ᠨᠤᠳᠤᠭ᠎ᠤᠨ ᠮᠢᠨᠢ ᠡᠭᠦᠯᠡᠰ
2026-06-10 16:16:52
ᠵᠣᠬᠢᠶᠠᠭ᠍ᠴᠢ᠄
ᠵᠠᠩ ᠭᠦᠸᠸ ᠱᠸᠩ
ᠣᠩᠱᠢᠭ᠍ᠰᠠᠨ ᠣᠳᠠᠭ᠎ᠠ᠄
★★★☆☆

ᠬᠥᠬᠡ ᠴᠡᠩᠬᠡᠷ ᠤᠭᠳᠠᠷᠭᠤᠢ᠂ ᠬᠦᠪᠦᠩ ᠴᠠᠭᠠᠨ‌ᠡᠭᠦᠯᠡᠰ ᠮᠢᠨᠢ ᠡ! 

ᠬᠥᠪᠡᠭᠡ ᠵᠠᠬ᠎ᠠ ᠨᠢ ᠬᠠᠷᠠᠭᠳᠠᠬᠤ ᠦᠭᠡᠢ ᠨᠠᠯᠠᠭᠠᠷ ᠶᠡᠬᠡ ᠲᠡᠭᠷᠢ ᠡ! 

ᠬᠦᠷᠤᠰᠤᠳᠤ ᠲᠡᠯᠡᠬᠡᠢ᠎ᠶᠢᠨ ᠭᠠᠩᠭᠠᠩ ᠰᠠᠶ᠋ᠢᠬᠠᠨ ᠴᠠᠭ ᠤᠯᠠᠷᠢᠯ᠎ᠳᠤ 

ᠬᠣᠯᠠ᠎ᠶᠢᠨ ᠬᠣᠯᠠ ᠡᠴᠠ᠂ ᠦᠨᠳᠤᠷ᠎ᠤᠨ ᠦᠨᠳᠤᠷ᠎ᠲᠤ᠌ ᠮᠡᠯᠴᠡᠶ᠋ᠢᠨ᠎ᠡ᠃ 

ᠠᠷᠴᠢᠭᠰᠠᠨ ᠲᠣᠯᠢ ᠰᠢᠭ᠋ ᠪᠣᠯᠣᠷ ᠲᠤᠩᠭᠠᠯᠠᠭ ᠤᠰᠤᠨ ᠮᠡᠳᠦ 

ᠠᠷᠢᠭᠤᠨ ᠷᠠᠰᠢᠶᠠᠨ᠎ᠢᠶᠠᠷ ᠰᠢᠪᠰᠢᠭᠰᠡᠨ ᠴᠡᠪᠡᠷ ᠴᠡᠮᠴᠡᠭᠡᠷ ᠦᠩᠭᠡ ᠡ! 


ᠴᠡᠯ ᠵᠠᠯᠠᠭᠤ ᠨᠠᠰᠤᠨ᠎ᠳᠤ᠎ᠪᠠᠨ‌ᠤᠮᠤᠭᠯᠠᠩ ᠲᠤᠯᠭᠢᠨ‌ ᠪᠠᠢ᠌ᠵᠤ ᠪᠠᠶ᠋ᠢᠯ᠎ᠠ 

ᠴᠡᠩᠬᠡᠷ ᠤᠭᠳᠠᠷᠭᠤᠢ ᠰᠢᠭ᠋᠎ᠢᠶᠡᠨ ᠭᠡᠪ ᠭᠡᠭᠡᠬᠡᠨ ᠶᠠᠪᠤᠵᠤ ᠢᠷᠡᠯ᠎ᠡ᠃ 

ᠲᠡᠭᠡᠭᠰᠢ᠎ᠪᠡᠨ ᠬᠠᠷᠠᠬᠤ᠎ᠳᠤ ᠠᠭᠠᠷ ᠴᠡᠯᠮᠡᠶ᠋ᠢᠨ᠎ᠡ 

ᠲᠡᠷᠭᠡᠳᠡ᠎ᠡᠴᠡ ᠨᠢ ᠰᠠᠯᠬᠤ᠎ᠳᠤ ᠰᠡᠳᠬᠢᠯ ᠠᠷᠭᠠᠮᠵᠢᠭᠳᠠᠨ᠎ᠠ᠃ 

ᠲᠠᠩᠳᠠ ᠳᠡᠭᠡᠳᠦᠯᠡᠭᠳᠡᠨ ᠪᠠᠶ᠋ᠢᠳᠠᠭ ᠦᠨᠳᠤᠷ ᠲᠡᠭᠷᠢ 

ᠲᠡᠩᠴᠤ᠌ ᠶᠡᠬᠡ ᠰᠠᠨᠠᠭᠳᠠᠬᠤ ᠬᠠᠶ᠋ᠢᠷ᠎ᠠ᠎ᠶᠢᠨ ᠳᠡᠭᠡᠵᠢ ᠡ᠃ 


ᠣᠷᠣᠢ ᠲᠡᠭᠡᠷ᠎ᠡ᠎ᠡᠴᠡ ᠲᠡᠳᠬᠦᠳᠡᠭ ᠬᠥᠬᠡ ᠴᠡᠩᠬᠡᠷ ᠲᠡᠭᠷᠢ᠎ᠳᠦ᠎ᠪᠠᠨ ᠰᠦᠰᠦᠭᠯᠡᠨ᠎ᠡ 

ᠤᠭᠳᠠᠷᠭᠤᠢ᠎ᠶᠢᠨ ᠮᠠᠨᠳᠠᠯ᠎ᠠᠴᠠ ᠢᠪᠡᠭᠡᠳᠡᠭ ᠬᠦᠪᠦᠩ ᠴᠠᠭᠠᠨ ᠡᠭᠦᠯᠡᠰ᠎ᠢᠶᠠᠨ ᠲᠡᠭᠡᠳᠤᠯᠡᠨ᠎ᠡ 

ᠰᠠᠨᠰᠠᠷ ᠤᠷᠴᠢᠯᠠᠩ᠎ᠤᠨ ᠠᠭᠤᠵᠢᠮ ᠵᠠᠢ᠎ᠪᠠᠷ ᠵᠤᠭᠠᠯᠠᠨ ᠶᠠᠪᠤᠵᠤ 

ᠰᠠᠨᠠᠭᠠᠨ ᠲᠠᠪᠠ᠎ᠪᠠᠷ᠎ᠢᠶᠠᠨ ᠨᠡᠭᠦᠵᠤ ᠰᠠᠭᠤᠬᠤ ᠡᠷᠬᠡ ᠲᠠᠢ ᠪᠢᠯᠡ᠂ ᠡᠭᠦᠯᠡᠰ ᠮᠢᠨᠢ᠃ 

ᠰᠠᠯᠬᠢᠨ᠎ᠤ ᠠᠶ᠎ᠠ᠎ᠪᠠᠷ ᠡᠪᠬᠡᠷᠡᠨ ᠬᠤᠶ᠋ᠢᠯᠠᠷᠠᠨ ᠲᠣᠯᠣᠭᠠᠶ᠋ᠢᠯᠠᠵᠤ 

ᠰᠠᠶ᠋ᠢᠬᠠᠨ ᠬᠤᠷᠸ᠎ᠠ᠎ᠶᠢᠨ ᠠᠮᠢᠯᠠᠯ ᠎ᠢ ᠬᠠᠮᠤᠭ ᠦᠨᠳᠤᠷ᠎ᠠᠴᠠ ᠬᠠᠶ᠋ᠢᠷᠠᠯᠠᠨ᠎ᠠ᠂ ᠡᠭᠦᠯᠡᠰ ᠮᠢᠨᠢ᠃ 


ᠤᠭᠠᠯᠵᠠ ᠤᠷᠠᠯᠠᠬᠤ ᠨᠤᠳᠤᠭ᠎ᠤᠨ ᠮᠢᠨᠢ ᠴᠠᠭᠠᠨ ᠡᠭᠦᠯᠡᠰ 

ᠤᠷᠠᠨ ᠨᠤᠭᠤᠷᠠᠯ᠎ᠤᠨ ᠪᠥᠵᠢᠭ᠎ᠦᠨ ᠳᠠᠭᠢᠨᠢ ᠭᠡᠮᠡᠷ ᠡ! 

ᠡᠷᠬᠡ ᠴᠢᠯᠤᠭᠡᠨ᠎ᠤ ᠪᠡᠶᠡᠯᠡᠭᠡ ᠪᠡᠶᠡᠯᠡᠵᠤ ᠬᠠᠷᠠᠭᠳᠠᠬᠤ ᠨᠢ 

ᠡᠭᠡᠨᠡᠭᠳᠡ ᠠᠷᠢᠭᠤᠨ‌ᠰᠡᠳᠬᠢᠯ᠎ᠤᠨ ᠪᠦᠷᠢᠯᠸ᠎ᠠ ᠭᠡᠮᠡᠷ ᠡ! 


ᠤᠨᠠᠭᠰᠠᠨ ᠨᠤᠳᠤᠭ᠎ᠤᠨ᠎ᠢᠶᠠᠨ ᠲᠡᠭᠷᠢ᠎ᠶᠢ ᠭᠠᠪ ᠭᠠᠭᠴᠠᠭᠠᠷᠬᠠᠨ ᠰᠢᠷᠳᠡᠵᠤ 

ᠠᠭᠤᠰᠬᠢ ᠵᠢᠷᠤᠬᠡᠨ᠎ᠤ᠎ᠪᠠᠨ ᠮᠦᠷᠤᠭᠡᠳᠤᠯ᠎ᠢᠶᠠᠷ ᠮᠦᠩᠭᠦᠨ ᠬᠠᠵᠠᠭᠠᠷ ᠵᠠᠩᠭᠢᠳᠴᠤ 

ᠤᠤᠭᠠᠯ ᠨᠤᠳᠤᠭ᠎ᠤᠨ᠎ᠢᠶᠠᠨ ᠡᠭᠦᠯᠡᠰ᠎ᠢ ᠨᠤᠭᠳᠤᠯᠠᠵᠤ ᠠᠪᠤᠭᠠᠳ 

ᠤᠭᠳᠠᠷᠭᠤᠢ᠎ᠶᠢᠨ ᠭᠦᠨ᠎ᠢᠶᠡᠷ ᠰᠠᠯᠬᠢ ᠬᠦᠯᠤᠭ᠌ᠯᠡᠨ ᠴᠣᠭ᠎ᠲᠤ᠎ᠪᠠᠨ ᠠᠶᠠᠯᠠᠮᠠᠷ ᠪᠠᠶ᠋ᠢᠨ᠎ᠠ᠃

ᠣᠷᠴᠢᠭᠤᠯᠤᠭ᠍ᠴᠢ᠄ᠤᠶᠠᠩᠭ᠎ᠠ
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号