ᠠᠪᠤ᠎ᠳᠠᠭᠠᠨ
2026-06-17 10:51:14
ᠵᠣᠬᠢᠶᠠᠭ᠍ᠴᠢ᠄
ᠲᠤᠯᠬᠢᠶᠠᠨ
ᠣᠩᠱᠢᠭ᠍ᠰᠠᠨ ᠣᠳᠠᠭ᠎ᠠ᠄
★★★☆☆

ᠠᠮᠢᠳᠤᠷᠠᠯ᠎ᠤᠨ ᠨᠤᠶᠠᠨ ᠨᠢᠷᠤᠭᠤ᠂ ᠠᠭ᠍ᠯᠠᠭ ᠠᠭᠤᠯᠠᠨ᠎ᠤ ᠪᠦᠳᠦᠭᠦᠨ ᠬᠠᠢᠯᠠᠰᠤ ᠱᠢᠭ᠋

ᠠᠳᠠᠷᠠᠭᠠᠳᠤ ᠬᠤᠷᠸ᠎ᠠ᠎ᠶ᠋ᠢᠨ ᠰᠠᠯᠬᠢ ᠪᠤᠷᠤᠭᠠᠨ᠎ᠢ ᠠᠵᠢᠭ ᠦᠬᠡᠢ ᠦᠩᠭᠡᠷᠡᠬᠦᠯᠦᠭ᠌ᠰᠡᠨ ᠠᠪᠤ ᠮᠢᠨᠢ

ᠠᠷᠪᠠᠨ ᠬᠤᠶᠠᠷᠳᠠᠢ᠎ᠳᠠᠭᠠᠨ ᠠᠪᠤ᠎ᠪᠠᠨ ᠠᠯᠳᠠᠭ᠍ᠰᠠᠨ ᠦᠨᠦᠴᠢᠨ ᠵᠢᠷᠦᠬᠡᠨ᠎ᠤ ᠬᠢᠨᠢ ᠱᠢᠷᠬᠠᠯᠠᠯ

ᠤᠷᠳᠤ᠎ᠶ᠋ᠢᠨ ᠤᠷᠳᠤ ᠠᠮᠢᠳᠤᠷᠠᠯ᠎ᠤᠨ ᠠᠶᠠᠨ᠎ᠳᠠᠭᠠᠨ ᠰᠢᠨᠳᠠᠰᠤ ᠲᠠᠢ ᠶᠠᠪᠤᠭᠰᠠᠨ ᠠᠪᠤ ᠮᠢᠨᠢ

ᠡᠵᠢ ᠵᠢ ᠪᠡᠨ ᠤᠷᠳᠤ ᠨᠠᠰᠤᠯᠠᠭᠤᠯᠵᠤ᠂ ᠤᠳᠠᠭᠠᠨ ᠵᠢᠷᠭᠠᠭᠤᠯᠤᠭ᠍ᠰᠠᠨ ᠠᠪᠤ᠎ᠳᠤ ᠮᠢᠨᠢ

ᠡᠩ ᠲᠡᠯᠡᠬᠡᠢ ᠭᠡᠵᠢᠶᠡᠳᠡ ᠠᠮᠤᠭᠤᠯᠠᠩ ᠲᠦᠷᠬᠦ᠌᠎ᠲᠠᠢ ᠪᠠᠢᠬᠤ

ᠬᠠᠳᠠᠭᠤ ᠪᠡᠷᠭᠡ ᠡᠳᠦᠷ᠎ᠤᠳ᠎ᠢ ᠡᠯᠡᠰᠦᠨ᠎ᠤ ᠲᠡᠮᠡᠭᠡ ᠱᠢᠭ ᠲᠤᠭᠤᠯᠤᠭ᠍ᠰᠠᠨ ᠠᠪᠤ᠎ᠳᠤ ᠮᠢᠨᠢ

ᠬᠠᠯᠠᠭᠤᠨ ᠬᠦᠢᠳᠡᠨ᠎ᠳᠤ ᠦᠯᠴᠢᠷ ᠲᠡᠰᠪᠦᠷᠢᠳᠡᠢ ᠪᠠᠢᠬᠤ ᠱᠢᠨᠳᠠᠰᠤ ᠴᠢᠩᠭ᠎ᠠ

ᠬᠡᠳᠦᠨ ᠬᠡᠦᠬᠡᠳ᠎ᠢᠶᠠᠨ ᠬᠦᠮᠦᠨ᠎ᠤ ᠵᠡᠷᠭᠡ᠎ᠳᠤ ᠬᠦᠷᠭᠡᠭ᠌ᠰᠡᠨ

ᠬᠦᠳᠡᠭᠡ ᠨᠤᠳᠤᠭ᠎ᠲᠠᠭᠠᠨ ᠨᠠᠰᠤ᠎ᠪᠠᠨ ᠵᠤᠷᠢᠭᠤᠯᠤᠭ᠍ᠰᠠᠨ ᠠᠪᠤ ᠮᠢᠨᠢ

ᠬᠡᠳᠦᠨ ᠦᠶ᠎ᠡ᠎ᠪᠠᠷ᠎ᠢᠶᠠᠨ ᠱᠢᠳᠤᠷᠭᠤ ᠶᠠᠪᠤᠭ᠍ᠰᠠᠨ ᠲᠤᠤᠯᠢ᠎ᠶ᠋ᠢ ᠬᠠᠢᠯᠠᠵᠤ

ᠬᠤᠷᠤᠬᠠᠢ᠎ᠳᠤ ᠴᠦ᠍ ᠬᠤᠤᠷ ᠦᠬᠡᠢ ᠦᠷᠦᠪᠴᠢᠭᠡᠨ ᠰᠡᠳᠭᠢᠯᠳᠦ ᠠᠪᠤ ᠮᠢᠨᠢ

ᠲᠠᠷᠢᠶ᠎ᠠ ᠮᠠᠯ ᠬᠤᠶᠠᠷ᠎ᠲᠤ ᠬᠤᠢᠰᠢ ᠦᠬᠡᠢ ᠵᠢᠳᠭᠦᠵᠦ᠍

ᠲᠠᠷ ᠴᠢᠳᠠᠯ᠎ᠤᠨ ᠲᠡᠩᠭᠡᠭᠡ᠎ᠪᠠᠷ ᠠᠮᠢᠳᠤᠷᠠᠯ᠎ᠢᠶᠠᠨ ᠦᠭᠡᠳᠡ ᠲᠠᠳᠠᠭ᠍ᠰᠠᠨ

ᠲᠠᠪᠤᠨ ᠰᠠᠢᠲᠠᠢ ᠡᠷᠦᠬᠡ᠎ᠪᠠᠷ ᠵᠢᠯ ᠪᠦᠷᠢ ᠰᠤᠩᠭᠤᠭ᠍ᠳᠠᠵᠦ᠍

ᠲᠠᠯ᠎ᠠ᠎ᠶ᠋ᠢᠨ ᠮᠤᠩᠭᠤᠯ ᠠᠢᠯ᠎ᠳᠠᠭᠠᠨ ᠬᠦᠨᠳᠦᠳᠭᠡᠯᠳᠡᠢ ᠶᠠᠪᠤᠭ᠍ᠰᠠᠨ

ᠡᠷᠳᠡᠮ ᠰᠤᠶᠤᠯ᠎ᠤᠨ ᠦᠨ᠎ᠡ ᠦᠷᠳᠡᠭ᠎ᠢ ᠠᠯᠢ ᠡᠷᠳᠡ ᠲᠠᠨᠢᠵᠦ᠍

ᠦᠷ᠎ᠡ ᠬᠡᠦᠬᠡᠳ᠎ᠢᠶᠠᠨ ᠰᠤᠶᠤᠯᠵᠢᠯ᠎ᠤᠨ ᠵᠠᠮ᠎ᠢᠶᠠᠷ ᠵᠠᠮᠨᠠᠭᠤᠯᠤᠭ᠍ᠰᠠᠨ

ᠡᠷᠳᠡᠨᠢᠳᠦ ᠬᠦᠮᠦᠨ᠎ᠤ ᠦᠢᠯᠡ᠎ᠪᠠᠷ ᠡᠷᠦᠬᠡ ᠭᠡᠷ᠎ᠢᠶᠠᠨ ᠲᠤᠳᠤᠮᠳᠠᠵᠦ᠍

ᠦᠨᠡᠨᠴᠢ ᠵᠢᠷᠤᠮ᠎ᠢ ᠤᠷᠤᠢ᠎ᠶ᠋ᠢᠨ ᠴᠢᠮᠡᠭ ᠪᠤᠯᠭᠠᠵᠦ᠍ ᠬᠢᠴᠢᠶᠡᠩᠭᠦᠢᠯᠡᠭ᠌ᠰᠡᠨ

ᠠᠷᠤ᠎ᠶ᠋ᠢᠨ ᠠᠭᠤᠯᠠ᠎ᠶ᠋ᠢᠨ ᠤᠷᠤᠢ ᠨᠢᠮᠭᠡᠭᠡᠨ ᠴᠠᠰᠤᠨ᠎ᠳᠤ ᠲᠠᠷᠤᠭ᠍ᠳᠠᠯ᠎ᠠ

ᠠᠴᠢᠳᠤ ᠠᠪᠤ᠎ᠶ᠋ᠢᠨ ᠬᠠᠯᠢᠮᠠᠭ ᠱᠢᠨᠡ᠎ᠠᠴᠠ᠎ᠪᠠᠨ ᠡᠬᠢᠯᠡᠨ ᠪᠤᠭᠤᠷᠤᠯᠳᠤᠯ᠎ᠠ

ᠪᠠᠷᠠᠭᠤᠨ ᠭᠤᠤᠯ᠎ᠤᠨ ᠤᠰᠤ ᠬᠡᠪᠡᠯᠢ᠎ᠠᠴᠠ᠎ᠪᠠᠨ ᠱᠢᠯᠢᠷᠡᠵᠦ᠍ ᠲᠠᠳᠠᠷᠠᠯ᠎ᠠ

ᠪᠤᠷᠤᠬᠠᠨ ᠡᠨᠡᠷᠢᠩᠭᠦᠢ ᠨᠢᠭᠤᠷ᠎ᠲᠤᠨᠢ ᠦᠷᠴᠢᠯᠡᠭᠡ ᠬᠤᠨᠢᠶᠠᠰᠤ ᠲᠦᠭᠦᠷᠡᠯ᠎ᠡ

ᠠᠪᠤ᠎ᠲᠠᠢ᠎ᠪᠠᠨ ᠬᠠᠮᠳᠤ ᠪᠠᠢᠬᠤ᠎ᠳᠤ ᠠᠯᠤᠰ᠎ᠤᠨ ᠲᠠᠪᠠᠭ᠎ᠠ ᠨᠠᠮᠬᠠᠨ ᠰᠠᠨᠠᠭ᠍ᠳᠠᠳᠠᠭ

ᠠᠪᠤ᠎ᠲᠠᠢ᠎ᠪᠠᠨ ᠬᠠᠮᠳᠤ ᠪᠠᠢᠬᠤ᠎ᠳᠤ ᠠᠮᠢᠳᠤᠷᠠᠯ᠎ᠤᠨ ᠨᠠᠷᠠ ᠬᠡᠵᠢᠶᠡᠳᠡ ᠲᠤᠩᠭᠠᠯᠠᠭ ᠪᠠᠢᠳᠠᠭ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号