ᠲᠤᠭ᠍ᠯᠢ᠎ᠶ᠋ᠢᠨ ᠴᠡᠩᠬᠡᠷ ᠠᠶᠠᠯᠭᠤ
2026-06-17 10:54:49
ᠵᠣᠬᠢᠶᠠᠭ᠍ᠴᠢ᠄
ᠨᠠᠶᠠᠨᠲᠠᠢ
ᠣᠩᠱᠢᠭ᠍ᠰᠠᠨ ᠣᠳᠠᠭ᠎ᠠ᠄
★★★☆☆

ᠱᠠᠨᠰᠠᠨ᠎ᠤ ᠲᠤᠩᠭᠠᠯᠠᠭ ᠠᠶᠠᠯᠭᠤᠨ᠎ᠳᠤ ᠰᠤᠭ᠍ᠳᠤᠨ

ᠱᠠᠭᠠᠵᠠᠩᠲᠤ᠎ᠶ᠋ᠢᠨ ᠪᠦᠭᠡᠷᠡᠭ ᠨᠠᠮᠢᠯᠵᠠᠬᠤ᠎ᠳᠤ

ᠱᠢᠷᠡᠭᠡ ᠠᠳᠠᠨ᠎ᠤ ᠪᠠᠨ ᠵᠤᠭ᠍ᠳᠤᠷ ᠬᠠᠶᠠᠯᠠᠭᠤᠯᠤᠨ

ᠵᠦᠭᠡᠯᠡᠨ ᠠᠯᠬᠤᠭᠤᠯᠤᠭ᠍ᠰᠠᠭᠠᠷ




ᠭᠤᠪᠢ᠎ᠶ᠋ᠢᠨ ᠲᠤᠷᠭᠠᠨ ᠠᠶᠠᠯᠭᠤ ᠰᠠᠮᠨᠠᠨ

ᠭᠤᠪᠱᠢᠶ᠎ᠠ ᠰᠠᠯᠬᠢ ᠰᠡᠪᠢᠯᠵᠡᠬᠦ᠌᠎ᠳᠤ

ᠭᠤᠯᠤᠩᠬᠠᠢ ᠪᠤᠷᠤ᠎ᠪᠠᠨ ᠬᠠᠷᠠᠭᠤᠯᠳᠠᠨ

ᠬᠦᠭᠡᠷᠦᠬᠦᠢ ᠠᠪᠤ ᠮᠢᠨᠢ ᠲᠤᠷᠮᠤᠢᠭ᠍ᠰᠠᠭᠠᠷ




ᠡᠷᠳᠡᠨᠢ᠎ᠶ᠋ᠢᠨ ᠵᠤᠰᠤᠨ ᠠᠶᠠᠯᠭᠤ ᠢᠳᠠᠮᠯᠠᠨ

ᠡᠷᠳᠡ ᠪᠤᠴᠠᠭ᠍ᠰᠠᠨ ᠱᠢᠪᠠᠭᠤᠳ ᠵᠡᠯᠡᠯᠡᠬᠦ᠌᠎ᠳᠤ

ᠪᠠᠨᠳᠠᠭᠠᠷ ᠬᠦᠷᠡᠩ᠎ᠢᠶᠠᠨ ᠬᠤᠮ ᠰᠠᠭᠤᠭ᠍ᠰᠠᠨ᠎ᠢ᠎ᠨᠢ ᠬᠠᠷᠠᠭᠠᠳ

ᠪᠠᠶᠠᠷᠯᠠᠨ ᠲᠤᠭ᠍ᠳᠤᠯᠤᠭ᠍ᠰᠠᠭᠠᠷ

ᠵᠠᠭ᠎ᠤᠨ ᠨᠤᠮᠢᠨ ᠠᠶᠠᠯᠭᠤ ᠰᠡᠮᠡᠯᠡᠨ

ᠤᠯᠴᠤᠨ ᠰᠠᠷᠠ ᠮᠢᠱᠢᠶᠡᠬᠦ᠌᠎ᠳᠤ

ᠦᠨᠢᠷ ᠤᠯᠠᠨ ᠪᠤᠲᠤᠭᠤ᠎ᠪᠠᠨ ᠲᠤᠰᠴᠤ᠌

ᠤᠶᠠᠭ᠎ᠠ ᠨᠤᠭ᠍ᠲᠤ᠎ᠪᠠᠨ ᠰᠡᠯᠪᠢᠭ᠌ᠰᠡᠭᠡᠷ




ᠨᠡᠭᠦᠳᠡᠯ᠎ᠤᠨ ᠱᠢᠷᠭᠠᠯ ᠠᠶᠠᠯᠭᠤ ᠲᠤᠪᠱᠢᠨ

ᠨᠡᠭᠦᠳᠡᠯᠯᠡᠬᠦ ᠡᠭᠦᠯᠡᠰ ᠴᠠᠮᠨᠠᠬᠤ᠎ᠳᠤ

ᠬᠦᠭ᠌ᠰᠢᠨ ᠤᠯᠠᠭᠠᠨ᠎ᠢᠶᠠᠨ ᠤᠰᠤᠭᠤᠴᠢᠬᠠᠬᠤ ᠪᠤᠢ ᠭᠡᠳ

ᠬᠦᠳᠦᠰᠦᠨ ᠨᠡᠮᠨᠡᠭᠡ᠎ᠪᠠᠨ ᠬᠠᠳᠠᠭᠠᠯᠠᠭ᠍ᠰᠠᠭᠠᠷ




ᠵᠠᠳᠠᠭᠠᠢ ᠰᠤᠮᠤᠨ ᠠᠶᠠᠯᠭᠤ ᠦᠶᠡᠯᠵᠡᠨ

ᠵᠡᠷᠭᠡᠯᠭᠡ ᠲᠤᠭᠤᠴᠢᠨ ᠲᠦᠡᠭ᠌ᠭᠢᠨᠡᠬᠦ᠌᠎ᠳᠤ

ᠬᠦᠷᠡᠩ ᠪᠤᠤᠷ᠎ᠠ᠎ᠪᠠᠨ ᠠᠷᠢᠭᠤᠯᠠᠵᠤ

ᠭᠡᠭᠡᠷᠡᠭᠦᠯᠥᠨ ᠲᠤᠮᠤᠭᠤᠯᠤᠭ᠍ᠰᠠᠭᠠᠷ

ᠰᠦᠨ ᠴᠠᠭᠠᠨ ᠠᠶᠠᠯᠭᠤ ᠰᠡᠷᠵᠢᠮᠯᠡᠨ

ᠵᠤᠵᠠᠭᠠᠨ ᠪᠤᠶᠠᠨᠲᠤ ᠨᠤᠲᠤᠭ᠎ᠲᠠᠭᠠᠨ

ᠴᠠᠭᠠᠨ ᠱᠢᠬᠢᠷᠡᠳᠦ᠍᠎ᠪᠠᠨ ᠦᠮᠴᠢᠯᠡᠵᠤ

ᠡᠩᠬᠦᠷᠡᠢᠯᠡᠨ ᠬᠠᠢᠷᠠᠯᠠᠭ᠍ᠰᠠᠭᠠᠷ ᠯᠠ ᠶᠠᠪᠤᠭ᠎ᠠ




ᠲᠤᠭ᠍ᠯᠢ᠎ᠶ᠋ᠢᠨ ᠴᠡᠩᠬᠡᠷ ᠠᠶᠠᠯᠭᠤ

ᠨᠠᠮᠢᠷᠠᠭ᠍ᠰᠠᠭᠠᠷ ᠯᠠ ᠪᠠᠢᠭ᠎ᠠ

ᠲᠤᠤᠯᠢ᠎ᠶ᠋ᠢᠨ ᠴᠡᠩᠬᠡᠷ ᠦᠨᠳᠦᠷ᠎ᠢᠶᠠᠷ

ᠤᠶᠠᠩᠭᠠᠷᠠᠭ᠍ᠰᠠᠭᠠᠷ ᠯᠠ ᠪᠠᠢᠭ᠎ᠠ




ᠲᠤᠭ᠍ᠯᠢ᠎ᠶ᠋ᠢᠨ ᠭᠡᠭᠡᠨ ᠤᠷᠤᠱᠢᠬᠤᠢ

ᠬᠠᠱᠢᠷ ᠲᠤᠬᠢ ᠲᠡᠮᠡᠭᠡᠴᠢᠨ

ᠲᠤᠩ ᠴᠤ᠌ ᠨᠢᠮᠪᠠᠢ ᠬᠦᠮᠦᠨ ᠶᠤᠮ ᠡ

ᠲᠤᠭ᠍ᠯᠢ᠎ᠶ᠋ᠢᠨ ᠴᠡᠩᠬᠡᠷ ᠠᠶᠠᠯᠭᠤ — ᠠᠪᠤ ᠮᠢᠨᠢ ᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号