ᠰᠡᠪᠱᠢᠶ᠎ᠡ ᠲᠣᠷᠭᠠᠨ ᠠᠶᠠᠯᠭᠤ ᠠᠯᠲᠠᠨ ᠬᠢᠯᠭᠠᠨ᠎ᠠ᠎ᠶ᠋ᠢᠨ ᠨᠠᠮᠠᠭ᠎ᠠ ᠴᠢᠪᠬᠠᠳᠠᠬᠤ᠎ᠳᠤ
ᠰᠦᠷᠯᠢᠭ ᠠᠯᠳᠠᠢ᠎ᠶ᠋ᠢᠨ ᠪᠠᠯ
ᠰᠦᠷᠦᠭ ᠠᠳᠤᠭᠤᠳ᠎ᠤᠨ ᠲᠤᠷᠭᠢᠯᠳᠠᠪᠠᠷ
ᠰᠡᠪᠰᠡᠭᠡᠷ ᠴᠠᠰᠤ᠎ᠪᠠᠨ ᠰᠡᠮᠡᠯᠡᠨ᠂ ᠰᠦ ᠱᠢᠭ ᠬᠠᠢᠯᠵᠤ ᠪᠠᠢᠭ᠎ᠠ ᠪᠠᠢᠬᠤ ᠳ᠋ᠠ
ᠰᠠᠢᠬᠠᠨ ᠠᠪᠤ᠎ᠶ᠋ᠢᠨ ᠭᠠᠭ᠍ᠴᠠ ᠨᠢᠳᠦᠨ ᠲᠤᠷᠠᠨ᠎ᠳᠤ
ᠰᠦᠮᠡᠨ ᠰᠦᠮᠡᠨ ᠠᠯᠤᠰ ᠨᠠᠳᠠ᠎ᠲᠠᠢ ᠵᠡᠷᠭᠡᠴᠡᠵᠦ᠍ ᠢᠷᠡᠭᠡᠳ
ᠰᠦᠭ᠎ᠲᠠᠢ ᠴᠠᠬᠢᠭᠤᠷᠢᠨᠢ ᠴᠠᠬᠢᠵᠤ
ᠱᠢᠯᠪᠢ᠎ᠲᠠᠢ ᠭᠠᠩᠰᠠᠶ᠋ᠢᠨᠢ ᠠᠰᠠᠭᠠᠨ ᠠᠴᠢᠯᠠᠵᠣ ᠯᠠ ᠰᠠᠨᠠᠭ᠍ᠳᠠᠭᠠ ᠪᠠᠢᠬᠤ ᠳ᠋ᠠ
ᠰᠠᠢᠬᠠᠨ ᠠᠪᠤ᠎ᠶ᠋ᠢᠨ ᠪᠣᠳᠣᠯ᠎ᠢ ᠰᠠᠯᠬᠢ ᠨᠠᠳᠠ ᠲᠡᠭᠡᠷ᠎ᠠ ᠬᠦᠪᠦᠷᠢᠳᠦᠭᠡᠳ
ᠱᠢᠪᠠᠭᠤᠨ ᠳᠠᠯᠠᠪᠴᠢ ᠱᠢᠭ᠋ ᠮᠦᠷᠦᠭᠡᠳᠦᠯ᠎ᠢ
ᠱᠢᠭᠤᠢ᠎ᠶ᠋ᠢᠨ ᠵᠠᠬ᠎ᠠ᠎ᠶ᠋ᠢᠨ ᠬᠠᠪᠤᠷᠵᠢᠶᠠᠨ᠎ᠳᠤ ᠱᠤᠤᠭᠢᠭᠤᠯᠤᠨ ᠬᠦᠷᠭᠡᠬᠦ᠌ ᠯᠠ ᠪᠠᠢᠬᠤ ᠳ᠋ᠠ
ᠰᠡᠩᠭᠢᠨᠡᠬᠦ᠌ ᠬᠦᠩᠭᠡᠨ ᠡᠭᠡᠱᠢᠭ ᠱᠢᠷᠢᠩᠬᠢᠶ᠋ᠢᠨ ᠵᠦᠯᠭᠡ ᠬᠤᠭᠤᠷᠳᠠᠬᠤ᠎ᠳᠤ
ᠰᠡᠷᠢᠭᠦᠨ ᠰᠡᠯᠡᠩᠭᠡ᠎ᠶ᠋ᠢᠨ ᠲᠡᠨᠵᠢ
ᠰᠠᠭᠠᠮᠠᠱᠢᠭ᠍ᠰᠠᠨ ᠦᠨᠢᠶᠡᠳ᠎ᠤᠨ ᠮᠦᠭᠡᠷᠡᠯᠲᠡᠪᠠᠷ
ᠱᠢᠩᠭᠡᠬᠦ᠌ ᠨᠠᠷᠠ᠎ᠪᠠᠨ ᠣᠶᠠᠨ᠂ ᠰᠣᠯᠣᠩᠭ᠎ᠠ ᠱᠢᠭ᠋ ᠲᠤᠶᠠᠭᠠᠷᠠᠵᠤ ᠪᠠᠢᠭ᠎ᠠ ᠪᠠᠢᠬᠤ ᠳ᠋ᠠ
ᠰᠠᠭᠠᠯᠢᠴᠢᠨ ᠡᠵᠢ᠎ᠶ᠋ᠢᠨ ᠬᠤᠰᠤᠨ ᠮᠤᠳᠤᠨ᠎ᠤ ᠬᠦᠨᠦᠭ᠎ᠲᠤ
ᠰᠡᠷᠭᠦᠯᠡᠩ ᠰᠡᠷᠭᠦᠯᠡᠩ ᠪᠦᠷᠦᠢ ᠨᠠᠳᠠ᠎ᠲᠠᠢ ᠬᠤᠤᠰᠯᠠᠵᠤ ᠪᠠᠭᠤᠭᠠᠳ
ᠰᠣᠷ᠎ᠲᠠᠢ ᠲᠠᠲᠠᠭᠠᠷᠢᠶ᠋ᠢᠨᠢ ᠰᠤᠯᠠᠯᠠᠵᠤ
ᠰᠦ᠎ᠲᠠᠢ ᠰᠠᠭᠤᠯᠠᠭᠠᠶ᠋ᠢᠨᠢ ᠲᠠᠮᠵᠢᠯᠠᠨ ᠬᠠᠮᠵᠢᠵᠤ ᠯᠠ ᠪᠤᠳᠤᠭ᠍ᠳᠠᠭᠠ ᠪᠠᠢᠬᠤ ᠳ᠋ᠠ
ᠰᠠᠨᠠᠭᠠᠨ᠎ᠤ ᠴᠠᠭᠠᠨ ᠰᠠᠯᠬᠢ᠎ᠶ᠋ᠢ ᠪᠣᠳᠣᠯ ᠨᠠᠳᠠ ᠳᠡᠭᠡᠷ᠎ᠡ ᠬᠦᠪᠦᠷᠢᠳᠦᠭᠡᠳ
ᠰᠤᠷᠭᠤᠭ ᠴᠡᠴᠡᠭ ᠱᠢᠭ ᠬᠦᠰᠡᠯ᠎ᠢ
ᠱᠢᠷᠢᠩᠬᠢᠶ᠋ᠢᠨ ᠴᠠᠭᠠᠨᠠᠬᠢ ᠬᠠᠪᠤᠷᠵᠢᠶᠠᠨ᠎ᠳᠤ ᠱᠠᠬ᠍ᠰᠢᠭᠤᠯᠤᠨ ᠲᠡᠯᠭᠡᠷᠡᠭᠦᠯᠬᠦ᠌ ᠯᠠ ᠪᠠᠢᠬᠤ ᠳ᠋ᠠ
ᠰᠡᠷᠴᠢᠭᠢᠨᠡᠬᠦ᠌ ᠵᠦᠭᠡᠯᠡᠨ ᠠᠪᠢᠶ᠎ᠠ ᠰᠤᠯᠢ᠎ᠶ᠋ᠢᠨ ᠲᠣᠯᠣᠭᠠᠢ ᠬᠦᠭ᠌ᠵᠢᠮᠳᠡᠬᠦ᠌ᠳᠤ
ᠱᠠᠩᠬᠤᠲᠠᠢ ᠭᠤᠪᠢ᠎ᠶ᠋ᠢᠨ ᠪᠦᠷᠢᠲᠦᠨ
ᠱᠢᠪᠡᠷᠡᠬᠦ᠌ ᠪᠣᠷᠣᠭᠠᠨ᠎ᠤ ᠰᠣᠷᠠᠭ᠎ᠢᠶᠠᠷ
ᠱᠢᠳᠢ᠎ᠲᠠᠢ ᠵᠡᠷᠭᠡᠯᠭᠡᠨ᠎ᠢᠶᠠᠨ ᠲᠣᠭ᠍ᠯᠠᠭᠤᠯᠣᠨ᠂ ᠱ᠌ᠢᠷᠦ᠍ ᠱᠢᠭ ᠤᠯᠠᠭᠠᠷᠠᠵᠤ ᠪᠠᠢᠭ᠎ᠠ ᠪᠠᠢᠬᠤ ᠳ᠋ᠠ
ᠰᠠᠢᠬᠠᠨ ᠰᠦᠩᠵᠢᠳᠮ᠎ᠠ᠎ᠶ᠋ᠢᠨ ᠠᠯᠠᠭ ᠨᠢᠳᠤᠨ᠎ᠤ ᠰᠣᠷᠮᠣᠣᠰᠣᠨ᠎ᠳᠤ
ᠰᠠᠷᠭᠠᠢ ᠰᠠᠷᠭᠠᠢ ᠬᠠᠢᠷ᠎ᠠ ᠨᠠᠳᠠ᠎ᠲᠠᠢ ᠬᠠᠨᠢᠰᠠᠵᠦ ᠦᠨᠵᠢᠭᠡᠳ
ᠱᠢᠩᠬᠤᠲᠠᠢ ᠣᠷᠣᠭᠤᠯᠢᠨᠢ ᠦᠨᠦᠰᠴᠦ᠍
ᠰᠦᠷᠴᠢᠭ᠎ᠲᠠᠢ ᠰᠡᠪᠡᠯᠭᠡᠶ᠋ᠢᠨᠢ ᠢᠯᠪᠢᠨ ᠡᠩᠬᠦᠷᠡᠢᠯᠡᠵᠦ᠍ ᠯᠠ ᠰᠣᠭ᠍ᠲᠤᠭᠠ ᠪᠠᠢᠬᠤ ᠳ᠋ᠠ
ᠰᠠᠷᠠᠨ᠎ᠤ ᠬᠠᠯᠠᠭᠤᠬᠠᠨ ᠵᠡᠭᠦᠳᠦ᠍᠎ᠶ᠋ᠢ ᠰᠠᠯᠬᠢ ᠨᠠᠳᠠ ᠳᠡᠭᠡᠷ᠎ᠡ ᠬᠦᠪᠦᠷᠢᠳᠦᠭᠡᠳ
ᠱᠢᠬᠢᠷ ᠵᠢᠮᠢᠰ ᠱᠢᠭ ᠪᠣᠳᠣᠯ᠎ᠢ
ᠱᠠᠩᠳᠠ᠎ᠶ᠋ᠢᠨ ᠨᠠᠭᠠᠨᠠᠬᠢ ᠬᠠᠪᠤᠷᠵᠢᠶᠠᠨ᠎ᠳᠤ ᠱᠢᠪᠡᠨᠡᠨ ᠲᠣᠭᠤᠯᠭᠠᠬᠤ ᠯᠠ ᠪᠠᠢᠬᠤ ᠳ᠋ᠠ
ᠰᠡᠩᠭᠢᠨᠡᠬᠦ᠌ ᠰᠡᠷᠴᠢᠭᠢᠨᠡᠬᠦ᠌ᠶ᠋ᠢᠨ ᠠᠶᠠᠰ᠎ᠢ ᠡᠪᠡᠰᠦᠨ᠎ᠠᠴᠠ ᠰᠠᠯᠭᠠᠬᠤ ᠦᠭᠡᠢ ᠬᠦᠪᠦᠷᠢᠳᠦᠭᠡᠳ
ᠰᠦ᠂ ᠨᠣᠭᠤᠭᠠᠨ᠎ᠤ ᠬᠠᠪᠤᠷᠵᠢᠶᠠᠨ᠎ᠳᠤ
ᠨᠠᠷᠠᠨ ᠲᠣᠭᠤᠷᠣᠣ᠎ᠶ᠋ᠢᠨ ᠪᠦᠵᠢᠭ᠎ᠢ ᠴᠡᠩᠬᠡᠯ᠎ᠤᠨ ᠮᠡᠯᠮᠡᠢ᠎ᠳᠤ ᠡᠷᠭᠦᠬᠦ᠌ ᠰᠠᠨ
ᠰᠠᠨᠠᠬᠤ ᠪᠣᠳᠣᠬᠤ᠎ᠶ᠋ᠢᠨ ᠭᠦᠨᠵᠡᠭᠡᠢ᠎ᠶ᠋ᠢ ᠴᠡᠭᠡᠵᠢᠨᠠᠴᠠᠪᠠᠨ ᠭᠠᠷᠭᠠᠬᠤ ᠦᠭᠡᠢ ᠬᠦᠪᠦᠷᠢᠳᠦᠭᠡᠳ
ᠰᠠᠢᠬᠠᠨ ᠪᠦᠬᠦᠨ᠎ᠤ ᠳᠡᠷᠭᠡᠲᠡ
ᠵᠠᠶᠠᠭ᠎ᠠ ᠵᠦᠪ᠎ᠤᠨ ᠣᠷᠴᠢᠯᠠᠩ᠎ᠢ ᠬᠠᠢᠷ᠎ᠠ᠎ᠶ᠋ᠢᠨ ᠳᠠᠭᠤᠣ᠎ᠪᠠᠷ ᠵᠢᠷᠭᠠᠭᠠᠬᠤ ᠰᠠᠨ ᠁