠷᠣᠭᠰᠠᠨ ᠪᠥᠭᠡᠳ ᠥᠪᠡᠷ ᠤᠨ ᠬᠢᠨᠢ ᠠᠮᠢᠳᠤᠷᠠᠯ ᠦᠢᠯᠡᠰ᠎ᠦᠨ ᠵᠠᠮ᠎ᠳᠠᠬᠢ ᠭᠡᠷᠡᠯᠲᠦ᠍ ᠬᠥᠰᠢᠶ᠎ᠡ ᠪᠣᠯᠣᠭᠰᠠᠨ ᠪᠢᠯᠡ᠃ ᠡᠭᠦᠨ᠎ᠡᠴᠡ ᠰᠡᠭᠦᠯᠡᠷ ᠠᠵᠢᠶ᠎ᠠ ᠮᠢᠨᠢ ᠲᠥᠪ᠎ᠦᠨ ᠦᠨᠳᠦᠰᠦᠲᠡᠨ᠎ᠦ ᠬᠡᠷᠡᠭ ᠡᠷᠬᠢᠯᠡᠬᠦ ᠵᠥᠪᠯᠡᠯ᠂ ᠥᠪᠥᠷ ᠮᠣᠩᠭᠣᠯ᠎ᠤᠨ ᠶᠡᠬᠡ ᠰᠤᠷᠭᠠᠭᠤᠯᠢ᠂ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ ᠵᠡᠷᠭᠡ ᠪᠠᠶ᠋ᠢᠭᠤᠯᠭ᠎ᠠ᠎ᠳᠤ ᠤᠷᠢᠭᠳᠠᠨ᠂ ᠮᠠᠯᠵᠢᠬᠤ ᠣᠷᠣᠨ᠎ᠤ ᠠᠵᠤ ᠠᠬᠤᠢ᠎ᠶᠢᠨ ᠥᠭᠡᠷᠡᠴᠢᠯᠡᠯᠲᠡ᠎ᠶᠢᠨ ᠲᠤᠬᠠᠢ ᠣᠯᠠᠨ ᠤᠳᠠᠭ᠎ᠠ ᠶᠠᠷᠢᠶ᠎ᠠ ᠬᠢᠭᠰᠡᠨ ᠪᠥᠭᠡᠳ ᠰᠤᠳᠤᠯᠤᠨ ᠰᠢᠨᠵᠢᠯᠡᠬᠦ᠌ ᠠᠵᠢᠯ᠎ᠢᠶᠠᠨ ᠦᠷᠭᠦᠯᠵᠢᠯᠡᠭᠦᠯᠵᠦ᠍ 《ᠰᠥᠨᠢᠳ ᠵᠡᠭᠦᠨ ᠬᠣᠰᠢᠭᠤᠨ᠎ᠤ ᠬᠥᠳᠡᠭᠡ ᠠᠵᠤ ᠠᠬᠤᠢ᠎ᠶᠢᠨ ᠳᠠᠯᠠᠨ ᠵᠢᠯ》 ᠭᠡᠬᠦ᠌ ᠨᠣᠮ᠎ᠤᠨ ᠴᠢᠬᠤᠯᠠ ᠬᠡᠰᠡᠭ ᠢ ᠪᠢᠴᠢᠭᠰᠡᠨ ᠪᠠᠢᠭ᠎ᠠ᠃ ᠣᠳᠣ ᠴᠤ᠌ ᠣᠷᠣᠨ ᠨᠤᠲᠤᠭ᠎ᠤᠨ ᠰᠣᠶᠣᠯ ᠲᠡᠦᠬᠡ᠂ ᠨᠤᠲᠤᠭ᠎ᠤᠨ ᠠᠷᠠᠳ᠎ᠤᠨ 《ᠭᠡᠷ᠎ᠦᠨ ᠤᠭ᠎ᠤᠨ ᠪᠢᠴᠢᠭ》 ᠵᠡᠷᠭᠡ᠎ᠶᠢ ᠨᠠᠶ᠋ᠢᠷᠠᠭᠤᠯᠤᠨ ᠪᠢᠴᠢᠬᠦ᠌ ᠠᠵᠢᠯ᠎ᠳᠤ ᠰᠢᠮᠳᠠᠵᠤ ᠪᠤᠢ᠃
ᠮᠣᠩᠭᠣᠯ᠂ ᠬᠢᠲᠠᠳ ᠪᠢᠴᠢᠭ᠎ᠢ ᠥᠪᠡᠷ᠎ᠢᠶᠡᠨ ᠰᠤᠷᠤᠭᠰᠠᠨ ᠪᠠᠶ᠋ᠢᠵᠤ᠂ ᠨᠠᠶᠠᠨ ᠲᠠᠪᠤᠨ ᠨᠠᠰᠤᠨ᠎ᠤ ᠥᠨᠳᠥᠷ ᠳᠠᠪᠠᠭ᠎ᠠ ᠥᠭᠰᠥᠵᠦ᠍ ᠶᠠᠪᠤᠭ᠎ᠠ ᠮᠠᠯᠴᠢᠨ ᠠᠪᠤ᠎ᠶᠢᠨ ᠮᠢᠨᠢ ᠪᠤᠰᠤᠳ᠎ᠤᠨ ᠲᠥᠯᠥᠭᠡ ᠵᠢᠳᠬᠦᠳᠡᠭ ᠥᠭᠭᠢᠶᠡᠮᠦᠷ ᠰᠡᠳᠬᠢᠯ᠂ ᠰᠢᠨᠲᠠᠷᠠᠰᠢ ᠦᠭᠡᠢ ᠵᠣᠷᠢᠭ ᠰᠠᠨᠠᠭ᠎ᠠ ᠨᠢ ᠦᠷ᠎ᠡ ᠬᠡᠦᠬᠡᠳ ᠪᠢᠳᠠᠨ᠎ᠤ ᠪᠠᠨ ᠢᠲᠡᠭᠡᠯ ᠵᠣᠷᠢᠭ᠎ᠢ ᠬᠥᠪᠴᠢᠯᠡᠭᠰᠡᠭᠡᠷ ᠪᠠᠶ᠋ᠢᠨ᠎ᠠ᠃
ᠠᠵᠢᠶ᠎ᠠ ᠮᠢᠨᠢ ᠦᠷ᠎ᠡ ᠬᠡᠦᠬᠡᠳ᠎ᠲᠡᠬᠡᠨ ᠤᠷᠲᠤ᠌ ᠨᠠᠰᠤᠯᠠᠵᠤ᠂ ᠤᠳᠠᠭᠠᠨ ᠵᠢᠷᠭᠠᠵᠤ ᠬᠠᠶ᠋ᠢᠷᠠᠯᠠᠭᠠᠷᠠᠢ!